ᠵᠢᠷᠤᠭ ︵ ᠯᠢᠨᠳᠥ᠋ᠩ ᠤᠨ ᠮᠤᠩᠭᠤᠯ ᠥᠨᠳᠥᠰᠥᠳᠡᠨ ᠤ ᠪᠠᠭ᠎ᠠ ᠰᠤᠷᠭᠠᠭᠤᠯᠢ︶ | ᠰᠤᠯᠤᠩᠭᠠᠨ ᠬᠡ ᠲᠠᠢ ᠰᠤᠣᠳᠤ ᠨᠤᠳᠤᠭ — ᠴᠠᠭᠠᠨᠬᠠᠳᠠ ᠮᠢᠨᠢ | ᠨᠤᠭᠤᠨ ᠦᠷ᠎ᠡ ᠶᠢᠨ ᠢᠶᠠᠨ ᠨᠡᠷ᠎ᠡ ᠪᠠᠷ ᠲᠠᠭᠤᠷᠢᠰᠴᠤ | ᠨᠤᠳᠤᠭ ᠤᠨ ᠠᠯᠳᠠᠷ ᠰᠤᠯᠤᠩᠭᠠᠨ ᠬᠡ ᠲᠠᠢ᠂ | ᠨᠠᠶᠢᠷᠠᠭ ᠰᠢᠯᠦᠭ ᠢᠶᠠᠷ ᠤᠶᠠᠩᠭᠠᠷᠠᠨ ᠴᠤᠣᠷᠢᠶᠠᠳᠤᠵᠤ | ᠨᠤᠳᠤᠭ ᠤᠨ ᠲᠠᠭᠤᠣ ᠰᠤᠯᠤᠩᠭᠠᠨ ᠡᠭᠡᠰᠢᠭ ᠲᠠᠢ᠃ | ᠠᠯᠤᠰ ᠲᠤ ᠶᠠᠪᠤᠭᠰᠠᠨ ᠦᠷ᠎ᠡ ᠶᠢᠨ ᠢᠶᠠᠨ ᠰᠡᠳᠬᠢᠯ ᠳᠤ | ᠨᠤᠳᠤᠭ ᠤᠨ ᠮᠦᠷᠦᠭᠡᠳᠦᠯ ᠰᠤᠯᠤᠩᠭᠠᠨ ᠦᠩᠭᠡ ᠲᠠᠢ᠂ | ᠠᠰᠢᠳᠠ ᠶᠢᠨ ᠰᠠᠶᠢᠬᠠᠨ ᠬᠦᠰᠡᠯ ᠲᠡᠮᠡᠥᠯᠡᠯ ᠳᠤ ᠮᠢᠨᠢ | ᠨᠤᠳᠤᠭ ᠤᠨ ᠥᠩᠭᠡ ᠰᠤᠯᠤᠩᠭᠠᠨ ᠵᠡᠷᠭᠡᠯᠡᠭᠡ ᠲᠠᠢ᠃ | ᠰᠠᠶᠢᠬᠠᠨ ᠨᠤᠳᠤᠭ ᠤᠨ ᠮᠢᠨᠢ ᠠᠯᠳᠠᠷ | ᠰᠠᠨᠠᠭᠠᠨ ᠳᠤ ᠲᠤᠷᠭᠠᠨ ᠠᠶᠠᠯᠭᠤ ᠲᠠᠢ ᠰᠠᠭᠠᠳᠠᠬᠤ ᠳᠤ | ᠰᠠᠷᠠᠭᠤᠯ ᠮᠤᠩᠭᠤᠯ ᠤᠬᠠᠭᠠᠨ ᠢᠶᠠᠷ ᠢᠶᠠᠨ | ᠰᠡᠳᠬᠢᠯ ᠪᠠᠶᠠᠨ ᠵᠢᠷᠭᠠᠵᠤ ᠴᠢᠳᠠᠳᠠᠭ ᠡ᠂ ᠪᠢ᠃ | ᠨᠠᠷᠠᠯᠠᠭ ᠬᠤᠷᠸ᠎ᠠ ᠶᠢᠨ ᠰᠠᠶᠢᠬᠠᠨ ᠪᠦᠬᠦᠨ ᠢ | ᠨᠤᠳᠤᠭ ᠤᠨ ᠢᠶᠠᠨ ᠰᠠᠯᠬᠢ ᠠᠴᠠ ᠦᠨᠦᠷᠯᠡᠨ ᠪᠠᠶᠢᠵᠤ ᠮᠡᠳᠡᠷᠡᠳᠡᠭ ᠡ᠂ | ᠨᠠᠰᠤᠵᠢᠨ ᠲᠤᠭᠳᠠᠬᠤ ᠶᠢᠨ ᠨᠠᠮᠪᠠᠭ᠎ᠠ ᠤᠬᠠᠭᠠᠨ ᠢ | ᠨᠤᠳᠤᠭ ᠤᠨ ᠢᠶᠠᠨ ᠴᠢᠯᠠᠭᠤᠨ ᠳᠤ ᠪᠦᠳᠦᠴᠢᠨ ᠪᠠᠶᠢᠵᠤ ᠰᠤᠷᠳᠠᠭ ᠡ᠃ | ᠮᠠᠭᠠᠳ ᠡᠷᠳᠡᠨ ᠤ ᠲᠡᠥᠬᠡ ᠶᠢ ᠨᠢᠭᠤᠴᠠ ᠲᠠᠢ ᠬᠡᠮᠡᠨ | ᠪᠤᠭᠤᠷᠤᠯ ᠱᠠᠩᠱᠢ ᠳᠤ ᠨᠢ ᠨᠠᠮᠠᠨᠴᠢᠯᠠᠨ ᠪᠠᠶᠢᠵᠤ ᠰᠦᠭᠦᠳᠳᠡᠭ ᠡ᠂ | ᠮᠠᠨᠠᠭ᠎ᠠ ᠲᠤᠮᠤᠭᠯᠠᠭᠤᠯᠤᠭᠰᠠᠨ ᠠᠳᠤᠭᠤᠨ ᠰᠦᠷᠦᠭ ᠢ ᠨᠢ ᠦᠭᠡᠶᠢᠯᠡᠵᠤ | ᠪᠤᠷᠤ ᠲᠤᠯᠤᠭᠠᠳ ᠤᠨ ᠡᠩᠭᠡᠷ ᠤᠨ ᠵᠡᠷᠭᠡᠯᠭᠡᠨ ᠢᠶᠠᠷ | ᠲᠦᠰᠦᠭᠡᠯᠡᠨ ᠪᠠᠶᠢᠵᠤ ᠦᠨᠡᠮᠰᠢᠳᠡᠭ ᠡ᠃ | ᠪᠤᠴᠠᠰᠢ ᠦᠭᠡᠢ ᠲᠡᠥᠬᠡ ᠶᠢᠨ ᠤᠨ ᠵᠢᠯ ᠢ ᠬᠠᠭᠤᠴᠢᠯᠠᠵᠤ | ︽ᠪᠠᠶᠠᠨ ᠤ ᠨᠤᠳᠤᠭ︾ ᠢ ᠵᠤᠰᠠᠭᠠᠯ ᠤᠨ ᠪᠠᠭᠤᠴᠠ ᠪᠠᠷ ᠪᠠᠭ᠋ᠠᠷᠬᠠᠵᠤ᠂ | ᠪᠠᠷᠠᠭᠳᠠᠰᠢ ᠦᠭᠡᠢ ᠶᠡᠭᠡ ᠬᠠᠶᠢᠷ᠎ᠠ ᠪᠠᠨ ᠲᠡᠭᠡᠵᠢᠯᠡᠵᠤ | ᠪᠠᠶᠢᠭᠠᠯᠢ ᠡᠬᠡ ᠶᠢᠨ ᠨᠠᠨᠳᠢᠨ ᠪᠡᠯᠡᠭ ᠬᠡᠮᠡᠨ | ᠡᠬᠡ ᠨᠤᠳᠤᠭ ᠢᠶᠠᠨ ᠪᠢ ᠬᠢᠵᠠᠭᠠᠯᠠᠰᠢ ᠦᠭᠡᠢ ᠬᠠᠶᠢᠷᠠᠯᠠᠳᠠᠭ ᠡ᠃ | | ᠠᠯᠤᠰ ᠤᠨ ᠠᠯᠤᠰ ᠲᠤ ᠡᠷᠭᠢᠰᠢ ᠦᠭᠡᠢ ᠶᠠᠪᠤᠭᠰᠠᠨ | ᠠᠷᠢᠭᠤᠨ ᠰᠡᠳᠬᠢᠯᠳᠤ ᠠᠪᠤ ᠪᠠᠨ ᠰᠠᠨᠠᠬᠤ ᠪᠠᠷ | ᠠᠮᠤᠭᠤᠯᠠᠩ ᠰᠡᠬᠦᠶᠢᠭᠰᠡᠨ ᠨᠤᠳᠤᠭ ᠤᠨ ᠮᠢᠨᠢ ᠬᠠᠶᠢᠷᠬᠠᠳ | ᠰᠦᠷ ᠢᠶᠠᠷ ᠢᠶᠠᠨ ᠨᠦᠮᠦᠷᠢᠯᠡᠵᠤ ᠰᠡᠳᠬᠢᠯ ᠲᠤᠯᠠᠭᠠᠯᠠᠭᠰᠠᠨ ᠡ᠂ | ᠠᠴᠢᠳᠠᠢ ᠪᠤᠭᠤᠷᠤᠯ ᠡᠵᠢ ᠶᠢᠨ ᠮᠢᠨᠢ ᠢᠷᠦᠭᠡᠯ ᠢ | ᠤᠷᠤᠰᠬᠠᠯ ᠳᠤ ᠪᠠᠨ ᠰᠢᠩᠭᠡᠭᠡᠭᠰᠡᠨ ᠨᠤᠳᠤᠭ ᠤᠨ ᠮᠢᠨᠢ ᠭᠤᠷᠤᠬ᠎ᠠ | ᠠᠶᠠᠯᠠᠭᠤᠯᠤᠩᠬᠠᠨ ᠮᠢᠷᠠᠯᠵᠠᠵᠤ ᠠᠯᠤᠰ ᠢ ᠵᠤᠷᠢᠬᠤ ᠳᠤ | ᠢᠳᠡᠭᠡᠯ ᠢᠶᠠᠷ ᠪᠢᠯᠬᠠᠵᠤ ᠰᠡᠳᠬᠢᠯ ᠮᠢᠨᠢ ᠪᠠᠶᠠᠷᠬᠠᠭᠰᠠ ᠡ᠃ | ᠠᠵᠠ ᠦᠭᠡᠶᠢᠳᠡᠬᠦ ᠳᠤ ᠪᠠᠨ ᠨᠢᠭᠤᠵᠤ ᠤᠨᠠᠭᠠᠭᠰᠠᠨ ᠨᠢᠯᠪᠤᠰᠤ ᠶᠢ ᠮᠢᠨᠢ ᠬᠦᠷᠳᠡᠯ᠎ᠡ | ᠨᠤᠳᠤᠭ ᠤᠨ ᠮᠢᠨᠢ ᠡᠯᠡᠰᠦ ᠡᠯᠢᠭᠡᠨ ᠳᠤ ᠪᠠᠨ ᠰᠢᠩᠭᠡᠭᠡᠵᠤ ᠲᠠᠶᠢᠳᠬᠤᠷᠠᠭᠤᠯᠵᠤ ᠪᠠᠶᠢᠭᠰᠠᠨ᠂ | ᠤᠮᠤᠭᠯᠠᠩ ᠶᠠᠪᠤᠳᠠᠭ ᠵᠠᠯᠠᠭᠤ ᠨᠠᠰᠤ ᠶᠢ ᠮᠢᠨᠢ ᠬᠦᠷᠳᠡᠯ᠎ᠡ | ᠨᠤᠳᠤᠭ ᠤᠨ ᠮᠢᠨᠢ ᠨᠡᠷ᠎ᠡ ᠦᠩᠭᠡ ᠨᠡᠮᠡᠵᠤ ᠴᠢᠮᠡᠵᠤ ᠪᠠᠶᠢᠳᠠᠭ ᠶᠤᠮ ᠡ᠃ | ᠡᠨᠡ ᠰᠠᠶᠢᠬᠠᠨ ᠨᠤᠳᠤᠭ ᠤᠨ ᠢᠶᠠᠨ ᠦᠷ᠎ᠡ ᠨᠢ ᠶᠤᠮ ᠭᠡᠵᠤ | ᠦᠪᠡᠷ ᠢ ᠪᠠᠨ ᠪᠢ | ᠬᠠᠨ ᠬᠤᠷᠸ᠎ᠠ ᠳᠤ ᠠᠵᠠ ᠲᠠᠢ ᠬᠦᠮᠦᠨ ᠭᠡᠵᠤ ᠮᠡᠳᠡᠷᠡᠳᠡᠭ᠂ | ᠡᠨᠡ ᠰᠠᠶᠢᠬᠠᠨ ᠨᠤᠳᠤᠭ ᠤᠨ ᠢᠶᠠᠨ ᠡᠵᠡᠨ ᠨᠢ ᠶᠤᠮ ᠭᠡᠵᠤ | ᠦᠷ᠎ᠡ ᠳᠤ ᠪᠠᠨ ᠪᠢ | ᠬᠤᠯᠠᠴᠢ ᠤᠬᠠᠭᠠᠨ ᠤ ᠵᠦᠩ ᠮᠡᠳᠡᠷᠡᠭᠦᠯᠵᠤ ᠵᠢᠷᠭᠠᠳᠠᠭ ᠡ︕ | | 2018 . 1 . 20 | | |