ᠡᠵᠢ ᠮᠢᠨᠢ
ᠨᠡᠶᠢᠲᠡᠯᠡᠭᠰᠡᠨ ᠴᠠᠭ᠄
2020-07-14
ᠪᠣᠣ᠂ ᠰᠠᠷᠠᠩᠭᠤᠸ᠎ᠠ                ᠡᠵᠢ ᠮᠢᠨᠢ ᠡᠵᠢ ᠪᠠᠨ ᠪᠢ ᠰᠠᠨᠠᠯ᠎ᠠ        ᠡᠭᠡᠷ ᠲᠠᠲᠠᠨ ᠣᠭᠢᠯᠠᠮᠠᠷ ᠣᠭᠢᠯᠠᠮᠠᠷ ᠡᠨᠡᠷᠢᠯ ᠬᠠᠶᠢᠷ᠎ᠠ ᠶᠢ ᠨᠢ ᠰᠠᠨᠠᠬᠤ ᠳᠤ        ᠡᠨᠡ ᠲᠡᠯᠡᠭᠡᠢ ᠪᠠᠭᠠᠳᠠᠮᠠᠷ ᠪᠠᠭᠠᠳᠠᠮᠠᠷ ᠬᠠᠮᠢᠭ᠎ᠠ ᠪᠠᠶᠢᠬᠤ ᠪᠣᠢ ᠡᠵᠢ ᠡ        ᠬᠠᠶ᠋ᠢᠭ ᠢ ᠴᠢᠨᠢ ᠡᠷᠢᠵᠣ ᠬᠦᠶᠦᠮᠡᠷ ᠬᠦᠶᠦᠮᠡᠷ ᠬᠠᠨ ᠬᠤᠷᠸ᠎ᠠ ᠶᠢ ᠰᠣᠴᠢᠳᠠᠯ᠎ᠠ        ᠬᠤᠭᠤᠯᠠᠢ ᠶᠢᠨ ᠴᠢᠨᠡᠭᠡ ᠪᠠᠷ ᠬᠠᠰᠭᠢᠷᠣᠮᠠᠷ ᠬᠠᠰᠭᠢᠷᠣᠮᠠᠷ ᠡ ᠬᠠᠳᠠᠮ ᠤᠨ ᠭᠠᠵᠠᠷ ᠮᠣᠷᠳᠠᠬᠤ ᠳᠤ       ᠨᠢᠯᠪᠣᠰᠣ ᠪᠠᠨ ᠵᠦᠯᠭᠦᠵᠦ ᠬᠤᠴᠣᠷᠣᠭᠰᠠᠨ ᠡᠵᠢ ᠮᠢᠨᠢ ᠬᠠᠷᠢᠭᠠᠳ ᠲᠦᠷᠬᠦᠮᠯᠡᠭᠡᠳ ᠣᠴᠢᠬᠤ ᠳᠤ       ᠬᠤᠯᠠ ᠠᠴᠠ ᠲᠣᠰᠣᠨ ᠢᠨᠢᠶᠡᠳᠡᠭ ᠡᠵᠢ ᠮᠢᠨᠢ ᠬᠤᠷᠢᠶᠠᠨ ᠨᠦᠭᠡᠴᠡᠯᠡᠭᠰᠡᠨ ᠢᠳᠡᠭᠡᠨ ᠢᠶᠠᠨ        ᠴᠦᠮ ᠢ ᠭᠠᠷᠭᠠᠵᠣ ᠢᠳᠡᠬᠦᠯᠳᠡᠭ ᠡᠵᠢ ᠮᠢᠨᠢ ᠬᠦᠷᠰᠢ ᠰᠠᠬᠠᠭᠠᠯᠳᠠ ᠶᠢᠨ ᠬᠦᠮᠦᠰ ᠲᠤ        ᠶᠠᠷᠢᠭᠠᠳ  ᠶᠠᠷᠢᠭᠠᠳ ᠪᠠᠶᠠᠷᠯᠠᠳᠠᠭ ᠡᠵᠢ ᠮᠢᠨᠢ ᠦᠷᠦᠭᠡᠯ ᠤᠨ ᠬᠦᠮᠦᠰ ᠠᠴᠠ ᠪᠢ        ᠪᠠᠶᠠᠨ ᠲᠠᠩᠰᠤᠭ ᠢ ᠨᠢ ᠠᠳᠠᠭᠠᠷᠬᠠᠳᠠᠭ ᠦᠭᠡᠢ ᠦᠯ ᠪᠣᠭᠤᠷᠣᠯ ᠡᠵᠢ ᠲᠠᠢ ᠪᠠᠨ        ᠵᠣᠭᠤᠭᠳᠠᠨ ᠰᠠᠭᠤᠬᠤ ᠶᠢ ᠨᠢ ᠪᠠᠭ᠋ᠠᠷᠬᠠᠳᠠᠭ ᠡ ᠬᠠᠵᠠᠭᠤᠳᠠᠭᠢ ᠣᠯᠣᠰ ᠠᠴᠠ ᠪᠢ        ᠭᠠᠩᠭᠠᠩ ᠶᠠᠪᠣᠬᠤ ᠶᠢ ᠨᠢ ᠭᠠᠶᠢᠬᠠᠳᠠᠭ ᠦᠭᠡᠢ ᠬᠠᠶᠢᠷᠠᠳᠠᠢ ᠰᠠᠮᠠᠭᠠᠨ ᠡᠵᠢ ᠪᠠᠨ        ᠠᠴᠢᠯᠠᠨ ᠬᠦᠨᠳᠦᠯᠡᠬᠦ ᠶᠢ ᠨᠢ ᠱᠠᠭᠰᠢᠳᠠᠭ ᠡ︕ ᠦᠷ᠎ᠡ ᠪᠠᠨ ᠡᠩᠰᠡᠷᠡᠳᠡᠯ᠎ᠡ ᠪᠣᠳᠣᠬᠤ ᠳᠤ ᠪᠠᠨ        ᠲᠠᠨ ᠳᠠᠭᠠᠨ ᠡᠷᠬᠡᠯᠡᠭᠰᠡᠨ ᠢᠶᠠᠨ ᠰᠠᠨᠠᠳᠠᠭ ᠡ ᠡᠵᠢ ᠮᠢᠨᠢ ᠦᠷᠭᠡᠨ ᠡᠨᠡ ᠣᠷᠴᠢᠯᠠᠩ ᠳᠤ        ᠡᠵᠢ ᠶᠢᠨ ᠬᠠᠶᠢᠷ᠎ᠠ ᠠᠭᠤᠣ ᠶᠢ ᠢᠳᠡᠭᠡᠳᠡᠭ ᠡ ᠬᠤᠨᠢ ᠪᠠᠨ ᠬᠠᠷᠢᠭᠤᠯᠵᠣ ᠶᠠᠪᠣᠬᠤ ᠳᠤ ᠪᠠᠨ        ᠲᠠᠨ ᠢ ᠪᠠᠨ ᠮᠦᠷᠦᠭᠡᠳᠦᠨ ᠠᠶᠠᠯᠠᠭᠤᠯᠳᠠᠭ ᠡ ᠡᠵᠢ ᠮᠢᠨᠢ ᠬᠡᠴᠢᠨᠡᠨ ᠲᠠᠭᠤᠣ ᠶᠢᠨ ᠲᠣᠳᠣᠷ᠎ᠠ ᠠᠴᠠ          ︽ᠲᠡᠭᠷᠢ ᠡᠵᠢ ᠮᠢᠨᠢ ᠦᠷᠦᠰᠢᠶ᠎ᠡ︾ ᠯᠡ ᠰᠠᠶᠢᠬᠠᠨ ᠡ                 ᠬᠠᠷᠢᠯᠴᠠᠬᠤ ᠬᠠᠶ᠋ᠢᠭ᠄  ᠣᠯᠠᠭᠠᠨᠬᠠᠳᠠ ᠬᠤᠳᠠ᠂ ᠪᠠᠭᠠᠷᠢᠨ ᠪᠠᠷᠠᠭᠤᠨ ᠬᠤᠰᠢᠭᠤ᠂                                  ᠴᠠᠭᠠᠨᠮᠦ᠋ᠷᠡᠨ ᠪᠠᠯᠭᠠᠰᠣ ᠶᠢᠨ ᠰᠢᠪᠠᠷᠳᠠᠢ ᠭᠠᠴᠠᠭ᠎ᠠ                     ᠬᠠᠷᠢᠯᠴᠠᠬᠤ ᠣᠳᠠᠰᠣ᠄ 15104800315                
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号