ᠢᠷᠠᠭᠤ ᠨᠠᠶᠢᠷᠠᠭ ᠤᠨ ᠳᠡᠭᠷᠢ ᠳᠤ ᠪᠠᠨ
ᠨᠡᠶᠢᠲᠡᠯᠡᠭᠰᠡᠨ ᠴᠠᠭ᠄
2020-07-14
ᠢᠷᠠᠭᠤ ᠨᠠᠶᠢᠷᠠᠭ ᠤᠨ ᠳᠡᠭᠷᠢ ᠳᠤ ᠪᠠᠨ                   ︵ᠭᠠᠳᠠᠨ᠎ᠠ ᠨᠢᠬᠡ︶ ᠢᠷᠠᠭᠤ ᠨᠠᠶᠢᠷᠠᠭ ᠤᠨ ᠳᠡᠭᠷᠢ ᠳᠤ ᠪᠠᠨ ᠤᠳᠤᠳ ᠲᠠᠢ ᠦᠶᠡᠷᠬᠡᠨ ᠬᠢᠯᠡᠯᠵᠠᠨ᠎ᠠ ᠪᠢ ᠤᠭᠳᠠᠷᠭᠤᠢ ᠶᠢᠨ ᠨᠢᠭᠤᠴᠠᠬᠠᠨ ᠳᠤᠷᠠᠯᠠᠯ ᠢ ᠬᠤᠪᠢᠶᠠᠯᠴᠠᠨ ᠤᠯᠵᠠᠷᠬᠠᠯ ᠪᠠᠭ᠋ᠠᠷᠬᠠᠯ ᠢᠶᠠᠨ ᠤᠯᠠᠨ ᠳᠤ ᠪᠠᠨ ᠰᠢᠪᠡᠨᠡᠨ᠎ᠡ ᠢᠷᠠᠭᠤ ᠨᠠᠶᠢᠷᠠᠭ ᠤᠨ ᠳᠡᠭᠷᠢ ᠳᠤ ᠪᠠᠨ ᠡᠬᠦᠯᠡ ᠨᠢ ᠪᠤᠯᠤᠨ ᠬᠦᠪᠦᠯᠵᠡᠨ᠎ᠡ ᠪᠢ ᠠᠮᠠᠷᠠᠭ ᠬᠠᠶᠢᠷ᠎ᠠ ᠶᠢᠨ ᠱᠠᠩᠳᠠᠭᠤᠨ ᠬᠤᠷ᠎ᠠ ᠶᠢ ᠠᠯᠳᠠᠨ ᠳᠡᠯᠡᠬᠡᠢ ᠶᠢᠨ ᠲᠦᠮᠡᠨ ᠳᠤ ᠪᠠᠨ ᠱᠠᠬᠢᠭᠤᠯᠤᠨ᠎ᠠ ᠢᠷᠠᠭᠤ ᠨᠠᠶᠢᠷᠠᠭ ᠤᠨ ᠳᠡᠭᠷᠢ ᠳᠤ ᠪᠠᠨ ᠳᠠᠬᠢᠨᠢ ᠲᠠᠢ ᠵᠢᠳᠦᠬᠡᠷᠬᠡᠨ ᠪᠦᠵᠢᠨ᠎ᠠ ᠪᠢ ᠳᠠᠩᠬᠢᠯ ᠭᠤᠪᠠᠶᠢᠬᠠᠨ ᠢᠨᠠᠭᠤᠨ ᠮᠦᠰᠢᠶᠡᠯ ᠢᠶᠠᠷ ᠳᠠᠶᠠᠩ ᠤᠨ ᠰᠡᠳᠬᠢᠯ ᠢ ᠬᠡᠳᠡᠬᠡᠯᠡᠨ ᠬᠦᠪᠦᠯᠵᠡᠬᠦᠯᠦᠨ᠎ᠡ      ᠬᠠᠪᠤᠷ   ᠨᠡᠬᠦᠳᠡᠯ ᠤᠨ ᠰᠢᠪᠠᠭᠤᠳ ᠢᠷᠡᠬᠦ ᠪᠠᠷ ᠨᠠᠮᠤᠷ ᠤᠨ ᠳᠤᠷᠠᠳᠬᠠᠯ ᠳᠤᠷᠠᠰᠣᠭᠳᠠᠨ᠎ᠠ ᠨᠡᠮᠡᠬᠦᠨ ᠰᠠᠯᠬᠢᠨ ᠤ ᠦᠨᠦᠰᠦᠯᠳᠠ ᠪᠠᠷ ᠨᠠᠯᠠᠷᠬᠠᠢ ᠪᠠᠯᠴᠢᠬᠡᠷ ᠰᠡᠷᠬᠦᠨ᠎ᠠ ᠲᠦᠯ ᠤᠨ ᠳᠠᠭᠤᠨ ᠳᠤᠭᠤᠯᠳᠠᠬᠤ ᠪᠠᠷ ᠲᠦᠬᠦᠮ ᠤᠨ ᠠᠶᠢᠯ ᠤᠳ ᠶᠠᠭᠠᠷᠠᠯᠳᠤᠨ᠎ᠠ ᠲᠠᠷᠠᠭ ᠤᠨ ᠦᠨᠦᠷ ᠠᠩᠬᠢᠯᠬᠤ ᠪᠠᠷ ᠳᠠᠯ᠎ᠠ ᠶᠢᠨ ᠮᠠᠯᠴᠢᠳ ᠳᠠᠭᠤᠯᠠᠯᠴᠠᠨ᠎ᠠ ᠨᠠᠪᠴᠢ ᠨᠤᠭᠤᠭ᠎ᠠ ᠨᠠᠬᠢᠯᠵᠠᠬᠤ ᠪᠠᠷ ᠨᠠᠷᠠᠨ ᠰᠡᠬᠦᠳᠡᠷ ᠴᠠᠭᠠᠰᠢᠯᠠᠨ᠎ᠠ ᠨᠠᠮᠤᠭ ᠤᠨ ᠮᠡᠯᠡᠬᠡᠢ ᠳᠤᠤᠭᠠᠷᠬᠤ ᠪᠠᠷ ᠨᠠᠮᠤᠭᠤᠨ ᠰᠦᠨᠢ ᠰᠡᠷᠡᠨ᠎ᠡ ᠪᠤᠷᠭᠠᠰᠤᠨ ᠤ ᠪᠤᠯᠵᠤᠮᠤᠷ ᠵᠢᠷᠬᠢᠬᠦ ᠪᠠᠷ ᠪᠤᠷᠤᠬᠠᠨ ᠴᠤᠩᠬᠤ ᠴᠠᠯᠠᠶᠢᠨ᠎ᠠ ᠪᠤᠷᠤᠭᠠᠨ ᠤ ᠠᠨᠢᠷ ᠰᠠᠭᠠᠳᠠᠬᠤ ᠪᠠᠷ ᠪᠤᠭᠤᠷᠤᠯ ᠬᠤᠷᠸ᠎ᠠ ᠮᠦᠰᠢᠶᠠᠨ᠎ᠠ ᠢᠷᠭᠤᠢ ᠨᠢᠳᠦᠯᠡᠬᠦ ᠬᠠᠪᠤᠷ ᠢᠶᠠᠷ ᠠᠮᠢᠯᠠᠯ ᠤᠨ ᠬᠦᠴᠦᠨ ᠳᠡᠯᠬᠡᠷᠡᠨ᠎ᠡ ᠢᠷᠤᠬᠡᠯ ᠤᠨ ᠴᠠᠭᠠᠨ ᠪᠡᠯᠬᠡ ᠪᠠᠷ ᠠᠮᠠᠨ ᠬᠡᠰᠢᠭ ᠪᠠᠳᠠᠷᠠᠨ᠎ᠠ             ᠵᠤᠬᠢᠶᠠᠭᠴᠢ᠄ ᠲᠤᠭᠴᠢ ᠯᠤᠪᠰᠠᠩ鲁布森 ︵ᠪᠢᠴᠢᠭ ᠤᠨ ᠨᠡᠷ᠎ᠡ ᠨᠢ ᠴᠢ᠊᠂ ᠨᠠᠴᠢᠨ︶᠂ ᠬᠠᠷᠢᠯᠴᠠᠬᠤ ᠤᠳᠠᠰᠤ᠄ 136 1487 6979᠃       ᠬᠠᠶ᠋ᠢᠭ᠄ ᠦᠪᠦᠷ ᠮᠤᠩᠭᠤᠯ ᠤᠨ ᠤᠷᠳᠤᠰ ᠬᠤᠳᠠ ᠶᠢᠨ ᠦᠤᠰᠢᠨ ᠬᠤᠰᠢᠭᠤᠨ ᠤ ᠮᠤᠩᠭᠤᠯ ᠳᠤᠷᠰᠢᠯᠳᠠ  ᠶᠢᠨ ᠪᠠᠭ᠎ᠠ ᠰᠤᠷᠭᠠᠭᠤᠯᠢ ︵内蒙古鄂尔多斯市乌审旗蒙古族实验小学︶᠃        
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号