ᠮᠢᠨᠤ ᠨᠤᠳᠤᠭ ᠬᠡᠰᠢᠭᠳᠡᠨ
ᠨᠡᠶᠢᠲᠡᠯᠡᠭᠰᠡᠨ ᠴᠠᠭ᠄
2020-07-30
ᠬᠢᠰᠬᠢᠨ᠎ᠡ ᠬᠡᠬᠦ ᠳᠤ ᠵᠠᠢ ᠤᠯᠳᠠᠬᠤ ᠦᠬᠡᠢ ᠬᠡᠮᠡᠷᠯᠢᠭ ᠬᠡᠮᠵᠢᠨ᠎ᠡ ᠬᠡᠬᠦ ᠳᠤ ᠤᠷᠬᠢᠯ ᠨᠢ ᠬᠠᠷᠠᠭᠳᠠᠬᠤ ᠦᠬᠡᠢ ᠦᠨᠲᠦᠷᠯᠢᠭ ᠬᠡᠰᠡᠭᠯᠡᠨ᠎ᠡ ᠬᠡᠬᠦ ᠳᠤ ᠪᠤᠷᠬᠠᠨ ᠨᠢ ᠵᠦᠪᠰᠢᠶᠡᠷᠡᠬᠦ ᠦᠬᠡᠢ ᠲᠡᠭᠷᠢᠯᠢᠭ ᠬᠡᠮᠡᠯᠢᠨ᠎ᠡ ᠬᠡᠬᠦ ᠳᠤ ᠪᠤᠶᠠᠨ ᠨᠢ ᠲᠠᠭᠠᠭᠠᠬᠤ ᠦᠬᠡᠢ ᠬᠡᠶᠢᠮᠦᠷᠢᠯᠢᠭ᠃ ᠲᠡᠪᠡᠨᠡᠨ ᠴᠢᠨᠡᠬᠡᠨ ᠮᠦᠬᠦᠯᠢᠭ ᠰᠢᠷᠤᠢ ᠨᠢ ᠴᠤ ᠲᠡᠭᠷᠢ ᠶᠢᠨ ᠴᠢᠨᠡᠬᠡᠨ ᠠᠮᠢᠨ ᠰᠢᠲᠦᠬᠡᠨ ᠦᠨᠳᠡᠬᠡᠨ ᠴᠢᠨᠡᠬᠡᠨ ᠪᠦᠮᠪᠦᠬᠡᠷ ᠴᠢᠯᠠᠭᠤᠳ ᠨᠢ ᠦᠬᠡᠳᠡᠰᠦᠨ ᠴᠢᠨᠡᠬᠡᠨ ᠨᠠᠮ᠎ᠠ ᠶᠢ ᠢᠷᠯᠡᠬᠦ ᠪᠢᠯᠡᠬᠦᠦ᠃ ᠠᠩᠬᠢᠷ ᠲᠠᠭᠤᠯᠠᠳᠠᠭ ᠰᠠᠶᠢᠬᠠᠨ ᠨᠠᠭᠤᠷ ᠨᠢ ᠲᠡᠭᠷᠢ ᠪᠠᠨ ᠲᠤᠯᠢᠳᠠᠭᠰᠠᠨ ᠮᠡᠯᠳᠡᠶᠢᠭᠰᠡᠨ ᠨᠢᠲᠦ — ᠮᠢᠨᠤ ᠴᠡᠩᠬᠡᠷᠬᠡᠨ ᠬᠡᠰᠢᠭᠳᠡᠨ ᠲᠡᠭᠷᠢ ᠪᠠᠨ ᠲᠤᠯᠢᠳᠠᠭᠰᠠᠨ ᠰᠠᠶᠢᠬᠠᠨ ᠨᠠᠭᠤᠷ ᠨᠢ ᠠᠩᠬᠢᠷ ᠢᠶᠠᠨ ᠲᠠᠭᠤᠯᠠᠭᠰᠠᠨ ᠮᠡᠯᠮᠡᠷᠡᠭᠰᠡᠨ ᠰᠦ — ᠮᠢᠨᠤ ᠠᠩᠬᠢᠷᠬᠠᠨ ᠬᠡᠰᠢᠭᠳᠡᠨ ᠠᠬᠢ ᠶᠢᠨ ᠦᠨᠦᠷ ᠪᠠᠯᠠᠷᠠᠮ᠎ᠠ ᠦᠬᠡᠢ ᠴᠡᠴᠡᠬᠡᠰ ᠵᠤᠯᠠᠭᠰᠠᠨ ᠲᠠᠯ᠎ᠠ — ᠮᠢᠨᠤ ᠠᠩᠬᠢᠯᠤᠮ᠎ᠠ ᠬᠡᠰᠢᠭᠳᠡᠨ ᠲᠠᠬᠢ ᠶᠢᠨ ᠰᠤᠨᠤᠷ ᠦᠷᠬᠦᠮ᠎ᠡ ᠦᠬᠡᠢ ᠴᠤᠤᠷᠢᠶ᠎ᠠ ᠲᠡᠯᠬᠡᠭᠰᠡᠨ ᠭᠤᠪᠢ — ᠮᠢᠨᠤ ᠬᠠᠨᠭ᠍ᠬᠢᠨᠠᠮ᠎ᠠ ᠬᠡᠰᠢᠭᠳᠡᠨ ᠰᠠᠨᠠᠬᠤ ᠶᠢᠨ ᠰᠡᠳᠬᠢᠯ ᠬᠠᠨᠭ᠍ᠬᠤ ᠶᠢᠨ ᠦᠵᠦᠬᠦᠷ ᠦᠬᠡᠢ ᠬᠦᠳᠡᠭᠡ ᠠᠶᠢᠯ ᠤᠨ ᠪᠠᠷ᠎ᠠ — ᠮᠢᠨᠤ ᠬᠤᠷᠭᠤᠳᠤᠯ ᠤᠨ ᠬᠤᠷᠭᠤᠳᠤᠯ ᠴᠡᠮᠴᠡᠬᠡᠷ ᠬᠡᠰᠢᠭᠳᠡᠨ ᠰᠢᠪᠠᠭᠤᠳ ᠤᠨ ᠨᠡᠬᠦᠳᠡᠯ ᠪᠠᠭᠤᠳᠠᠯᠯᠠᠬᠤ ᠶᠢᠨ ᠬᠢᠵᠠᠭᠠᠷ ᠦᠬᠡᠢ ᠬᠦᠬᠡ ᠲᠡᠭᠷᠢ ᠶᠢᠨ ᠬᠠᠶᠠᠭ᠎ᠠ — ᠮᠢᠨᠤ ᠬᠤᠯᠠ ᠶᠢᠨ ᠬᠤᠯᠠ ᠴᠡᠩᠬᠡᠷ ᠬᠡᠰᠢᠭᠳᠡᠨ ᠠᠭᠤᠯᠠ ᠪᠠᠨ ᠬᠡᠬᠦ ᠳᠤ ᠪᠡᠶ᠎ᠡ  ᠲᠤᠮᠤᠷᠠᠭᠠᠳ ᠪᠠᠶᠢᠨ᠎ᠠ ᠠᠪᠤ ᠶᠢᠨ ᠪᠠᠷ᠎ᠠ ᠲᠤᠳᠤᠷᠠᠭᠠᠳ ᠪᠠᠶᠢᠨ᠎ᠠ ᠲᠦᠷᠦᠬᠡ ᠪᠠᠨ ᠮᠤᠯᠳᠤᠯᠠᠵᠦ ᠪᠢ ᠠᠳᠡ ᠤᠳᠠᠭᠠᠨ ᠠᠮᠠᠷᠠᠮᠠᠷ ᠪᠠᠶᠢᠨ᠎ᠠ︕ ᠤᠰᠤ ᠪᠠᠨ ᠬᠡᠬᠦ ᠳᠤ ᠰᠡᠳᠬᠢᠯ ᠠᠷᠢᠭᠤᠰᠠᠭᠠᠳ ᠪᠠᠶᠢᠨ᠎ᠠ ᠡᠵᠢ ᠶᠢᠨ ᠴᠠᠢ ᠠᠮᠳᠠᠯᠠᠭᠳᠠᠭᠠᠳ ᠪᠠᠶᠢᠨ᠎ᠠ ᠦᠷᠦᠬᠡ ᠪᠠᠨ ᠪᠤᠰᠬᠠᠵᠦ ᠪᠢ ᠠᠳᠡᠨ ᠤᠳᠠᠭᠠᠨ ᠰᠠᠭᠤᠮᠠᠷ ᠪᠠᠶᠢᠨ᠎ᠠ︕              ᠬᠦᠡᠭᠬᠡᠷ ᠤᠨ ᠲᠠᠯ᠎ᠠ ᠤᠨᠤᠭᠰᠠᠨ ᠮᠤᠷᠢᠨ ᠤ ᠮᠢᠨᠢ ᠰᠤᠨᠤᠭᠰᠠᠨ ᠬᠦᠶᠦᠳᠡᠯ ᠤᠨᠳᠤᠷᠠᠭᠰᠠᠨ ᠤᠰᠤᠨ ᠤ ᠮᠢᠨᠢ ᠬᠦᠪᠦᠭᠰᠡᠨ ᠵᠡᠷᠬᠡᠯᠬᠡᠨ᠃ ᠨᠠᠮᠢᠷᠠᠭᠰᠠᠨ ᠪᠤᠷᠤᠭᠠᠨ ᠢᠶᠠᠨ ᠬᠦᠰᠡᠭᠰᠡᠨ ᠴᠢᠷᠠᠢ ᠵᠡᠯᠡᠯᠡᠭᠰᠡᠨ ᠰᠢᠪᠠᠭᠤᠳ ᠢᠶᠠᠨ ᠦᠳᠡᠭᠰᠡᠨ ᠨᠢᠯᠪᠤᠰᠤ᠃ ᠡᠷᠮᠡᠬᠡᠢ ᠴᠠᠭ ᠤᠨ ᠤᠤᠬᠠᠢ ᠰᠢᠩᠬᠡᠭᠰᠡᠨ ᠡᠩᠬᠡᠷ ᠪᠦᠲᠦᠨ — ᠬᠦᠨ ᠡᠩᠬᠡᠷ ᠲᠦᠷᠢᠮᠡᠬᠡᠢ ᠴᠠᠭ ᠤᠨ ᠮᠠᠭᠤᠬᠠᠢ ᠪᠤᠵᠢᠬᠢᠨᠡᠭᠰᠠᠨ ᠡᠩᠬᠡᠷ ᠵᠠᠳᠠᠭᠠᠢ — ᠬᠦᠨ ᠡᠩᠬᠡᠷ᠃ ᠵᠤᠬᠢᠶᠠᠭᠴᠢ — ᠬᠡᠰᠢᠭᠳᠡᠨ ᠬᠤᠰᠢᠭᠤᠨ ᠤ ᠪᠢᠷᠠᠭᠤ ᠶᠢᠨ ᠮᠤᠩᠭᠤᠯ ᠦᠨᠲᠦᠰᠦᠳᠡᠨ ᠤ               ᠪᠠᠭ᠎ᠠ ᠰᠤᠷᠭᠠᠭᠤᠯᠢ ᠶᠢᠨ ᠤᠳᠬᠤᠨᠪᠠᠭᠠᠳᠤᠷ᠃ ᠤᠳᠠᠰᠤ —15047655292
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号