ᠭᠤᠷᠪᠠᠨ ᠪᠤᠳᠢ ᠶᠢᠨ ᠠᠭᠤᠯᠠ
ᠨᠡᠶᠢᠲᠡᠯᠡᠭᠰᠡᠨ ᠴᠠᠭ᠄
2020-07-14
ᠬᠤᠤᠰᠪᠠᠶᠠᠷ           ᠭᠤᠷᠪᠠᠨ ᠪᠤᠳᠢ ᠶᠢᠨ ᠠᠭᠤᠯᠠ                       ᠬᠦᠭᠡ ᠮᠦᠩᠭᠡ ᠶᠢᠨ ᠳᠡᠭᠷᠢ ᠪᠠᠨ ᠪᠠᠭᠠᠨᠠᠳᠠᠵᠤ ᠤᠷᠭᠤᠭᠰᠠᠨ ᠠᠭᠤᠯᠠ ᠬᠦᠬᠡ ᠡᠪᠦᠭᠡᠳ ᠤᠨ ᠰᠢᠳᠦᠬᠡᠨ ᠢᠶᠠᠷ ᠲᠡᠭᠡᠳᠦᠯᠡᠵᠦ ᠲᠠᠬᠢᠭᠰᠠᠨ ᠠᠭᠤᠯᠠ ᠬᠦᠷᠦᠰᠦᠳᠦ ᠠᠯᠳᠠᠨ ᠳᠡᠯᠡᠬᠡᠢ ᠳᠤ ᠭᠤᠷᠪᠠᠨ ᠪᠤᠳᠢ ᠶᠢᠨ ᠠᠭᠤᠯᠠ ᠬᠦᠨᠳᠦᠬᠡᠨ ᠭᠤᠨᠢᠭ ᠢ ᠮᠢᠨᠢ ᠦᠷᠭᠦᠭᠡᠵᠦ ᠰᠡᠳᠬᠢᠯ ᠳᠤ ᠮᠦᠩᠭᠡᠷᠡᠬᠦ ᠠᠭᠤᠯᠠ ᠬᠠᠳᠠᠭ ᠤᠨ ᠴᠡᠩᠭᠡᠷ ᠤᠨᠢᠶᠠᠷ ᠲᠤᠮᠳᠠ ᠪᠠᠨ ᠦᠨᠳᠡᠯᠵᠡᠨ ᠪᠠᠶᠢᠳᠠᠭ ᠠᠭᠤᠯᠠ ᠬᠠᠨ ᠠᠭᠤᠯᠠ ᠶᠢᠨ ᠲᠦᠰᠢᠭ ᠲᠠᠢ ᠲᠡᠭᠡᠯᠵᠡᠵᠦ ᠪᠠᠶᠢᠳᠠᠭ ᠠᠭᠤᠯᠠ ᠭᠤᠷᠪᠠᠨ ᠪᠤᠳᠢ ᠶᠢᠨ ᠠᠭᠤᠯᠠ ᠮᠢᠨᠦ ᠨᠤᠳᠤᠭ ᠤᠨ ᠠᠭᠤᠯᠠ ᠭᠤᠷᠪᠠᠨ ᠲᠠᠪᠬᠤᠷ ᠴᠢᠳᠤᠷ ᠲᠠᠢ ᠴᠦ ᠲᠡᠮᠡᠤᠯᠡᠵᠦ ᠬᠦᠷᠳᠡᠭ ᠠᠭᠤᠯᠠ ᠳ᠋ᠠᠯᠠᠷ ᠤᠨ ᠭᠤᠤᠯ ᠤᠨ ᠤᠷᠤᠰᠬᠠᠯ ᠢᠶᠠᠷ ᠲᠠᠯ᠎ᠠ ᠪᠠᠨ ᠡᠮᠵᠢᠭᠰᠡᠨ ᠠᠭᠤᠯᠠ ᠳᠠᠭ᠎ᠠ ᠦᠷᠢᠶᠡᠨ ᠤ ᠰᠤᠷᠢᠭ᠎ᠠ ᠪᠠᠷ ᠬᠤᠷᠮᠤᠢ ᠪᠠᠨ ᠲᠡᠯᠡᠭᠰᠡᠨ ᠠᠭᠤᠯᠠ ᠬᠦᠷᠡᠩ ᠪᠦᠷᠭᠦᠳ ᠤᠨ ᠨᠢᠰᠤᠯᠳᠠ ᠪᠠᠷ ᠦᠨᠳᠦᠷ ᠪᠠᠨ ᠬᠡᠮᠵᠢᠭᠰᠡᠨ ᠠᠭᠤᠯᠠ ᠬᠦᠷᠴᠦ ᠤᠴᠢᠬᠤ ᠶᠢᠨ ᠴᠠᠭ ᠲᠤ ᠴᠢᠯᠠᠭᠤ ᠨᠢ ᠢᠨᠢᠶᠡᠳᠡᠭ ᠠᠭᠤᠯᠠ ᠭᠤᠷᠪᠠᠨ ᠪᠤᠳᠢ ᠶᠢᠨ ᠠᠭᠤᠯᠠ ᠮᠢᠨᠦ ᠨᠤᠳᠤᠭ ᠤᠨ ᠠᠭᠤᠯᠠ ᠭᠤᠨᠢᠵᠤ ᠤᠶᠢᠳᠬᠠᠷᠯᠠᠬᠤ ᠶᠢᠨ ᠤᠴᠢᠷ ᠦᠭᠡᠢ ᠰᠡᠳᠬᠢᠯ ᠤᠨ ᠪᠠᠶᠠᠨ ᠠᠭᠤᠯᠠ ᠪᠤᠭᠤ ᠬᠦᠷᠦᠭᠡᠰᠦ ᠤᠷᠤᠩᠨᠠᠭᠰᠠᠨ ᠪᠤᠳᠢ ᠶᠢᠨ ᠭᠤᠷᠪᠠᠨ ᠠᠭᠤᠯᠠ ᠮᠢᠨᠢ ᠪᠤᠳᠢ ᠰᠡᠳᠬᠢᠯ ᠤᠨ ᠠᠷᠢᠭᠤᠰᠬᠠᠯ ᠲᠠᠢ ᠢᠳᠡᠭᠡᠯ ᠤᠨ ᠪᠤᠭᠳᠠ ᠠᠭᠤᠯᠠ ᠮᠢᠨᠢ ᠦᠷᠢᠯ ᠮᠤᠶᠢᠯ ᠨᠢ ᠪᠤᠯᠪᠠᠰᠤᠷᠠᠭᠰᠠᠨ ᠵᠢᠮᠢᠰ ᠢᠶᠠᠷ ᠪᠠᠶᠠᠨ ᠠᠭᠤᠯᠠ ᠦᠷ᠎ᠡ ᠠᠴᠢ ᠨᠢ ᠠᠯᠤᠰ ᠲᠤ ᠮᠤᠷᠳᠠᠭᠰᠠᠨ ᠬᠦᠮᠦᠨ ᠢᠶᠠᠷ ᠪᠠᠶᠠᠨ ᠠᠭᠤᠯᠠ ᠡᠯᠢᠶ᠎ᠡ ᠬᠠᠷᠴᠠᠭᠠᠢ ᠡᠷᠬᠢᠯᠳᠦᠭᠰᠡᠨ ᠰᠢᠪᠠᠭᠤ ᠪᠠᠷ ᠪᠠᠶᠠᠨ ᠠᠭᠤᠯᠠ ᠡᠷᠳᠡᠮᠳᠦ ᠬᠦᠪᠡᠭᠦᠳ ᠨᠢ ᠰᠦᠬᠦᠷᠡᠭᠰᠡᠨ ᠨᠤᠮ ᠤᠨ ᠪᠠᠶᠠᠨ ᠠᠭᠤᠯᠠ ᠭᠤᠷᠪᠠᠨ ᠪᠤᠳᠢ ᠶᠢᠨ ᠠᠭᠤᠯᠠ ᠮᠢᠨᠦ ᠨᠤᠳᠤᠭ ᠤᠨ ᠠᠭᠤᠯᠠ᠃                                              2019.12.12                               ᠤᠯᠠᠭᠠᠨᠬᠠᠳᠠ ᠳᠠᠬᠢ ᠮᠤᠩᠭᠤᠯ ᠦᠨᠳᠦᠰᠦᠳᠡᠨ ᠤ                             ᠲᠤᠮᠳᠠᠳᠤ ᠰᠤᠷᠭᠠᠭᠤᠯᠢ ᠶᠢᠨ ᠡᠪᠯᠡᠯ ᠤᠨ ᠬᠤᠷᠢᠶ᠎ᠠ                             ᠬᠠᠷᠢᠯᠴᠠᠬᠤ ᠤᠳᠠᠰᠤ᠄ 15248035617
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号