ᠴᠤᠩᠬᠤ ᠪᠠᠨ ᠴᠤ ᠲᠦᠭᠵᠢᠭᠡᠳ ᠰᠠᠭᠤᠮᠠᠷ ᠪᠠᠶᠢᠨ᠎ᠠ
ᠨᠡᠶᠢᠲᠡᠯᠡᠭᠰᠡᠨ ᠴᠠᠭ᠄
2020-07-14
  ᠴᠤᠩᠬᠤ ᠪᠠᠨ ᠴᠤ ᠲᠦᠭᠵᠢᠭᠡᠳ ᠰᠠᠭᠤᠮᠠᠷ ᠪᠠᠶᠢᠨ᠎ᠠ                             ︵ᠬᠦᠳᠦᠯᠦᠭᠡ ᠨᠢᠭᠡ︶                                 ᠶ᠋᠊᠂ ᠬᠠᠶᠢᠷ᠎ᠠ                           ᠴᠣᠩᠬᠤᠨ ᠭᠠᠲᠠᠨ᠎ᠠ ᠰᠠᠯᠬᠢ ᠢᠷᠡᠭᠡᠳ ᠵᠤᠭᠰᠤᠵᠤ ᠪᠠᠶᠢᠨ᠎ᠠᠤᠷᠤᠵᠤ ᠢᠷᠡᠭᠡᠳ ᠬᠡᠵᠢᠭᠡᠨ ᠲᠡᠭᠡᠷ᠎ᠠ ᠮᠢᠨᠢ ᠦᠨᠦᠰᠦᠮᠡᠷ ᠪᠠᠶᠢᠨ᠎ᠠᠤᠶᠠᠬᠠᠨ ᠪᠤᠯᠪᠡᠷᠠᠢ ᠤᠷᠣᠭᠤᠯ ᠤᠨ ᠬᠢᠨᠢ ᠵᠦᠭᠡᠯᠡᠨ ᠳᠤᠤᠶᠠᠰᠴᠤ ᠤᠶᠠᠷᠠᠭᠠᠳ ᠬᠠᠶᠢᠯᠤᠴᠢᠬᠠᠬᠤ ᠠᠴᠠ ᠪᠠᠨ ᠠᠶᠤᠵᠤ ᠪᠠᠶᠢᠨ᠎ᠠᠴᠤᠩᠬᠤᠨ ᠭᠠᠳᠠᠨ᠎ᠠ ᠰᠠᠯᠬᠢ ᠢᠷᠡᠭᠡᠳ ᠲᠠᠯᠠᠯᠵᠤ ᠪᠠᠶᠢᠨ᠎ᠠ  ᠬᠠᠨᠠᠨ ᠳᠤ ᠡᠯᠭᠦᠭᠡᠳᠠᠢ ᠲᠠᠰᠢᠨᠵᠠ ᠶᠢᠨ ᠮᠢᠨᠢ ᠲᠡᠷᠪᠡᠭᠰᠡᠨ ᠬᠤᠷᠮᠤᠢ ᠲᠤᠤᠷ᠎ᠠᠬᠠᠶᠢᠷ᠎ᠠ ᠢᠭᠳᠦᠯᠬᠦ‍ ᠰᠢᠭ ᠨᠢᠯᠬ᠎ᠠ ᠨᠤᠭᠤᠭ᠎ᠠ ᠬᠦᠪᠤᠷᠡᠵᠤ ᠪᠠᠶᠢᠨ᠎ᠠᠬᠠᠨᠭ᠌ ᠲᠠᠳᠠᠭᠰᠠᠨ ᠦᠨᠦᠷ ᠨᠢ ᠬᠡᠷ ᠲᠦᠭᠦᠷᠡᠩ ᠰᠡᠩᠬᠢᠨᠡᠵᠤ ᠪᠠᠶᠢᠨ᠎ᠠᠴᠡᠪᠡᠷ ᠢᠴᠢᠮᠡᠭᠡᠢ ᠴᠡᠩᠭᠡᠷ ᠬᠦᠭᠡ ᠴᠡᠴᠡᠭᠡᠰ ᠲᠡᠯᠪᠡᠭᠡ ᠪᠠᠨ ᠵᠠᠳᠠᠯᠤᠨ ᠰᠤᠨᠢᠶᠠᠵᠤ ᠪᠠᠶᠢᠨ᠎ᠠᠴᠡᠯᠡᠭᠡᠷ ᠠᠭᠤᠳᠠᠮ ᠲᠠᠯ᠎ᠠ ᠪᠠᠨ ᠲᠣᠷᠠᠰᠣᠭᠠᠳ ᠲᠡᠰᠴᠤ ᠶᠠᠳᠠᠮ᠎ᠠ ᠣᠶᠢᠳᠬᠠᠷᠯᠠᠵᠤ ᠪᠠᠶᠢᠨ᠎ᠠ  ᠲᠡᠷᠭᠡᠲᠡᠭᠦᠷ ᠨᠢ ᠪᠦᠵᠢᠭᠰᠡᠨ ᠵᠡᠭᠦᠳᠦᠨ ᠤ ᠶᠠᠭᠠᠨ ᠡᠷᠪᠡᠭᠡᠢᠵᠢᠭᠦᠷ ᠢᠶᠠᠨ ᠲᠡᠪᠢᠭᠡᠳ ᠤᠯᠠᠷᠢᠯ ᠲᠠᠪᠠᠨ ᠨᠢᠰᠴᠣ ᠭᠠᠷᠣᠮᠠᠷ ᠪᠡᠯᠡᠬᠡᠨ ᠪᠠᠶᠢᠨ᠎ᠠᠠᠶ᠎ᠠ᠂ ᠴᠡᠮᠴᠡᠭᠡᠷ ᠭᠤᠶᠣᠬᠠᠨ ᠲᠠᠰᠢᠨᠵᠠ ᠮᠢᠨᠢ  ᠴᠤᠩᠬᠤ ᠪᠠᠨ ᠨᠡᠭᠡᠭᠡᠵᠤ ᠪᠤᠯᠬᠤ ᠦᠭᠡᠢ ᠯᠠ ᠪᠠᠶᠢᠨ᠎ᠠᠡᠭᠦᠳᠡ ᠪᠠᠨ ᠳᠠᠰᠣ ᠲᠦᠭᠵᠢᠭᠰᠡᠨ ᠲᠠᠢ ᠠᠳᠠᠯᠢᠴᠣᠩᠬᠤ ᠪᠠᠨ ᠴᠤ ᠲᠦᠭᠵᠢᠭᠡᠳ ᠰᠠᠭᠤᠮᠠᠷ ᠪᠠᠶᠢᠨ᠎ᠠ᠂ ᠠᠭᠤᠴᠢᠯᠠᠭᠠᠷᠠᠢ︕ ᠬᠠᠳᠤᠨ ᠡᠵᠢ ᠶᠢᠨ ᠰᠠᠴᠤᠯᠢ ᠳᠤ ᠬᠠᠨ ᠳᠡᠯᠡᠬᠡᠢ ᠤᠶᠠᠩᠭᠠᠷᠠᠨ᠎ᠠ                                         ᠬᠠᠳᠤᠨ ᠡᠵᠢ ᠶᠢᠨ ᠰᠢᠳᠢᠳᠤ ᠰᠠᠴᠤᠯᠢ ᠳᠤ ᠬᠠᠨ ᠳᠡᠯᠡᠬᠡᠢ ᠤᠶᠠᠩᠭᠠᠷᠠᠨ᠎ᠠ ᠬᠠᠨ ᠵᠠᠶᠠᠭ᠎ᠠ ᠮᠦᠡᠭᠬᠡᠷᠠᠨ᠎ᠠ ᠦᠨᠢ ᠡᠷᠲᠡᠨ ᠤ ᠠᠷᠢᠭᠤᠨ ᠭᠤᠸ᠎ᠠ ᠴᠡᠴᠡᠭᠡᠰ ᠤᠨ ᠦᠡᠭᠭᠡ ᠢᠯᠭᠤᠮ ᠳᠡᠯᠪᠡᠭᠡᠨ ᠳᠡᠭᠡᠷ᠎ᠡ ᠦᠳᠤ ᠨᠢ ᠭᠢᠯᠠᠷᠠᠭᠰᠠᠨ ᠬᠤᠨ ᠤ ᠳᠡᠭᠳᠡᠬᠡᠢ ᠶᠢᠨ ᠬᠦᠭᠡᠷᠤᠬᠦᠨ ᠪᠤᠯᠪᠠᠷᠠᠢ ᠳᠡᠯᠢᠨ ᠳᠡᠭᠡᠷ᠎ᠡ ᠦᠵᠦᠭᠦᠷ ᠬᠤᠯᠠ ᠶᠢᠨ ᠴᠡᠩᠬᠡᠷ ᠳᠡᠮᠡᠤᠯᠡᠯ ᠤᠨ ᠨᠠᠷᠠᠨ ᠵᠦᠭ ᠤᠨ ᠳᠠᠪᠬᠢᠭᠠᠨ ᠳᠡᠭᠡᠷ᠎ᠡ ᠦᠤᠷ ᠦᠳᠡᠰᠢ ᠶᠢᠨ ᠵᠠᠪᠰᠡᠷ ᠬᠦᠰᠡᠯ ᠮᠠᠨᠠᠬᠤ ᠵᠡᠭᠦᠳᠤᠨ ᠤ ᠬᠡᠬᠡᠨ ᠬᠦᠰᠢᠭᠡᠨ ᠳᠡᠭᠡᠷ᠎ᠡ ᠶᠠᠩᠵᠢᠨᠯᠾᠮᠤ   ᠶᠢᠨ ᠤᠷᠠᠨ ᠶᠠᠳᠤᠭ᠎ᠠ ᠶᠢᠨ ᠡᠭᠡᠰᠢᠭ ᠪᠦᠷᠢᠨ ᠠᠶᠠᠯᠭᠤᠨ ᠳᠡᠭᠡᠷ᠎ᠡ ᠶᠠᠩᠭᠢᠷ ᠲᠤᠭᠯᠠᠭᠰᠠᠨ ᠬᠠᠯᠢᠯ ᠬᠠᠳᠠᠨ ᠤ ᠠᠰᠬ᠎ᠠ ᠡᠭᠴᠡ ᠢᠷᠮᠡᠭ ᠳᠡᠭᠡᠷ᠎ᠡ ᠶᠠᠯᠢᠩ ᠮᠦᠡᠭᠭᠦᠨ ᠡᠮᠡᠭᠡᠯ ᠤᠨ ᠬᠡᠶᠢᠮᠤᠷᠢ ᠪᠤᠰᠤᠭ᠎ᠠ  ᠪᠦᠭᠦᠷᠭᠡᠨ‌‍ᠲ᠋ᠡᠭᠡᠷ᠎ᠡ ᠶᠠᠰᠢᠯ ᠴᠢᠪᠠᠭ᠎ᠠ ᠶᠢᠨ ᠨᠠᠪᠴᠢᠨ ᠤ ᠦᠵᠡᠰᠭᠦᠯᠡᠩᠳᠤ ᠨᠤᠭᠤᠭᠠᠨ‌ᠦᠡᠭᠭᠡᠨ‌‍ᠲ᠋ᠡᠭᠡᠷ᠎ᠠ ᠬᠠᠮᠢᠭ᠎ᠠ ᠠᠴᠠ ᠲᠤᠤᠨᠢᠭᠰᠡᠨ ᠮᠢᠩᠭᠠᠨ ᠭᠠᠯᠪᠡ ᠶᠢᠨ ᠰᠢᠳᠢᠳᠤ ᠴᠤᠤᠷᠢᠶᠠᠨ ᠶᠤᠮ ᠪᠤᠢ ᠵᠢᠷᠦᠬᠡ ᠬᠠᠶᠢᠯᠤᠲᠠᠯ᠎ᠠ ᠤᠶᠠᠩᠭᠠᠷᠠᠬᠤ ᠨᠢ ᠦᠨᠡᠨ ᠲᠠᠢ ᠬᠤᠳᠠᠯ ᠲᠠᠢ ᠬᠤᠷᠸ᠎ᠠ ᠶᠢᠨ ᠠᠮᠢᠳᠤᠷᠠᠯ ᠤᠨ ᠠᠶᠠᠨ ᠢ ᠭᠦᠲᠦᠯᠦᠭᠰᠡᠨ ᠦᠭᠭᠢᠶᠡᠮᠤᠷ ᠬᠠᠶᠢᠷ᠎ᠠ ᠶᠢᠨ ᠤᠶᠠᠬᠠᠨ ᠪᠦᠪᠠᠢ ᠲᠠᠢ ᠠᠯᠲᠠᠨ ᠨᠠᠷᠠᠨ ᠤ ᠲᠤᠶᠠᠭ᠎ᠠ ᠤᠤ ᠠᠪᠤ ᠶᠢᠨ ᠮᠢᠨᠢ ᠤᠨᠤᠭᠰᠠᠨ ᠵᠡᠭᠡᠷᠳᠠ ᠮᠤᠷᠢᠨ ᠤ ᠳᠦᠭᠦᠷᠡᠩ ᠭᠡᠰᠢᠭ ᠲᠠᠢ ᠭᠠᠨᠵᠤᠭᠠᠨ ᠳᠡᠭᠡᠷ᠎ᠡ ᠠᠯᠤᠰ ᠲᠤ ᠴᠤᠤᠷᠢᠶᠡᠯᠠᠬᠤ ᠤᠷᠳᠤ ᠵᠢᠨ‌‍ᠲ᠋ᠠᠭᠤᠤ ᠶᠢᠨ ᠤᠶᠡᠩᠭ᠎ᠠ ᠶᠢᠨ ᠰᠠᠶᠢᠬᠠᠨ ᠨᠤᠭᠤᠯᠠᠭᠠᠨ ᠳᠡᠭᠡᠷ᠎ᠡ ᠠᠲᠠᠷ ᠬᠡᠬᠡᠷ᠎ᠡ   ᠶᠢᠨ ᠪᠤᠷᠤᠭ ᠡᠪᠡᠰᠤᠨ ᠤ ᠰᠢᠭᠦᠳᠡᠷᠢ ᠶᠢᠨ ᠮᠦᠡᠭᠭᠦᠨ ᠳᠤᠰᠤᠯ ᠳᠡᠭᠡᠷ᠎ᠡ ᠠᠷᠤ ᠭᠡᠷ   ᠢ ᠳᠣᠯᠠᠭᠠᠯᠠᠭᠰᠠᠨ ᠲᠤᠯᠭ᠎ᠠ ᠶᠢᠨ ᠬᠦᠬᠡ ᠳᠡᠭᠡᠭᠦᠷ ᠴᠡᠭᠡ ᠬᠠᠨᠭ᠍ᠬᠤᠯᠤᠭᠰᠠᠨ ᠳᠣᠯᠠᠭᠠᠨ ᠦᠷᠭᠦᠭᠡᠨ ᠤ ᠬᠤᠷᠯᠤᠤ ᠲᠤᠭᠤᠨᠤᠨ ᠴᠠᠭᠠᠷᠢᠭ ᠳᠡᠭᠡᠭᠦᠷ ᠴᠠᠩ ᠲᠠᠢ ᠪᠠᠯᠠᠷ ᠤᠨ ᠬᠦᠭᠯᠡᠭᠡᠷ ᠬᠦᠪᠴᠢ ᠶᠢᠨ ᠰᠦᠷᠳᠤ ᠴᠡᠩᠬᠡᠷ ᠱᠤᠤᠭᠢᠶᠡᠨ ᠳᠡᠭᠡᠭᠦᠷ ᠴᠠᠰᠤ ᠴᠠᠭᠠᠨ ᠰᠠᠷᠢᠳᠠᠭ ᠤᠨ ᠳᠡᠤᠬᠡ ᠶᠢᠨ ᠬᠠᠭᠤᠴᠢᠨ ᠮᠦᠷ ᠳᠡᠭᠡᠭᠦᠷ ᠴᠠᠴᠠ ᠭᠡᠭᠡᠷᠡᠯ ᠤᠨ ᠰᠠᠷᠠᠭᠤᠯ ᠵᠠᠮ ᠤᠨ ᠦᠯᠵᠡᠶᠢᠳᠤ ᠲᠤᠨᠤᠯᠵᠢᠨ ᠠᠭᠤᠯᠵᠡᠷ ᠳᠡᠭᠡᠭᠦᠷ ᠬᠠᠮᠢᠭ᠎ᠠ ᠠᠴᠠ ᠲᠤᠶᠠᠭᠠᠷᠠᠭᠰᠠᠨ ᠡᠨᠡᠷᠢᠩᠭᠦᠢ ᠵᠦᠭᠡᠯᠡᠨ ᠤᠶᠠᠨ ᠲᠤᠯᠠᠭᠠᠨ ᠬᠠᠷᠠᠴᠨ ᠶᠤᠮ ᠪᠤᠢ ᠰᠡᠳᠬᠢᠯ ᠬᠡᠶᠢᠬᠡᠲᠡᠯ᠎ᠠ ᠲᠤᠨᠤᠷᠠᠬᠤ ᠨᠢ ᠴᠡᠭᠡᠨ‌‍ᠭᠡᠷᠡᠯ ᠬᠠᠷ᠎ᠠ ᠰᠡᠭᠦᠳᠡᠷ ᠲᠠᠢ ᠤᠷᠴᠢᠯᠠᠩ ᠤᠨ ᠵᠤᠯᠠᠢ ᠶᠢ ᠦᠬᠦᠭᠡᠷᠳᠡᠵᠤ ᠦᠨᠦᠰᠦᠭᠰᠡᠨ ᠴᠠᠶᠢᠯᠭᠠᠨ ᠰᠠᠳᠬᠢᠯ ᠤᠨ ᠲᠡᠭᠦᠯᠳᠡᠷ ᠦᠷᠦᠰᠢᠶᠡᠯ ᠵᠦᠡᠭ ᠬᠠᠶᠢᠷ᠎ᠠ ᠤᠤ ᠠᠯᠲᠠᠨ ᠰᠢᠷᠭᠠᠯ ᠡᠯᠠᠰᠣ ᠮᠠᠩᠬᠠᠨ ᠤ ᠲᠤᠤᠯᠢᠶᠠᠨ᠂ ᠠᠳᠤᠷᠢᠶᠡᠨ ᠤ ᠬᠤᠨᠢᠶᠡᠰᠤᠨ ᠳᠡᠭᠡᠷ᠎ᠡ ᠠᠲᠠᠷ ᠲᠠᠯ᠎ᠠ ᠶᠢᠨ ᠬᠡᠨᠵᠡ ᠡᠪᠡᠰᠦᠨ ᠤ ᠭᠤᠨᠢᠭ ᠲᠠᠢ  ᠨᠤᠶᠢᠲᠠᠨ ᠰᠡᠭᠦᠷᠡᠰᠦᠨ ᠳᠡᠭᠡᠷ᠎ᠡ ᠠᠭᠯᠠᠭ ᠠᠭᠤᠯᠠᠨ ᠤ ᠬᠡᠴᠡ ᠳᠤ ᠰᠠᠭᠤᠷᠢᠯᠠᠭᠰᠠᠨ ᠱᠠᠩᠰᠢ ᠶᠢᠨ ᠪᠤᠮᠨᠨ ᠰᠠᠯᠠᠭᠠᠨ ᠳᠡᠭᠡᠷ᠎ᠡ ᠠᠵᠢᠨᠠᠢ ᠬᠦᠯᠦᠭ ᠤᠨ ᠡᠭᠦᠯᠡ ᠬᠦᠯᠦᠭᠯᠡᠭᠰᠡᠨ ᠵᠢᠭᠦᠷᠳᠤ ᠬᠢᠯᠪᠠᠭᠠᠨ ᠭᠦᠶᠦᠳᠡᠯ ᠳᠡᠭᠡᠷ᠎ᠡ ᠨᠠᠭᠤᠷ ᠲᠤ ᠪᠠᠨ ᠬᠤᠷᠭᠤᠳᠠᠭᠰᠠᠨ ᠭᠠᠯᠠᠭᠤᠳ ᠤᠨ ᠳᠡᠭᠡᠰᠦᠯᠡᠵᠤ ᠨᠢᠰᠦᠭᠰᠡᠨ ᠵᠡᠯ᠎ᠡ ᠳᠡᠭᠡᠭᠦᠷ ᠨᠦᠷᠦᠭᠡ  ᠪᠠᠨ‌‍ᠲ᠋ᠠᠭᠠᠭᠤᠯᠤᠭᠰᠠᠨ ᠭᠦᠷᠦᠭᠡᠰᠦᠨ ᠤ ᠲᠤᠭᠯᠠᠨ ᠨᠠᠭᠠᠳᠤᠭᠰᠠᠨ ᠬᠡᠭᠡᠷ᠎ᠡ ᠪᠠᠷ       ᠨᠤᠲᠤᠭ ᠢᠶᠠᠨ ᠰᠠᠨᠠᠭᠰᠠᠨ ᠨᠤᠭᠤᠨᠵᠢᠶᠠᠭ᠎ᠠ ᠶᠢᠨ ᠮᠡᠯᠮᠡᠢ ᠳᠦᠭᠦᠷᠡᠩ ᠨᠢᠯᠪᠤᠰᠤᠨ ᠳᠡᠭᠡᠭᠦᠷ ᠨᠠᠶᠢᠷ ᠪᠠᠨ ᠬᠦᠭᠵᠢᠭᠡᠭᠰᠡᠨ ᠭᠤᠷᠪᠠᠨ ᠨᠠᠭᠠᠳᠤᠮ ᠤᠨ ᠮᠠᠩᠯᠠᠢ ᠳᠠᠷᠬᠠᠨ ᠴᠤᠯᠠ ᠳᠡᠭᠡᠭᠦᠷ ᠬᠠᠮᠢᠭ᠎ᠠ ᠠᠴᠠ ᠰᠠᠴᠤᠷᠠᠬᠰᠠᠨ ᠴᠡᠪᠡᠷ ᠤᠡᠭᠭᠤᠨ ᠰᠤᠤ ᠪᠢᠯᠢᠭ ᠤᠨ ᠬᠡᠬᠡ ᠶᠤᠮ ᠪᠤᠢ ᠤᠬᠠᠭᠠᠨ ᠪᠤᠳᠤᠯ ᠢ ᠳᠤᠯᠠᠶᠢᠲᠠᠯ᠎ᠠ ᠭᠡᠶᠢᠭᠦᠯᠬᠦ ᠨᠢ ᠠᠯᠳᠠᠭ᠎ᠠ ᠤᠨᠤᠭ᠎ᠠ ᠶᠢᠨ ᠲᠡᠩᠨᠡᠭᠦᠷ ᠢ ᠲᠡᠩᠴᠡᠭᠦᠯᠦᠨ ᠲᠡᠩᠴᠡᠭᠦᠯᠦᠨ ᠤᠬᠠᠭᠠᠷᠠᠭᠤᠯᠤᠭᠰᠠᠨ ᠠᠵᠠ ᠶᠢᠨ ᠪᠤᠷᠬᠠᠨ ᠬᠠᠳᠤᠨ‌ᠡᠬᠡ ᠶᠢᠨ ᠰᠢᠳᠢᠳᠤ ᠰᠠᠴᠤᠯᠢ ᠶᠢᠨ ᠠᠯᠲᠠᠨ ᠰᠠᠴᠤᠷᠠᠭ ᠤᠤ ᠭᠤᠯᠤᠮᠲᠡ ᠪᠠᠳᠠᠷᠠᠭᠠᠭᠰᠠᠨ ᠠᠯᠤᠨ ᠡᠬᠡ ᠶᠢᠨ ᠡᠷᠳᠡᠨᠢ ᠵᠢᠨ‌ᠮᠦ᠋ᠰᠤᠨ ᠤ ᠰᠤᠷᠭᠠᠯ ᠳᠡᠭᠡᠭᠦᠷ ᠭᠤᠶᠢᠳᠠᠬᠠᠨ ᠵᠢᠰᠦᠯᠢᠭ  ᠬᠡᠣᠬᠡᠨᠴᠣᠣᠯ ᠤᠨ ᠳᠡᠪᠡᠯ ᠤᠨ ᠪᠦᠳᠤᠨ ᠡᠩᠭᠡᠷ ᠳᠡᠭᠡᠭᠦᠷ ᠭᠤᠪᠢ ᠵᠢᠯᠭ᠎ᠠ ᠰᠢᠯᠢ ᠳᠡᠨᠵᠢ ᠶᠢᠨ ᠭᠠᠨᠳᠠᠷᠢᠰᠤᠨ ᠰᠤᠯᠤᠩᠭᠠᠨ ᠵᠡᠷᠭᠡᠯᠡᠭᠡᠨ ᠳᠡᠭᠡᠭᠦᠷ ᠭᠤᠪᠠᠢ ᠬᠦᠭᠡᠷᠦᠭᠦᠨ ᠵᠢᠭᠠᠯ ᠤᠳ ᠤᠨ ᠬᠦᠯ ᠳᠤ ᠤᠷᠤᠬᠤ ᠬᠡᠯᠲᠡᠷᠬᠢᠯᠡᠯ ᠳᠡᠭᠡᠭᠦᠷ ᠮᠦᠳᠬᠡᠨ ᠦᠡᠭᠭᠡᠷᠡᠬᠦ ᠠᠮᠢ ᠨᠠᠰᠤᠨ ᠤ  ᠬᠦᠨᠳᠤ ᠶᠢᠨ ᠵᠢᠩ ᠤᠨ ᠳᠡᠩᠭᠡᠯᠢᠭ ᠳᠡᠭᠡᠭᠦᠷ ᠮᠦᠴᠢᠳᠭᠡᠨ ᠪᠤᠳᠤᠯ᠂  ᠡᠮᠵᠡᠩᠭᠡᠨ ᠵᠢᠷᠤᠬᠡᠨ ᠤ ᠰᠢᠷᠬ᠎ᠠ ᠰᠤᠷᠪᠢᠨ ᠤᠷᠤᠮ ᠳᠡᠭᠡᠭᠦᠷ ᠮᠦᠡᠭᠭᠦᠨ ᠰᠠᠷᠠᠨ ᠤ  ᠭᠡᠷᠡᠯ ᠰᠡᠭᠦᠳᠡᠷ ᠤᠨ ᠬᠢᠵᠠᠭᠠᠷᠭᠦᠢ ᠠᠶᠠᠯᠠᠯ ᠳᠡᠭᠡᠭᠦᠷ ᠮᠦᠷᠡᠨ ᠭᠤᠣᠯ ᠤᠨ ᠳᠦᠯᠭᠡᠬᠡᠨ ᠲᠠᠶᠢᠪᠤᠡᠭ ᠲᠠᠰᠣᠷᠠᠰᠢ ᠦᠭᠡᠢ ᠤᠷᠤᠰᠬᠠᠯ ᠳᠡᠭᠡᠭᠦᠷ ᠬᠠᠮᠢᠭ᠎ᠠ ᠠᠴᠠ ᠤᠴᠢᠯᠠᠭᠰᠠᠨ ᠠᠯᠲᠠᠨ ᠤᠷᠤᠭ ᠤᠨ ᠬᠦᠢ ᠵᠠᠯᠭᠠᠬᠰᠠᠨ ᠭᠠᠯ ᠤᠨ ᠴᠤᠭ ᠶᠤᠮ ᠪᠤᠢ ᠠᠭᠤᠯᠠᠰ ᠪᠤᠭᠤᠷᠤᠯᠳᠤᠳᠠᠯ᠎ᠠ ᠰᠠᠬᠢᠵᠤ ᠰᠠᠭᠤᠮᠠᠷ ᠮᠦᠰᠤ ᠴᠢᠨᠠᠷ ᠤᠨ ᠪᠠᠯᠠᠷᠠᠰᠢ ᠦᠭᠡᠢ ᠡᠷᠳᠡᠨᠢᠳᠤ ᠠᠯᠲᠠᠨ ᠬᠦᠰᠢᠶ᠎ᠡ ᠮᠦᠡᠭᠬᠡ ᠡᠨᠡᠷᠢᠯ ᠤᠨ ᠪᠤᠷᠬᠠᠨ ᠡᠵᠢ ᠶᠢᠨ ᠮᠢᠨᠢ ᠢᠲᠡᠭᠡᠯ ᠬᠦᠰᠡᠯ ᠤᠤ ᠬᠠᠳᠤᠨ ᠡᠵᠢ ᠶᠢᠨ ᠰᠢᠳᠢᠳᠤ ᠰᠠᠴᠤᠯᠢ ᠳᠤ ᠬᠠᠨ ᠳᠡᠯᠡᠬᠡᠢ ᠤᠶᠠᠩᠭᠠᠷᠠᠨ᠎ᠠ ᠬᠠᠨ ᠵᠠᠶᠠᠭ᠎ᠠ ᠮᠦᠡᠭᠬᠡᠷᠠᠨ᠎ᠠ  ᠁ ᠨᠡᠷ᠎ᠡ                ᠶ᠋᠊᠂ ᠬᠠᠶᠢᠷ᠎ᠠ ᠬᠠᠶ᠋ᠢᠭ               ᠲᠦᠡᠭᠯᠢᠶᠤᠤ ᠬᠤᠳᠠ ᠶᠢᠨ ᠬᠤᠷᠴᠢᠨ ᠲᠤᠭᠤᠷᠢᠭ ᠤᠲᠠᠰᠤ             13337058868
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号