ᠬᠠᠳᠤᠨ ᠰᠦᠨᠡᠰᠦ᠂    ᠤᠷᠠᠬᠳᠠᠬᠰᠠᠨ ᠲᠡᠤᠭᠡ ᠶᠢᠨ ᠪᠠᠯᠠᠷᠬᠠᠢ ᠮᠦᠷ ᠢᠶᠠᠷ ᠁ ᠵᠢᠷᠭᠤᠭ᠎ᠠ
ᠨᠡᠶᠢᠲᠡᠯᠡᠭᠰᠡᠨ ᠴᠠᠭ᠄
2020-06-28
 ᠵᠢᠷᠭᠤᠭ᠎ᠠᠬᠡᠷᠦᠯᠦᠨ ᠤ ᠭᠦᠪᠡᠭᠡᠨ ᠳᠠᠬᠢ ᠭᠦᠳᠡᠭᠡ ᠠᠷᠠᠯ ᠳᠤ ᠤᠯᠠᠨ ᠮᠢᠩᠭᠠᠭᠤᠯᠠ ᠦᠢᠮᠡᠨ ᠪᠤᠵᠢᠬᠢᠨᠠᠯᠳᠤᠨ᠎ᠠᠭᠡᠭᠡᠷ᠎ᠡ ᠶᠢᠨ ᠰᠢᠪᠠᠭᠤ ᠪᠣᠯᠭᠠᠨ ᠭᠠᠩᠭᠠᠨᠠᠯᠳᠤᠨ ᠲᠤᠩᠭᠤᠳᠴᠦ ᠠᠶᠠᠰ ᠭᠦᠭ ᠨᠡᠮᠡᠷᠢᠯᠡᠨᠡᠮᠠᠶᠠᠭᠠᠨ ᠤ ᠠᠮᠠᠰᠠᠷ ᠮᠡᠳᠦ ᠠᠯᠳᠠᠨᠵᠤᠯᠠ ᠴᠡᠴᠡᠭᠡᠰ ᠲᠡᠯᠪᠡᠭᠡ ᠵᠠᠳᠠᠯᠤᠨ ᠮᠢᠰᠢᠶᠡᠨ ᠭᠠᠩᠬᠤᠵᠤᠠᠯᠳᠠᠨ ᠦᠩᠬᠡ ᠶᠢᠨ ᠬᠤᠷᠭᠤᠢ ᠲᠤᠭᠤᠷᠭᠠᠳᠦ ᠦᠷᠭᠦᠭᠡᠨ ᠳᠤ ᠨᠢᠵᠢᠬᠢᠷ ᠶᠡᠭᠡ ᠨᠠᠶᠢᠷ ᠬᠤᠷᠠᠯ ᠮᠦᠩᠬᠦᠨ ᠬᠠᠨᠴᠤᠶᠢᠪᠴᠢ ᠲᠠᠢ ᠰᠦᠩᠴᠢᠳ ᠲᠤᠮᠤ ᠲᠤᠮᠤ ᠬᠤᠯᠤ ᠪᠠᠷ ᠠᠶᠢᠷᠠᠭ ᠠᠷᠢᠬᠢ ᠶᠢ ᠰᠦᠩᠨᠡᠵᠦᠨᠤᠶᠠᠳ ᠲᠦᠰᠢᠮᠡᠳ ᠶᠡᠭᠡᠰ ᠰᠠᠶᠢᠳ ᠨᠠᠷ ᠲᠦᠷᠦ ᠶᠢᠨ ᠰᠠᠭᠤᠳᠠᠯ ᠳᠤ ᠲᠦᠪᠯᠡᠬᠦᠨ ᠪᠦᠭᠡᠳ ᠡᠷᠭᠢᠮᠰᠦᠭᠤᠷᠠᠨ ᠬᠡ ᠬᠠᠳᠬᠤᠮᠠᠯᠳᠦ ᠤᠯᠠᠨ ᠦᠩᠬᠡ ᠶᠢᠨ ᠬᠢᠪᠢᠰ ᠲᠡᠪᠢᠰᠭᠡᠷ ᠡᠩᠨᠡᠭᠡ ᠡᠩᠨᠡᠭᠡ ᠦᠷᠬᠦᠯᠵᠢᠯᠡᠨᠦᠨᠳᠦᠷ ᠪᠤᠬᠳᠤᠭᠤ ᠮᠠᠯᠠᠭᠠᠢ ᠲᠠᠢ ᠬᠠᠳᠤᠳ ᠪᠦᠰᠡᠭᠦᠶᠢᠴᠤᠳ ᠰᠤᠯᠤᠩᠭᠠᠨ ᠡᠭᠦᠯᠡ ᠮᠡᠳᠦ ᠭᠠᠶᠢᠬᠠᠮᠰᠢᠭᠨᠡᠭᠦᠳᠡᠯᠴᠢᠳ ᠤᠨ ᠶᠢᠷᠳᠢᠨᠴᠦ ᠳᠤ ᠲᠠᠯ᠎ᠠ ᠶᠢᠨ ᠪᠦᠰᠡᠭᠦᠶᠢᠴᠤᠳ ᠠᠮᠢᠳᠤᠷᠠᠯ ᠶᠠᠭᠤ ᠶᠢ ᠠᠶᠠᠨᠳᠠᠭᠠᠨ ᠲᠠᠨᠢᠳᠠᠭᠨᠢᠬᠡᠨ ᠲᠡᠷᠭᠡᠨ ᠤ ᠬᠤᠤᠰ ᠠᠷᠠᠯ ᠮᠡᠳᠦ ᠡᠭᠡᠨᠡᠷ ᠨᠦᠭᠦᠷ ᠤᠨ ᠵᠤᠬᠢᠴᠠᠯᠳᠤᠭᠠᠨ ᠢ ᠡᠭᠡᠨᠡᠭᠳᠡ ᠪᠠᠷᠢᠮᠳᠠᠯᠠᠳᠠᠭᠨᠤᠭᠤᠭᠠᠨ ᠲᠠᠯ᠎ᠠ ᠳᠤ ᠲᠠᠭᠤᠯᠠᠨ ᠪᠦᠵᠢᠭᠯᠡᠬᠦ ᠭᠠᠯᠪᠢᠩᠭ᠎ᠠ᠂ ᠭᠦᠭᠡ ᠠᠭᠤᠯᠠᠨ ᠳᠤ ᠭᠦᠷᠬᠢᠷᠡᠭᠴᠢ ᠯᠤᠤ ᠳᠤᠷ ᠬᠤᠤᠰᠯᠠᠨᠲᠡᠭᠷᠢ ᠭᠠᠵᠠᠷ ᠤᠨ ᠰᠤᠤ ᠭᠦᠴᠦᠨ ᠢᠶᠠᠷ ᠭᠦᠮᠦᠨ ᠤ ᠤᠷᠴᠢᠯᠠᠩ ᠳᠤ ᠭᠡᠭᠡᠷᠡᠯ ᠤᠬᠠᠭᠠᠷᠠᠯ ᠢ ᠲᠦᠭᠡᠭᠡᠨᠡᠮᠬᠢᠪᠯᠡᠭᠦᠷ ᠱᠠ ᠪᠠᠷ ᠲᠤᠯᠤᠭᠠᠢ ᠪᠠᠨ ᠪᠦᠳᠡᠭᠡᠭᠰᠡᠨ ᠠᠷᠠᠪ ᠣᠷᠣᠨ ᠤ ᠤᠷᠠᠨ ᠭᠤᠸᠠᠯᠢᠭ ᠪᠦᠰᠡᠭᠦᠶᠢᠴᠤᠳᠬᠡᠵᠢᠶ᠎ᠡ ᠴᠦ ᠭᠠᠩᠳᠠᠨ ᠪᠠᠭᠤᠷᠠᠰᠢ ᠦᠬᠡᠢ ᠸᠠᠩᠰᠦᠮᠪᠦᠷᠦ ᠮᠡᠳᠦ ᠪᠠᠷᠳᠠᠮ ᠢᠯᠠᠭᠤᠬᠰᠠᠨ ᠨᠠᠮᠠᠢᠢ ᠲᠠᠨᠢᠮᠤᠢ ᠦᠦᠪᠠᠯᠴᠢᠷ ᠨᠢᠯᠬ᠎ᠠ ᠠᠴᠠ ᠪᠠᠨ ᠬᠦᠯ ᠢᠶᠠᠨ ᠪᠤᠭᠤᠯᠭᠠᠳᠠᠭ ᠬᠠᠷᠢ ᠶᠢᠨ ᠬᠢᠨ ᠤ ᠱᠤᠶᠢᠱᠤᠭ ᠡᠮᠡᠭᠳᠡᠶᠢᠴᠤᠳᠪᠦᠬᠦᠨ ᠢ ᠪᠦᠳᠦᠭᠡᠭᠴᠢ ᠬᠠᠶᠢᠷ᠎ᠠ ᠶᠢᠨ ᠭᠦᠴᠦᠨ ᠲᠠᠢ ᠨᠡᠭᠦᠳᠡᠯᠴᠢᠨ ᠮᠤᠩᠭᠤᠯ ᠪᠦᠰᠡᠭᠦᠶᠢᠴᠤᠳ ᠢ ᠬᠠᠷᠠᠭᠠᠰᠠᠢ ᠰᠢᠨᠳᠠᠷᠠᠰᠢ ᠦᠬᠡᠢ ᠰᠠᠬᠢᠭᠤᠯᠰᠤᠨ ᠭᠦᠯᠦᠭ ᠪᠤᠯᠤᠬᠴᠢ ᠰᠢᠳᠢᠳᠦ ᠮᠡᠳᠡᠷᠡᠮᠵᠢ ᠶᠢᠨ ᠨᠢᠭᠤᠴᠠᠭᠠᠢ ᠭᠦᠴᠦ ᠪᠠᠷ ᠰᠠᠨᠰᠠᠷ ᠲᠡᠭᠷᠢ ᠤᠷᠴᠢᠯᠠᠩ ᠤᠨ ᠬᠦᠨ ᠤᠷᠤᠭᠤ ᠰᠤᠷᠢᠨᠵᠢᠨ ᠢᠯᠡᠭᠡᠯᠳᠡ ᠪᠠᠨ ᠲᠤᠬᠢᠶᠠᠯᠠᠨ ᠦᠭᠴᠦ ᠪᠠᠶᠢᠨ᠎ᠠ ᠬᠠᠶᠢᠷ᠎ᠠ ᠶᠢᠨ ᠬᠦᠨ ᠤᠷᠤᠰᠬᠠᠯ ᠠᠴᠠ ᠵᠦᠢᠷᠯᠡᠰᠢ ᠦᠬᠡᠢ ᠰᠠᠶᠢᠬᠠᠨ ᠬᠠᠮᠳᠤᠷᠠᠬᠴᠢ ᠪᠠᠨ ᠭᠦᠰᠡᠨ ᠭᠤᠶᠤᠶ᠎ᠠ ᠬᠢᠵᠠᠭᠠᠯᠠᠰᠢ ᠦᠬᠡᠢ ᠡᠷᠴᠢᠮ ᠲᠠᠪᠳᠠᠮᠵᠢ ᠪᠠᠷ ᠶᠡᠷᠦ ᠪᠤᠰᠤ ᠶᠢᠨ ᠢᠯᠠᠬᠳᠠᠰᠢ ᠦᠬᠡᠢ ᠰᠢᠳᠢ ᠶᠢ ᠦᠭᠭᠦᠭᠡᠰᠡᠢᠮᠠᠯᠴᠢᠨ ᠤᠳᠤᠮ ᠤᠨ ᠭᠤᠯᠤᠮᠳᠠ ᠵᠠᠯᠭᠠᠮᠵᠢᠯᠠᠬᠴᠢ ᠠᠷᠭᠤᠮᠠᠭ ᠤᠨ ᠨᠢᠷᠤᠭᠤᠨ᠎ᠠ ᠬᠠᠵᠠᠭᠤᠯᠳᠠᠰᠬᠢᠬᠤ ᠨᠢ ᠰᠦᠷᠯᠢᠬᠦᠨᠮᠡᠷᠬᠢᠳ ᠤᠳ ᠲᠤ ᠪᠤᠯᠢᠶᠠᠬᠳᠠᠬᠤ ᠦᠶ᠎ᠡ ᠶᠢᠨ ᠲᠡᠮᠦᠵᠢᠨ ᠤ ᠨᠤᠳᠤᠭ ᠲᠡᠭᠡᠷ᠎ᠡ ᠪᠦᠷᠳᠡ ᠨᠡᠷᠡᠳᠦ ᠦᠬᠢᠨ ᠦᠵᠡᠰᠭᠦᠯᠡᠩᠮᠠᠨᠵᠤ ᠶᠢᠨ ᠲᠠᠷᠤᠯᠠᠯ᠂ ᠵᠦᠪᠯᠡᠯᠳᠦ ᠶᠢᠨ ᠬᠢᠬᠠᠯᠳᠠ᠂ ᠭᠦᠴᠦᠷᠭᠡᠭ ᠲᠠᠷᠤᠮᠳᠠᠯᠠᠯ ᠠᠴᠠ ᠬᠠᠭᠠᠴᠠᠬᠰᠠᠨ ᠮᠤᠩᠭᠤᠯᠴᠤᠳᠮᠢᠩᠭ᠎ᠠ ᠮᠢᠩᠭᠠᠨ ᠵᠢᠯ ᠢᠶᠠᠷ ᠪᠠᠴᠢᠯᠠᠬᠳᠠᠬᠰᠠᠨ ᠲᠡᠤᠭᠡᠨ ᠲᠤᠮᠳᠠ ᠦᠪᠡᠷᠰᠡᠳ ᠢ ᠪᠠᠨ ᠲᠠᠬᠢᠨ ᠡᠷᠢᠵᠦ ᠤᠯᠬᠤᠢᠲᠡᠭᠷᠢ ᠭᠠᠵᠠᠷ ᠢ ᠪᠦᠳᠦᠭᠡᠭᠴᠢ ᠴᠤᠷ ᠤᠨ ᠭᠠᠭᠴᠠ ᠪᠤᠷᠬᠠᠨ ᠲᠡᠭᠷᠢ ᠲᠠᠨ᠎ᠠ ᠰᠦᠰᠦᠭᠯᠡᠨ ᠲᠠᠭᠠᠳᠬᠠᠨᠠᠮᠲᠡᠩᠴᠡᠭᠦᠷᠢᠳᠡᠢ ᠵᠦᠪ ᠡᠶ᠎ᠡ ᠵᠤᠬᠢᠴᠠᠯ ᠢ ᠭᠦᠭᠡ ᠨᠠᠭᠤᠷ᠂ ᠬᠠᠷ᠎ᠠ ᠵᠢᠷᠦᠬᠡᠨ ᠠᠭᠤᠯᠠᠨ᠎ᠠ ᠲᠠᠬᠢᠨ ᠢᠪᠡᠭᠡᠭᠡᠰᠡᠢᠲᠡᠭᠷᠢᠯᠢᠭ ᠠᠭᠤᠯᠠ ᠪᠤᠷᠬᠠᠨ ᠬᠠᠯᠳᠤᠨ ᠤ ᠡᠩᠭᠡᠷ ᠲᠤ ᠮᠤᠷᠢᠳᠠᠨ ᠪᠠᠭᠠᠳᠤᠷ ᠤᠨ ᠭᠠᠶᠢᠬᠠᠮᠰᠢᠭ ᠠᠬᠢᠨᠳᠠ ᠢᠯᠡᠷᠡᠵᠦᠲᠤᠤᠯᠠ ᠶᠢᠨ ᠤᠰᠤᠨ ᠤ ᠲᠤᠩᠭᠠᠯᠠᠭ ᠲᠤ ᠰᠤᠤ ᠪᠢᠯᠢᠭᠲᠦ ᠲᠡᠤᠭᠡ ᠶᠢᠨ ᠬᠠᠭᠤᠳᠠᠰᠦ ᠶᠢ ᠰᠢᠨ᠎ᠡ ᠪᠠᠷ ᠪᠢᠴᠢᠭᠯᠡᠬᠦᠢ ᠁            
 
ᠢᠷᠡᠯᠲᠡ᠄ ᠤᠶᠤᠨᠪᠢᠯᠢᠭ᠌
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号