ᠲᠤᠯᠤᠭ᠎ᠠ | ᠨᠠᠶᠢᠷᠠᠮᠳᠠᠭᠤ ᠮᠤᠩᠭᠤᠯ ᠬᠠᠳᠤᠨ ᠪᠢ ᠲᠡᠭᠷᠢ ᠶᠢᠨ ᠰᠢᠪᠠᠭᠤ ᠰᠢᠭ᠋ ᠠᠮᠤᠭᠤᠯᠠᠩᠬᠠᠨ ᠲᠡᠪᠢᠯᠬᠢᠯᠡᠨ | ᠨᠠᠢᠮᠠᠨ ᠵᠠᠭᠤᠨ ᠤ ᠲᠡᠷᠳᠡᠭᠡ ᠠᠴᠠ ᠰᠡᠷᠬᠦᠨ ᠠᠮᠢᠯᠠᠬᠰᠠᠭᠠᠷ ᠪᠢ ᠤᠳᠤᠬᠠᠨ ᠢᠷᠡᠵᠦ ᠠᠶᠢᠰᠤᠢ | ᠨᠠᠷᠠᠨ ᠤᠷᠭᠤᠬᠤ ᠠᠴᠠ ᠨᠠᠷᠠᠨ ᠵᠢᠷᠭᠠᠬᠤ ᠭᠦᠷᠳᠡᠯ᠎ᠡ ᠲᠡᠯᠡᠬᠡᠢ ᠪᠦᠭᠦᠳᠡ ᠮᠤᠩᠭᠤᠯ ᠤᠨ ᠬᠢ | ᠨᠠᠷᠮᠠᠢ ᠪᠦᠭᠦᠳᠡ ᠶᠢ ᠲᠠᠶᠢᠯᠠᠨ ᠲᠠᠭᠠᠭᠤᠯᠤᠬᠰᠠᠨ ᠭᠠᠵᠠᠷ ᠪᠦᠭᠦᠨᠡ ᠴᠢᠩᠬᠢᠰ ᠤᠨ ᠦᠷᠡᠰ ᠲᠦᠬᠡᠨᠡᠮ | | | | | ᠲᠠᠶᠢᠰᠤᠩᠨᠠᠬᠴᠢ ︽ᠵᠡᠷᠯᠢᠭ︾ ᠤᠳ ᠤᠨ ᠦᠷᠦᠭᠡᠰᠦᠬᠡᠯ ᠮᠠᠯᠠᠭᠠᠢ ᠳᠤ ᠭᠡᠳᠦᠨ ᠵᠠᠭᠤᠨ ᠢᠶᠠᠷ ᠲᠠᠷᠤᠬᠳᠠᠨ | ᠲᠤᠷᠤᠨ᠎ᠠ ᠦᠷᠦᠨ᠎ᠡ ᠶᠢᠨ ᠰᠤᠷᠪᠤᠯᠵᠢ ᠪᠢᠴᠢᠭ ᠲᠤ ᠴᠢᠳᠭᠦᠷ ᠮᠡᠳᠦ ᠲᠦᠷᠰᠦᠯᠡᠭᠳᠡᠳᠡᠭ ᠴᠦ | ᠲᠡᠯᠡᠬᠡᠢ ᠳᠠᠶᠢᠳᠦ ᠶᠢ ᠲᠠᠭᠠᠭᠤᠯᠤᠬᠰᠠᠨ ᠲᠡᠤᠭᠡ ᠨᠢ ᠴᠠᠭ ᠤᠨ ᠰᠠᠯᠬᠢᠨ ᠳᠤ ᠠᠷᠴᠢᠬᠳᠠᠭᠠ ᠦᠬᠡᠢ | ᠳᠡᠯᠭᠡᠷ ᠤᠬᠠᠭᠠᠯᠢᠭ ᠴᠦᠬᠡᠨ ᠲᠡᠤᠭᠡᠴᠢᠳ ᠭᠡᠳᠦ ᠲᠤᠶᠢᠯᠰᠢᠷᠡᠯ ᠳᠤ ᠠᠪᠲᠠᠭ᠎ᠠ ᠨᠢ ᠦᠬᠡᠢ ᠪᠢᠯᠡ | | | | | ᠬᠤᠶᠠᠷ ᠲᠢᠪ ᠢ ᠲᠠᠮᠨᠠᠬᠰᠠᠨ ᠡᠵᠡᠨᠳᠦ ᠭᠦᠷᠦᠨ ᠮᠢᠨᠢ ᠭᠦᠮᠦᠨ ᠲᠡᠭᠷᠢ ᠨᠢᠬᠡᠨ᠎ᠡ ᠨᠠᠶᠢᠷᠠᠮᠳᠠᠭᠤ | ᠬᠤᠶᠠᠭ ᠵᠤᠳᠤᠬᠳᠦ ᠮᠤᠩᠭᠤᠯ ᠡᠷᠡᠴᠦᠳ ᠮᠢᠨᠢ ᠡᠪᠦᠯ ᠵᠤᠨ ᠦᠬᠡᠢ ᠲᠠᠩᠳᠠ ᠪᠠᠨ ᠭᠠᠳᠠᠭᠤᠷ | ᠬᠤᠷᠸ᠎ᠠ ᠳᠤ ᠠᠯᠳᠠᠷᠰᠢᠬᠰᠠᠨ ᠭᠦᠴᠦᠷᠭᠡᠭ ᠬᠠᠭᠠᠨ ᠤ ᠪᠠᠨ ᠬᠤᠶᠢᠴᠢ ᠦᠷᠡᠰ ᠢ ᠪᠦᠤᠪᠡᠶᠢᠯᠡᠵᠦ | ᠬᠤᠵᠢᠮ ᠤᠨ ᠡᠳᠦᠷ ᠭᠠᠶᠢᠬᠠᠮᠰᠢᠭ ᠢ ᠡᠭᠦᠳᠭᠦ ᠢᠳᠡᠳᠡᠨ ᠪᠠᠭᠠᠳᠤᠷ ᠪᠤᠯᠭᠠᠨ ᠬᠦᠮᠦᠵᠢᠬᠦᠯᠦᠨᠡᠮ | | | | | ᠡᠷ᠎ᠡ ᠭᠡᠶᠢᠮᠤᠷᠢ ᠶᠢᠨ ᠰᠦᠯᠳᠡ ᠲᠠᠯᠠᠯᠭ᠎ᠠ ᠲᠡᠭᠷᠢ ᠶᠢᠨ ᠰᠢᠪᠠᠭᠤᠳ ᠲᠠᠢ ᠬᠠᠮᠳᠦ ᠵᠢᠷᠬᠢᠨ ᠪᠦᠵᠢᠭᠯᠡᠵᠦ | ᠡᠮ᠎ᠡ ᠬᠠᠶᠢᠷ᠎ᠠ ᠶᠢᠨ ᠰᠢᠳᠦᠭᠡᠨᠳᠦ ᠠᠭᠤᠢ ᠳᠤ ᠭᠠᠵᠠᠷ ᠤᠨ ᠴᠡᠴᠡᠭᠡᠰ ᠲᠦᠪ ᠲᠦᠭᠦᠷᠡᠩ ᠲᠡᠯᠭᠡᠷᠡᠨᠡᠮ | ᠲᠡᠭᠷᠢ ᠭᠦᠴᠦᠨ ᠤ ᠠᠷᠭ᠎ᠠ ᠢᠪᠡᠭᠡᠯ ᠢᠶᠠᠷ ᠬᠠᠷᠠᠬᠳᠠᠰᠢ ᠦᠬᠡᠢ ᠭᠦᠴᠦᠷᠭᠡᠭ ᠶᠢᠷᠳᠢᠨᠴᠦ ᠲᠡᠯᠭᠡᠭᠳᠡᠵᠦ | ᠭᠠᠵᠠᠷ ᠭᠦᠴᠦᠨ ᠤ ᠪᠢᠯᠢᠭ ᠲᠡᠳᠭᠦᠯᠬᠡ ᠪᠠᠷ ᠲᠦᠮᠡᠨ ᠪᠤᠳᠠᠰ ᠦᠷᠡᠵᠢᠯ ᠲᠦᠯᠵᠢᠯ ᠢᠶᠠᠨ ᠤᠯᠤᠨᠠᠮ | | | | | ᠥᠭᠭᠢᠶᠡᠮᠦᠷᠴᠢ ᠠᠭᠤᠤ ᠠᠵᠠ ᠵᠢᠷᠭᠠᠯ ᠤᠨ ᠡᠮᠦᠨ᠎ᠡ ᠠᠴᠠ ᠡᠭᠡ ᠶᠢᠨ ᠬᠠᠶᠢᠷ᠎ᠠ ᠪᠠᠨ ᠲᠡᠯᠬᠡᠨᠡᠮ ᠪᠢ | ᠦᠭᠭᠦᠭᠡᠵᠢ ᠶᠡᠭᠡᠳᠡᠢ ᠲᠤᠨᠳᠠᠷᠠᠰᠢ ᠦᠬᠡᠢ ᠠᠮᠢᠳᠤᠷᠠᠯ ᠵᠦᠭ ᠪᠠᠶᠠᠷᠯᠠᠯ᠎ᠠ ᠬᠡᠮᠡᠨ ᠠᠬᠢᠨ ᠲᠠᠬᠢᠨ ᠦᠭᠦᠯᠡᠨᠡᠮ | ᠦᠪᠡᠷ ᠢ ᠮᠢᠨᠢ ᠦᠪᠡᠷ ᠭᠡᠪ ᠢᠶᠠᠷ ᠪᠠᠶᠢᠯᠭᠠᠵᠤ ᠴᠢᠳᠠᠬᠰᠠᠨ ᠲᠠᠪᠠᠭ᠎ᠠ ᠪᠡᠷᠭᠡᠰᠢᠶᠡᠯ ᠪᠦᠬᠦᠨ ᠳᠤ ᠲᠠᠯᠠᠷᠬᠠᠨᠠᠮ | ᠦᠷᠭᠦᠯᠵᠢᠳᠡ ᠶᠢᠨ ᠡᠷᠴᠢᠮ ᠭᠦᠴᠦ᠂ ᠲᠠᠪᠳᠠᠮᠵᠢ᠂ ᠬᠡᠯᠪᠡᠯᠵᠡᠯ᠂ ᠬᠤᠪᠢᠰᠤᠯᠳᠠ ᠁ ᠨᠢᠭᠤᠴᠠᠭᠠᠢ ᠭᠦᠴᠦ | | | | | ᠤᠰᠤᠨ ᠤ ᠡᠬᠢᠨ ᠳᠤ᠂ ᠴᠡᠴᠡᠭ ᠤᠨ ᠰᠢᠭᠦᠳᠡᠷᠢ ᠳᠤ᠂ ᠨᠠᠪᠴᠢᠨ ᠤ ᠭᠡ ᠳᠤ᠂ ᠴᠢᠯᠠᠭᠤᠨ ᠤ ᠰᠢᠪᠡᠨᠡᠭᠡᠨ ᠳᠤ | ᠤᠷᠠᠯᠢᠭ ᠮᠤᠩᠭᠤᠯ ᠪᠦᠰᠡᠭᠦᠶᠢᠴᠤᠳ ᠪᠢᠳᠡ ᠤᠶᠤᠨ ᠪᠢᠯᠢᠭ ᠢᠶᠠᠷ ᠢᠶᠠᠨ᠂ ᠤᠬᠠᠭᠠᠨ ᠲᠠᠮᠢᠷ ᠢᠶᠠᠷ ᠢᠶᠠᠨ | ᠲᠤᠯᠬᠢᠶᠠᠨ ᠮᠡᠳᠦ᠂ ᠴᠠᠬᠢᠯᠭᠠᠨ ᠮᠡᠳᠦ᠂ ᠰᠤᠷᠢᠨᠵᠢᠨ ᠮᠡᠳᠦ ᠁ ᠪᠢᠯᠢᠭ ᠴᠢᠨᠠᠷᠳᠦ ᠬᠠᠭᠤᠮᠠᠬᠠᠢ | ᠲᠤᠬᠳᠠᠬᠰᠠᠨ ᠭᠡᠯᠪᠡᠷᠢ ᠦᠬᠡᠢ ᠨᠢᠭᠤᠬᠳᠠᠮᠠᠯ ᠤᠷᠤᠰᠢᠬᠤᠢ᠂ ᠪᠢ ᠬᠡᠵᠢᠶᠡᠳᠡ ᠦᠨᠡᠨ ᠢᠶᠠᠷ ᠢᠶᠠᠨ | | | | | ᠲᠡᠭᠷᠢ ᠭᠠᠵᠠᠷ ᠤᠨ ᠲᠦᠭᠡᠮᠡᠯ ᠶᠣᠰᠣᠨ ᠴᠢ ᠪᠢᠳᠡᠨ ᠤ ᠳᠣᠲᠣᠭᠠᠳᠣ ᠳᠤ ᠡᠭᠦᠷᠢᠳᠡ ᠤᠷᠤᠰᠢᠳᠠᠭ ᠪᠤᠯᠬᠤᠷ | ᠲᠡᠭᠦᠰᠭᠡᠯ ᠡᠴᠦᠰᠯᠡᠯ ᠦᠬᠡᠢ ᠠᠮᠢᠳᠤᠷᠠᠯ ᠲᠤᠮᠳᠠ ᠵᠦᠢᠷᠯᠡᠰᠢ ᠦᠬᠡᠢ ᠮᠦᠩᠭᠡᠷᠡᠯ ᠢ ᠤᠯᠤᠨᠠᠮ ᠪᠢ | ᠲᠡᠭᠦᠰ ᠦᠨᠡᠨ ᠤ ᠲᠦᠯᠦᠭᠡ ᠦᠪᠡᠷ ᠢ ᠮᠢᠨᠢ ᠴᠤᠤᠵᠢᠯᠠᠬᠰᠠᠨ ᠬᠠᠭᠠᠯᠭ᠎ᠠ ᠶᠢ ᠪᠠᠯᠪᠠ ᠲᠠᠲᠠᠨ ᠭᠠᠷᠴᠤ | ᠲᠡᠶᠢᠨ ᠱᠠᠭᠠᠷᠳᠠᠯᠭ᠎ᠠ ᠶᠢᠨ ᠶᠤᠰᠤᠭᠠᠷ ᠶᠢᠷᠳᠢᠨᠴᠦ ᠶᠢᠨ ᠬᠠᠤᠯᠢ ᠶᠢ ᠲᠠᠬᠢᠨ ᠰᠢᠨ᠎ᠡ ᠪᠠᠷ ᠴᠤᠬᠴᠠᠯᠠᠬᠤᠢ ᠁ | | ︵ᠲᠡᠭᠦᠰᠪᠡ︶ | | 2019 ᠤᠨ ᠤ 8 ᠰᠠᠷ᠎ᠠ ᠶᠢᠨ 27 ᠤ ᠡᠳᠦᠷ | | | | | | | | | | | | ᠠᠰᠢᠬᠯᠠᠬᠰᠠᠨ ᠨᠤᠮ ᠵᠦᠢ | 1. ᠳ᠋ᠤᠰᠰᠤᠨ ﹇ ᠰᠸᠧᠳᠢᠨ ﹈᠄ ︽ᠳ᠋ᠤᠰᠰᠤᠨ ᠤ ᠮᠤᠩᠭᠤᠯ ᠤᠨ ᠲᠡᠤᠭᠡ︾᠂ 1990 ᠤᠨ ᠳᠤ ᠦᠪᠦᠷ | ᠮᠤᠩᠭᠤᠯ ᠤᠨ ᠠᠷᠠᠳ ᠤᠨ ᠭᠡᠪᠯᠡᠯ ᠤᠨ ᠬᠤᠷᠢᠶ᠎ᠠ ᠠᠴᠠ ᠭᠡᠪᠯᠡᠬᠦᠯᠪᠡ᠃ | 2. ᠷᠠᠰᠢᠳ᠋ — ᠠᠳ᠋— ᠳ᠋ᠢᠨ ﹇ ᠫᠧᠷᠰ﹈ ᠄ ︽ᠰᠤᠳᠤᠷ ᠤᠨ ᠴᠢᠭᠤᠯᠭᠠᠨ︾᠂ 2013 ᠤᠨ ᠳᠤ | ᠦᠨᠳᠦᠰᠦᠳᠡᠨ ᠤ ᠭᠡᠪᠯᠡᠯ ᠤᠨ ᠬᠤᠷᠢᠶ᠎ᠠ ᠠᠴᠠ ᠭᠡᠪᠯᠡᠬᠦᠯᠪᠡ᠃ | 3. ᠲᠠᠶᠢᠴᠢᠭᠤᠳ ᠮᠠᠨᠰᠠᠩ ᠤᠨ ᠤᠷᠴᠢᠭᠤᠯᠵᠤ ᠲᠠᠶᠢᠯᠪᠤᠷᠢᠯᠠᠬᠰᠠᠨ᠄ ︽ᠮᠤᠩᠭᠤᠯ ᠤᠨ ᠨᠢᠭᠤᠴᠠ ᠲᠤᠪᠴᠢᠶᠠᠨ︾᠂ | 2007 ᠤᠨ ᠳᠤ ᠦᠪᠦᠷ ᠮᠤᠩᠭᠤᠯ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠭᠡᠪᠯᠡᠯ ᠤᠨ ᠬᠤᠷᠢᠶ᠎ᠠ | ᠠᠴᠠ ᠭᠡᠪᠯᠡᠬᠦᠯᠪᠡ᠃ | 4. ᠪᠤᠶᠠᠨᠬᠡᠰᠢᠭ᠂ ᠲ᠊ · ᠪᠠᠳᠮ᠎ᠠ ᠶᠢᠨ ᠡᠮᠬᠢᠳᠭᠡᠨ ᠨᠠᠶᠢᠷᠠᠭᠤᠯᠤᠬᠰᠠᠨ᠄ ︽ᠵᠢᠩᠭᠠᠷ︾ ᠂ 1982 ᠤᠨ ᠳᠤ | ᠦᠪᠦᠷ ᠮᠤᠩᠭᠤᠯ ᠤᠨ ᠠᠷᠠᠳ ᠤᠨ ᠭᠡᠪᠯᠡᠯ ᠤᠨ ᠬᠤᠷᠢᠶ᠎ᠠ ᠠᠴᠠ ᠭᠡᠪᠯᠡᠬᠦᠯᠪᠡ᠃ | 5. ᠶᠦ᠊ · ᠴᠢᠮᠡᠳᠳᠤᠷᠵᠢ ᠶᠢᠨ ᠡᠮᠬᠢᠳᠭᠡᠭᠰᠡᠨ᠄ ︽ᠭᠡᠰᠡᠷ ᠬᠠᠭᠠᠨ ᠤ ᠲᠤᠭᠤᠵᠢ︾᠂ 1985 ᠤᠨ ᠳᠤ ᠦᠪᠦᠷ | ᠮᠤᠩᠭᠤᠯ ᠤᠨ ᠠᠷᠠᠳ ᠤᠨ ᠭᠡᠪᠯᠡᠯ ᠤᠨ ᠬᠤᠷᠢᠶ᠎ᠠ ᠠᠴᠠ ᠭᠡᠪᠯᠡᠬᠦᠯᠪᠡ᠃ | 6. ᠮᠠᠷᠺᠤ ᠫᠤᠯᠤ ﹇ᠢᠲ᠋ᠠᠯᠢ﹈᠄ ︽ᠮᠠᠷᠺᠤ ᠫᠤᠯᠤ ᠶᠢᠨ ᠠᠶᠠᠯᠠᠯ ᠤᠨ ᠲᠡᠮᠳᠡᠭᠯᠡᠯ︾᠂ 1977 ᠤᠨ ᠳᠤ ᠬᠢᠷᠢᠨ ᠤ | ᠠᠷᠠᠳ ᠤᠨ ᠭᠡᠪᠯᠡᠯ ᠤᠨ ᠬᠤᠷᠢᠶ᠎ᠠ ᠠᠴᠠ ᠭᠡᠪᠯᠡᠬᠦᠯᠪᠡ᠃ | 7. ᠢᠨᠵᠠᠨᠠᠰᠢ᠄ ︽ᠭᠦᠭᠡ ᠰᠤᠳᠤᠷ︾᠂ 1987 ᠤᠨ ᠳᠤ ᠦᠪᠦᠷ ᠮᠤᠩᠭᠤᠯ ᠤᠨ ᠠᠷᠠᠳ ᠤᠨ ᠭᠡᠪᠯᠡᠯ ᠤᠨ | ᠬᠤᠷᠢᠶ᠎ᠠ ᠠᠴᠠ ᠭᠡᠪᠯᠡᠬᠦᠯᠪᠡ᠃ | 8. ᠪ᠊ · ᠶ᠊ ᠂ ᠸᠯᠠᠳᠢᠮᠢᠷᠽᠦᠸ᠋ ﹇ᠤᠷᠤᠰ﹈᠄ ︽ᠮᠤᠩᠭᠤᠯᠴᠤᠳ ᠤᠨ ᠨᠡᠶᠢᠬᠡᠮ ᠤᠨ ᠪᠠᠶᠢᠭᠤᠯᠤᠯ ᠤᠨ ᠲᠡᠤᠭᠡ︾᠂ | 1981 ᠤᠨ ᠳᠤ ᠦᠪᠦᠷ ᠮᠤᠩᠭᠤᠯ ᠤᠨ ᠠᠷᠠᠳ ᠤᠨ ᠭᠡᠪᠯᠡᠯ ᠤᠨ ᠬᠤᠷᠢᠶ᠎ᠠ ᠠᠴᠠ ᠭᠡᠪᠯᠡᠬᠦᠯᠪᠡ᠃ | 9. ᠵᠠᠩ ᠳ᠋ᠤᠸᠠᠨ ᠰᠢ ᠵᠤᠬᠢᠶᠠᠵᠤ᠂ ᠪᠤᠶᠠᠨᠳᠡᠯᠭᠡᠷ᠂ ᠬᠡᠷᠡᠯᠳᠦ ᠮᠤᠩᠭᠤᠯᠴᠢᠯᠠᠬᠰᠠᠨ᠄ ︽ᠡᠾᠦ᠋ᠩᠨᠦ ᠬᠠᠭᠠᠨᠳᠦ ᠤᠯᠤᠰ | ᠤᠨ ᠮᠦᠬᠦᠯ︾᠂ 2016 ᠤᠨ ᠳᠤ ᠦᠪᠦᠷ ᠮᠤᠩᠭᠤᠯ ᠤᠨ ᠰᠤᠶᠤᠯ ᠤᠨ ᠭᠡᠪᠯᠡᠯ ᠤᠨ ᠬᠤᠷᠢᠶ᠎ᠠ ᠠᠴᠠ ᠭᠡᠪᠯᠡᠬᠦᠯᠪᠡ | ᠃ | 10. ᠲ᠊ · ᠤᠶᠤᠨ᠎ᠠ᠂ ᠠ᠊ · ᠲᠤᠬᠳᠠᠬᠤ᠂ ᠬᠠᠩᠭᠠᠢ ᠨᠠᠷ᠄ ︽ᠮᠤᠩᠭᠤᠯ ᠤᠨ ᠲᠤᠮᠤᠬᠳᠦ ᠬᠠᠳᠤᠳ︾᠂ | 2010 ᠤᠨ ᠳᠤ ᠦᠪᠦᠷ ᠮᠤᠩᠭᠤᠯ ᠤᠨ ᠠᠷᠠᠳ ᠤᠨ ᠭᠡᠪᠯᠡᠯ ᠤᠨ ᠬᠤᠷᠢᠶ᠎ᠠ ᠠᠴᠠ ᠭᠡᠪᠯᠡᠬᠦᠯᠪᠡ᠃ | 11. ᠵᠧᠺ ᠸᠧᠳᠧᠷᠪᠦᠷᠳ᠋ ︵ᠠᠮᠧᠷᠢᠺᠠ︶᠄ ︽ᠦᠨᠦ ᠶᠢᠨ ᠶᠢᠷᠳᠢᠨᠴᠦ ᠶᠢ ᠦᠨᠳᠦᠰᠦᠯᠡᠭᠴᠢ ᠡᠵᠡᠨ ᠴᠢᠩᠬᠢᠰ | ᠬᠠᠭᠠᠨ︾᠂ 2014 ᠤᠨ ᠳᠤ ᠤᠯᠠᠨ ᠤᠯᠤᠰ ᠤᠨ ᠮᠤᠩᠭᠤᠯ ᠰᠤᠶᠤᠯ ᠰᠤᠳᠤᠯᠬᠤ ᠨᠡᠶᠢᠭᠡᠮᠯᠢᠭ ᠠᠴᠠ ᠭᠡᠪᠯᠡᠭᠦᠯᠪᠡ | ᠃ | 12. ᠵᠧᠺ ᠸᠧᠳᠧᠷᠪᠦᠷᠳ᠋ ︵ᠠᠮᠧᠷᠢᠺᠠ︶᠄ ︽ᠮᠤᠩᠭᠤᠯ ᠤᠨ ᠶᠡᠭᠡ ᠬᠠᠳᠤᠳ ᠤᠨ ᠨᠢᠭᠤᠴᠠ ᠲᠤᠪᠴᠢᠶᠠᠨ︾᠂ | 2014 ᠤᠨ ᠳᠤ ᠤᠯᠠᠨ ᠤᠯᠤᠰ ᠤᠨ ᠮᠤᠩᠭᠤᠯ ᠰᠤᠶᠤᠯ ᠰᠤᠳᠤᠯᠬᠤ ᠨᠡᠶᠢᠭᠡᠮᠯᠢᠭ ᠠᠴᠠ ᠭᠡᠪᠯᠡᠭᠦᠯᠪᠡ᠃ | 13. ᠱ᠊ · ᠨᠠᠴᠤᠬᠳᠤᠷᠵᠢ ﹇ᠮᠤᠩᠭᠤᠯ﹈᠄ ︽ᠮᠠᠨᠳᠤᠬᠠᠢ ᠰᠡᠴᠡᠨ ︾ ︵ᠲᠡᠤᠭᠡᠨ ᠷᠤᠮᠠᠨ︶᠂ 2007 ᠤᠨ | ᠳᠤ ᠦᠪᠦᠷ ᠮᠤᠩᠭᠤᠯ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠭᠡᠪᠯᠡᠯ ᠤᠨ ᠬᠤᠷᠢᠶ᠎ᠠ ᠠᠴᠠ ᠭᠡᠪᠯᠡᠬᠦᠯᠪᠡ᠃ | | 14. ᠪᠢᠮᠪᠠ ᠶᠢᠨ ᠰᠠᠷᠠᠨᠳᠤᠶᠠᠭ᠎ᠠ ﹇ᠮᠤᠩᠭᠤᠯ﹈᠄ ︽ᠰᠤᠷᠬᠠᠬᠳᠠᠨᠢ ᠪᠠᠬᠢ ᠬᠠᠳᠤᠨ︾ ︵ᠲᠡᠤᠭᠡᠨ ᠷᠤᠮᠠᠨ︶᠂ | 2016 ᠤᠨ ᠳᠤ ᠯᠢᠶᠤᠤᠨᠢᠩ ᠤᠨ ᠦᠨᠳᠦᠰᠦᠳᠡᠨ ᠤ ᠭᠡᠪᠯᠡᠯ ᠤᠨ ᠬᠤᠷᠢᠶ᠎ᠠ ᠠᠴᠠ ᠭᠡᠪᠯᠡᠬᠦᠯᠪᠡ᠃ | 15. ᠪᠢᠮᠪᠠ ᠶᠢᠨ ᠰᠠᠷᠠᠨᠳᠤᠶᠠᠭ᠎ᠠ ﹇ᠮᠤᠩᠭᠤᠯ﹈᠄ ︽ ᠰᠠᠮᠤᠷ ᠬᠠᠳᠤᠨ︾ ︵ᠲᠡᠤᠭᠡᠨ ᠷᠤᠮᠠᠨ︶᠂ 2018 ᠤᠨ | ᠳᠤ ᠦᠨᠳᠦᠰᠦᠳᠡᠨ ᠤ ᠭᠡᠪᠯᠡᠯ ᠤᠨ ᠬᠤᠷᠢᠶ᠎ᠠ ᠠᠴᠠ ᠭᠡᠪᠯᠡᠬᠦᠯᠪᠡ᠃ | 16. ᠪ᠊ · ᠰᠢᠭᠦᠳᠡᠷᠢᠴᠡᠴᠡᠭ ﹇ᠮᠤᠩᠭᠤᠯ﹈᠄ ︽ᠲᠤᠮᠤᠬᠳᠦ ᠠᠨᠤ ᠬᠠᠳᠤᠨ︾ ︵ᠲᠡᠤᠭᠡᠨ ᠷᠤᠮᠠᠨ︶᠂ 2016 | ᠤᠨ ᠳᠤ ᠯᠢᠶᠤᠤᠨᠢᠩ ᠤᠨ ᠦᠨᠳᠦᠰᠦᠳᠡᠨ ᠤ ᠭᠡᠪᠯᠡᠯ ᠤᠨ ᠬᠤᠷᠢᠶ᠎ᠠ ᠠᠴᠠ ᠭᠡᠪᠯᠡᠬᠦᠯᠪᠡ᠃ | 17. ᠮᠦᠩᠭᠡᠳᠡᠯᠭᠡᠷ᠄ ︽ ︿ᠲᠦᠷᠦ ᠵᠠᠬᠢᠷᠤᠬᠴᠢ ᠭᠦᠩᠵᠦ ﹀ ᠠᠯᠠᠭ᠎ᠠ ᠪᠠᠬᠢ︾ ᠂ 2011 ᠤᠨ ᠳᠤ ᠦᠪᠦᠷ | ᠮᠤᠩᠭᠤᠯ ᠤᠨ ᠠᠷᠠᠳ ᠤᠨ ᠭᠡᠪᠯᠡᠯ ᠤᠨ ᠬᠤᠷᠢᠶ᠎ᠠ ᠠᠴᠠ ᠭᠡᠪᠯᠡᠬᠦᠯᠪᠡ᠃ | 18. ᠭᠦᠢ ᠷᠦ᠋ᠩ᠄ ︽ᠡᠷᠳᠡᠨ ᠤ ᠮᠤᠩᠭᠤᠯ ᠤᠨ ᠰᠤᠤᠳᠦ ᠡᠮᠡᠭᠳᠡᠶᠢᠴᠦᠤᠳ︾ ᠂ 1992 ᠤᠨ ᠳᠤ ᠦᠪᠦᠷ | ᠮᠤᠩᠭᠤᠯ ᠤᠨ ᠠᠷᠠᠳ ᠤᠨ ᠭᠡᠪᠯᠡᠯ ᠤᠨ ᠬᠤᠷᠢᠶ᠎ᠠ ᠠᠴᠠ ᠭᠡᠪᠯᠡᠬᠦᠯᠪᠡ᠃ | 19. ᠰ᠊ · ᠵᠢᠷᠭᠠᠯᠰᠠᠶᠢᠬᠠᠨ᠂ ᠯ᠊ · ᠤᠳᠪᠠᠯᠠ ᠄ ︽ᠴᠢᠩᠬᠢᠰ ᠬᠠᠭᠠᠨ ᠤ ᠨᠢᠭᠤᠴᠠ ᠲᠡᠤᠭᠡ︾ ︵ᠲᠡᠤᠭᠡᠨ | ᠷᠤᠮᠠᠨ︶᠂ 2012 ᠤᠨ ᠳᠤ ᠯᠢᠶᠤᠤᠨᠢᠩ ᠤᠨ ᠦᠨᠳᠦᠰᠦᠳᠡᠨ ᠤ ᠭᠡᠪᠯᠡᠯ ᠤᠨ ᠬᠤᠷᠢᠶ᠎ᠠ ᠠᠴᠠ ᠭᠡᠪᠯᠡᠬᠦᠯᠪᠡ᠃ | 20. ︽ᠴᠢᠩᠬᠢᠰ ᠬᠠᠭᠠᠨ ᠤ ᠠᠮᠵᠢᠯᠳᠠ ᠶᠢᠨ ᠨᠢᠭᠤᠴᠠ︾ | 21. ᠮᠦᠯᠳᠦᠳᠦ ᠰᠠᠶᠢᠬᠠᠨᠴᠢᠮᠡᠭ᠄ ︽ᠮᠤᠩᠭᠤᠯᠵᠢᠨ ᠭᠤᠸ᠎ᠠ ᠬᠠᠳᠤᠳ︾᠂ 2015 ᠤᠨ ᠳᠤ ᠠᠷᠠᠳ ᠤᠨ | ᠭᠡᠪᠯᠡᠯ ᠤᠨ ᠬᠤᠷᠢᠶ᠎ᠠ ᠠᠴᠠ ᠭᠡᠪᠯᠡᠬᠦᠯᠪᠡ᠃ | 22. ᠤ · ᠲᠠᠷᠮᠠᠪᠠᠽᠠᠷ᠄ ︽ᠮᠤᠩᠭᠤᠯ ᠦᠨᠳᠦᠰᠦᠳᠡᠨ ᠤ ᠲᠡᠤᠭᠡᠨ ᠳᠠᠬᠢ ᠰᠤᠳᠤᠨ ᠪᠦᠰᠡᠭᠦᠶᠢᠴᠤᠳ ᠤᠨ | ᠴᠠᠳᠢᠭ ᠤᠨ ᠲᠤᠪᠴᠢᠶᠠᠨ︾᠂ 2015 ᠤᠨ ᠳᠤ ᠦᠪᠦᠷ ᠮᠤᠩᠭᠤᠯ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ | ᠤᠨ ᠭᠡᠪᠯᠡᠯ ᠤᠨ ᠬᠤᠷᠢᠶ᠎ᠠ ᠠᠴᠠ ᠭᠡᠪᠯᠡᠬᠦᠯᠪᠡ᠃ | 23. ᠡᠷᠳᠡᠨᠢᠭᠤᠸ᠎ᠠ᠄ ︽ᠮᠤᠩᠭᠤᠯ ᠪᠠᠭᠠᠳᠤᠷᠯᠢᠭ ᠲᠤᠤᠯᠢ ᠳᠠᠬᠢ ᠡᠮᠡᠭᠳᠡᠶᠢᠴᠦᠳ ᠤᠨ ᠲᠦᠷᠢ ᠶᠢᠨ ᠰᠤᠶᠤᠯ ᠵᠦᠢ ᠢ | ᠰᠤᠳᠤᠯᠤᠯ︾ ᠂ 2006 ᠤᠨ ᠳᠤ ᠦᠪᠦᠷ ᠮᠤᠩᠭᠤᠯ ᠤᠨ ᠠᠷᠠᠳ ᠤᠨ ᠭᠡᠪᠯᠡᠯ ᠤᠨ ᠬᠤᠷᠢᠶ᠎ᠠ ᠠᠴᠠ ᠭᠡᠪᠯᠡᠬᠦᠯᠪᠡ᠃ | | 24. ᠱᠠᠵᠠ ᠶᠢᠨ ᠲᠤᠷᠵᠢ᠄ ︽ᠠᠯᠤᠨ ᠭᠤᠸ᠎ᠠ︾ ᠂ 2013 ᠤᠨ ᠳᠤ ᠦᠪᠦᠷ ᠮᠤᠩᠭᠤᠯ ᠤᠨ ᠰᠤᠶᠤᠯ ᠤᠨ | ᠭᠡᠪᠯᠡᠯ ᠤᠨ ᠬᠤᠷᠢᠶ᠎ᠠ ᠠᠴᠠ ᠭᠡᠪᠯᠡᠬᠦᠯᠪᠡ᠃ | 25. ᠰᠢᠶᠠᠩ ᠮᠸᠢ᠄ ︽ᠡᠷᠳᠡᠨ ᠤ ᠮᠤᠩᠭᠤᠯ ᠡᠮᠡᠭᠳᠡᠶᠢᠴᠤᠳ ᠤᠨ ᠨᠡᠶᠢᠬᠡᠮ ᠤᠨ ᠪᠠᠶᠢᠷᠢ ᠰᠠᠭᠤᠷᠢ ᠶᠢᠨ ᠰᠤᠳᠤᠯᠤᠯ︾ | ᠂ 2011 ᠤᠨ ᠳᠤ ᠦᠪᠦᠷ ᠮᠤᠩᠭᠤᠯ ᠤᠨ ᠰᠤᠶᠤᠯ ᠤᠨ ᠭᠡᠪᠯᠡᠯ ᠤᠨ ᠬᠤᠷᠢᠶ᠎ᠠ ᠠᠴᠠ ᠭᠡᠪᠯᠡᠬᠦᠯᠪᠡ᠃ | 26. ᠯᠢ ᠮᠸᠢ ᠶᠢᠩ᠄ ︽ᠮᠤᠩᠭᠤᠯ ᠦᠨᠳᠦᠰᠦᠳᠡᠨ ᠤ ᠰᠤᠳᠤᠨ ᠬᠠᠳᠤᠳ︾᠂ 2018 ᠤᠨ ᠳᠤ ᠦᠪᠦᠷ | ᠮᠤᠩᠭᠤᠯ ᠤᠨ ᠠᠷᠠᠳ ᠤᠨ ᠭᠡᠪᠯᠡᠯ ᠤᠨ ᠬᠤᠷᠢᠶ᠎ᠠ ᠠᠴᠠ ᠭᠡᠪᠯᠡᠬᠦᠯᠪᠡ᠃ | 27. ᠰᠦᠩ ᠯᠢᠶᠠᠨ ᠨᠠᠷ ᠵᠤᠬᠢᠶᠠᠵᠤ᠂ ᠪᠤᠷᠵᠢᠬᠢᠨ ᠰᠤᠬᠳᠤᠷᠵᠠᠪ ᠤᠷᠴᠢᠭᠤᠯᠵᠤ ᠲᠠᠶᠢᠯᠪᠤᠷᠢᠯᠠᠬᠰᠠᠨ᠄ ︽ ︿ᠶᠤᠸᠠᠨ | ᠤᠯᠤᠰ ᠤᠨ ᠰᠤᠳᠤᠷ﹀ ᠲᠠᠬᠢ ᠬᠠᠳᠤᠳ ᠬᠢᠬᠡᠳ ᠰᠤᠯᠠ ᠬᠠᠳᠤᠳ ᠤᠨ ᠱᠠᠰᠳᠢᠷ︾ ᠂ 2011 ᠤᠨ ᠳᠤ ᠦᠪᠦᠷ | ᠮᠤᠩᠭᠤᠯ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠭᠡᠪᠯᠡᠯ ᠤᠨ ᠬᠤᠷᠢᠶ᠎ᠠ ᠠᠴᠠ ᠭᠡᠪᠯᠡᠬᠦᠯᠪᠡ᠃ | 28. ᠰ᠊ · ᠲᠤᠯᠮ᠎ᠠ᠄ ︽ᠮᠤᠩᠭᠤᠯ ᠲᠤᠮᠤᠭ ᠵᠦᠢ ᠶᠢᠨ ᠲᠦᠷᠢ︾᠂ 1998 ᠤᠨ ᠳᠤ ᠦᠪᠦᠷ ᠮᠤᠩᠭᠤᠯ ᠤᠨ | ᠰᠤᠶᠤᠯ ᠤᠨ ᠭᠡᠪᠯᠡᠯ ᠤᠨ ᠬᠤᠷᠢᠶ᠎ᠠ ᠠᠴᠠ ᠭᠡᠪᠯᠡᠬᠦᠯᠪᠡ᠃ | 29. ᠤᠷᠠᠨᠳᠠᠨ᠎ᠠ᠂ ᠪᠤᠤ ᠬᠤᠩ ᠭᠠᠩ ᠄ ︽ᠮᠤᠩᠭᠤᠯᠴᠤᠳ ᠤᠨ ᠡᠷᠳᠡᠨ ᠤ ᠭᠡᠷ ᠤᠨ ᠰᠤᠷᠭᠠᠯ︾᠂ 2017 | ᠤᠨ ᠳᠤ ᠦᠪᠦᠷ ᠮᠤᠩᠭᠤᠯ ᠤᠨ ᠠᠷᠠᠳ ᠤᠨ ᠭᠡᠪᠯᠡᠯ ᠤᠨ ᠬᠤᠷᠢᠶ᠎ᠠ ᠠᠴᠠ ᠭᠡᠪᠯᠡᠬᠦᠯᠪᠡ᠃ | 30. ᠬᠤ · ᠠᠮᠤᠷᠪᠤᠶᠠᠨ᠄ ︽ᠮᠤᠩᠭᠤᠯᠴᠤᠳ ᠤᠨ ᠲᠤᠭᠠᠨ ᠤ ᠤᠬᠠᠭᠠᠨ︾᠂ 2017 ᠤᠨ ᠳᠤ ᠦᠪᠦᠷ | ᠮᠤᠩᠭᠤᠯ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠭᠡᠪᠯᠡᠯ ᠤᠨ ᠬᠤᠷᠢᠶ᠎ᠠ ᠠᠴᠠ ᠭᠡᠪᠯᠡᠬᠦᠯᠪᠡ᠃ | 31. ᠰᠢᠨᠡᠳᠤᠶᠠᠭᠠ᠄ ︽ᠮᠤᠩᠭᠤᠯᠵᠢᠨ ᠭᠤᠸ᠎ᠠ ᠦᠬᠢᠳ ᠤᠨ ᠭᠦᠮᠦᠵᠢᠯ ᠵᠦᠢ︾᠂ 2018 ᠤᠨ ᠳᠤ ᠦᠪᠦᠷ | ᠮᠤᠩᠭᠤᠯ ᠤᠨ ᠰᠤᠶᠤᠯ ᠤᠨ ᠭᠡᠪᠯᠡᠯ ᠤᠨ ᠬᠤᠷᠢᠶ᠎ᠠ ᠠᠴᠠ ᠭᠡᠪᠯᠡᠬᠦᠯᠪᠡ᠃ | 32. ᠡᠨᠡᠷᠢᠯᠳᠦ᠄ ︽ᠭᠠᠳᠠ ᠮᠠᠶᠢᠷᠠᠨ︾ ︵ᠲᠡᠤᠭᠡᠨ ᠷᠤᠮᠠᠨ︶᠂ 1989 ᠤᠨ ᠳᠤ ᠦᠪᠦᠷ ᠮᠤᠩᠭᠤᠯ ᠤᠨ | ᠠᠷᠠᠳ ᠤᠨ ᠭᠡᠪᠯᠡᠯ ᠤᠨ ᠬᠤᠷᠢᠶ᠎ᠠ ᠠᠴᠠ ᠭᠡᠪᠯᠡᠬᠦᠯᠪᠡ᠃ | 33. ᠴ᠊ · ᠪᠦᠭᠡᠳᠡᠯᠭᠡᠷ᠄ ︽ᠮᠢᠳᠠᠨ ᠬᠠᠳᠤᠨ︾ ︵ᠲᠡᠤᠭᠡᠨ ᠷᠤᠮᠠᠨ︶᠂ 2007 ᠤᠨ ᠳᠤ ᠦᠨᠳᠦᠰᠦᠳᠡᠨ | ᠤ ᠭᠡᠪᠯᠡᠯ ᠤᠨ ᠬᠤᠷᠢᠶ᠎ᠠ ᠠᠴᠠ ᠭᠡᠪᠯᠡᠬᠦᠯᠪᠡ᠃ | 2019 ᠤᠨ ᠤ 9 ᠰᠠᠷ᠎ᠠ ᠶᠢᠨ 20 ᠤ ᠡᠳᠦᠷ | | | |