ᠡᠵᠢ ᠮᠢᠨᠢ
ᠨᠡᠶᠢᠲᠡᠯᠡᠭᠰᠡᠨ ᠴᠠᠭ᠄
2020-07-14
       ᠡᠵᠢ ᠮᠢᠨᠢ                ᠲᠦᠷᠪᠡᠳ ᠨᠠᠷᠠᠩᠭᠤᠸ᠎ᠠ ᠨᠠᠮᠠᠢᠢ ᠲᠦᠷᠦᠭᠦᠯᠵᠦ ᠦᠰᠭᠡᠭᠰᠡᠨ ᠨᠠᠨᠳᠢᠨ ᠬᠠᠶᠢᠷ᠎ᠠ ᠶᠢᠨ  ᠪᠤᠷᠬᠠᠨ ᠮᠢᠨᠢ ᠦᠳᠡᠰᠢ ᠶᠢ ᠬᠡᠶᠢᠬᠦᠯᠬᠦ ᠰᠡᠷᠡᠨ ᠰᠢᠭ᠋ ᠦᠷᠦᠴᠠᠨ ᠳᠤ ᠳᠤᠯᠠᠶᠢᠬᠰᠠᠨ  ᠰᠠᠷᠠᠨ ᠰᠢᠭ᠋      ᠬᠦᠦ ᠪᠠᠨ ᠪᠦᠤᠪᠡᠶᠢᠯᠡᠬᠦ ᠠᠶᠠᠯᠭᠤᠨ ᠳᠤᠨᠢ      ᠭᠦᠮᠦᠨ ᠠᠷᠠᠳ ᠪᠠᠶᠠᠰᠤᠭ᠎ᠠ ᠤᠤ ᠳ᠋ᠠ      ᠭᠦᠷᠡᠩ  ᠵᠢᠷᠦᠬᠡᠨ ᠤ ᠬᠠᠶᠢᠷᠡᠨ ᠳᠤᠨᠢ      ᠭᠦᠢ ᠶᠢᠷᠳᠢᠨᠴᠦ ᠤᠶᠠᠷᠠᠭ᠎ᠠ ᠤᠤ ᠳ᠋ᠠ ᠡᠷᠪᠡᠢ ᠦᠷ᠎ᠠ ᠪᠠᠨ ᠲᠤᠳᠤᠮᠳᠠᠬᠰᠠᠨ ᠡᠨᠡᠷᠢᠯ ᠤᠨ ᠲᠡᠭᠡᠳᠦ ᠠᠴᠢᠳᠠᠨ ᠮᠢᠨᠢ ᠦᠨᠳᠦᠷ ᠲᠡᠭᠷᠢ ᠶᠢᠨ ᠨᠠᠷᠠᠨ ᠰᠢᠭ᠋ ᠦᠷᠭᠦᠭᠡ ᠪᠠᠨ ᠳᠤᠯᠠᠭᠠᠯᠠᠬᠰᠠᠨ ᠡᠵᠢ ᠮᠢᠨᠢ      ᠦᠷ᠎ᠠ ᠪᠠᠨ ᠠᠷᠭᠠᠳᠠᠬᠰᠠᠨ ᠲᠠᠭᠤᠨ ᠳᠤᠨᠢ      ᠦᠢ ᠲᠦᠮᠡᠨ ᠪᠠᠷᠠᠰᠤᠭ᠎ᠠ ᠤᠤ ᠳ᠋ᠠ      ᠬᠠᠯᠠᠮᠵᠢ ᠶᠢᠨ ᠰᠠᠶᠢᠬᠠᠨ ᠰᠠᠳᠭᠢᠯ ᠳᠤᠨᠢ      ᠬᠠᠨ ᠳᠡᠯᠡᠭᠡᠢ ᠤᠶᠠᠷᠠᠭ᠎ᠠ ᠤᠤ ᠳ᠋ᠠ ᠠᠶᠢᠯ ᠬᠡᠷ ᠢᠶᠠᠨ ᠦᠭᠡᠳᠡᠯᠡᠭᠦᠯᠦᠭᠰᠡᠨ ᠠᠴᠢᠯᠠᠯ ᠵᠢᠷᠤᠮ ᠤᠨ  ᠰᠢᠳᠦᠭᠡᠨ ᠮᠢᠨᠢ ᠨᠠᠪᠴᠢᠳᠦ ᠲᠠᠯ᠎ᠠ ᠶᠢᠨ ᠴᠡᠴᠡᠭ ᠰᠢᠭ ᠨᠤᠳᠤᠭ ᠢᠶᠠᠨ ᠭᠤᠶᠤᠯᠠᠬᠰᠠᠨ ᠡᠵᠢ ᠮᠢᠨᠢ      ᠪᠦᠦᠪᠡᠢ ᠶᠢᠨ ᠤᠶᠠᠬᠠᠨ ᠡᠭᠡᠰᠢᠭ ᠲᠤᠨᠢ      ᠪᠦᠭᠦᠳᠡ ᠤᠯᠠᠨ ᠪᠠᠶᠠᠰᠤᠭ᠎ᠠ ᠤᠤ ᠳ᠋ᠠ      ᠪᠦᠰᠡᠭᠦᠢ ᠲᠤᠯᠠᠭᠠᠨ ᠬᠠᠷᠠᠴᠠᠨ ᠳᠤᠨᠢ      ᠪᠦᠳᠦᠨ ᠬᠤᠷᠸ᠎ᠠ ᠤᠶᠠᠷᠠᠭ᠎ᠠ ᠤᠤ ᠳ᠋ᠠ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号