ᠬᠠᠳᠤᠨ ᠰᠦᠨᠡᠰᠦ᠂  ᠬᠤᠶᠠᠳᠤᠭᠠᠷ  ᠪᠦᠯᠦᠭ᠂  ᠲᠤᠤᠷᠠᠳᠤ
ᠨᠡᠶᠢᠲᠡᠯᠡᠭᠰᠡᠨ ᠴᠠᠭ᠄
2020-06-12
ᠬᠤᠯᠠᠨ ᠬᠠᠳᠤᠨᠭᠦᠴᠦᠷᠭᠡᠭ ᠠᠶᠢᠮᠠᠭ ᠭᠤᠷᠪᠠᠨ ᠮᠡᠷᠬᠢᠳ ᠤᠨ ᠲᠠᠶᠢᠷ ᠤᠰᠤᠨ ᠤ ᠭᠦᠩᠵᠦ            ᠭᠦᠭᠦᠭᠡ ᠲᠤᠩᠭᠤᠳᠴᠦ ᠬᠠᠷᠢᠶᠠᠴᠠᠢ ᠪᠦᠵᠢᠬᠦ ᠮᠡᠳᠦ ᠤᠷᠠᠨ ᠠᠭᠠᠳ ᠡᠷᠬᠢᠮᠰᠦᠭᠭᠦᠴᠦᠨ ᠮᠡᠭᠦᠰᠳᠡᠵᠦ ᠤᠰᠠᠳᠬᠤ ᠶᠢᠨ ᠲᠠᠪᠠᠭᠠᠨ᠎ᠠ ᠪᠡᠯᠡᠭ ᠲᠤ ᠢᠷᠡᠭᠰᠡᠨ ᠲᠠᠬᠢᠨᠢ            ᠪᠢᠳᠡᠬᠦᠦ ᠦᠬᠡ ᠤᠩᠭᠤᠨ ᠪᠡᠶ᠎ᠡ ᠪᠠᠷ ᠨᠠᠶᠠᠭ᠎ᠠ ᠶᠢᠨ ᠬᠢᠯᠢᠰ ᠢ ᠴᠠᠭᠠᠳᠬᠠᠵᠤᠪᠢᠯᠢᠭ ᠤᠶᠤᠨ ᠬᠤᠯᠠᠴᠢ ᠤᠬᠠᠭᠠᠨ ᠢᠶᠠᠷ ᠰᠠᠷᠳᠠᠭᠤᠯ ᠢᠷᠭᠡᠨ ᠢ ᠲᠠᠶᠢᠯᠠᠨ            ᠪᠢᠯᠢᠭᠳᠦ ᠭᠦᠷᠦᠭᠡᠰᠦᠨ ᠤ ᠲᠤᠮᠤᠭ ᠢᠶᠠᠷ ᠪᠠᠭᠠᠳᠤᠷ ᠢᠳᠡᠳᠡᠳ ᠢᠶᠠᠨ ᠬᠠᠮᠠᠭᠠᠯᠠᠵᠤᠬᠤᠢ           ᠦᠵᠡᠰᠬᠦᠯᠡᠩ ᠲᠡᠭᠦᠰ ᠪᠡᠶ᠎ᠡ᠂ ᠤᠬᠠᠭᠠᠨ ᠲᠤᠩᠭᠠᠯᠠᠭ ᠰᠠᠨᠠᠭ᠎ᠠ            ᠦᠷᠯᠦᠭ ᠬᠠᠭᠠᠨ ᠤ ᠤᠨᠴᠠ ᠬᠠᠶᠢᠷ᠎ᠠ ᠳᠤ ᠰᠤᠶᠤᠷᠬᠠᠬᠳᠠᠬᠰᠠᠨ            ᠬᠤᠯᠠᠨ ᠪᠢ ᠪᠠᠷ ᠬᠠᠳᠤᠨ ᠰᠦᠨᠡᠰᠦ  ᠵᠡᠭᠦᠯᠳᠡ᠄ ᠬᠤᠯᠠᠨ ᠬᠠᠳᠤᠨ ᠪᠤᠯ ᠤᠸᠠᠰ ᠮᠡᠷᠬᠢᠳ ᠤᠨ ᠠᠬᠠᠯᠠᠬᠴᠢ ᠲᠠᠶᠢᠷ ᠤᠰᠤᠨ ᠤ ᠦᠬᠢᠨ᠂ ᠴᠢᠩᠬᠢᠰ ᠬᠠᠭᠠᠨ  ᠤ ᠬᠤᠶᠠᠳᠤᠭᠠᠷ ᠬᠠᠳᠤᠨ᠃ ᠬᠤᠯᠠᠨ ᠬᠠᠳᠤᠨ ᠠᠴᠠ ᠭᠦᠯᠬᠡᠨ ᠭᠡᠳᠡᠭ ᠨᠡᠷ᠎ᠡ ᠲᠠᠢ ᠬᠠᠨ ᠭᠦᠪᠡᠬᠦᠨ ᠲᠦᠷᠦᠬᠦᠯᠵᠦ᠂ ᠪᠠᠳᠤ ᠶᠢᠨ ᠲᠠᠶᠢᠴᠢᠯᠠᠬᠰᠠᠨ ︽ᠠᠬᠠᠮᠠᠳ ᠭᠦᠪᠡᠭᠦᠳ ᠤᠨ ᠪᠠᠷᠠᠭᠤᠨᠰᠢ ᠲᠠᠶᠢᠴᠢᠯᠠᠬᠰᠠᠨ ᠲᠠᠶᠢᠨ︾ ᠳᠤ ᠵᠤᠯ ᠪᠤᠰᠦ  ᠪᠠᠷ ᠨᠠᠰᠦ ᠨᠦᠭᠴᠢᠭᠰᠡᠨ ᠪᠢᠯᠡ᠃ ᠬᠤᠯᠠᠨ ᠬᠠᠳᠤᠨ ᠭᠤᠪᠠᠢ ᠭᠡᠭᠡᠨᠴᠢᠷ᠂ ᠰᠡᠴᠡᠨ ᠮᠡᠷᠭᠡᠨ ᠮᠦᠷᠳᠡᠭᠡᠨ ᠡᠷᠡᠰ ᠰᠢᠭᠤᠷᠬᠠᠢ᠂ ᠴᠢᠩ ᠵᠤᠷᠢᠬᠳᠦ ᠵᠠᠩ ᠴᠢᠨᠠᠷ ᠲᠠᠢ ᠪᠠᠶᠢᠵᠤ᠂ ᠴᠢᠩᠬᠢᠰ ᠬᠠᠭᠠᠨ ᠤ ᠭᠦᠨ ᠢᠳᠡᠭᠡᠯ ᠢ ᠤᠯᠵᠤ ᠤᠯᠠᠨ ᠤᠳᠠᠭᠠᠨ ᠤ ᠲᠠᠶᠢᠨ ᠪᠠᠶᠢᠯᠳᠤᠭᠠᠨ ᠳᠤ ᠡᠵᠡᠨ ᠬᠠᠭᠠᠨ ᠢ ᠲᠠᠭᠠᠵᠤ ᠬᠠᠮᠳᠦ ᠶᠠᠪᠤᠬᠰᠠᠨ ᠶᠤᠮ᠃ ᠬᠤᠯᠠᠨ ᠬᠠᠳᠤᠨ ᠢ ᠨᠠᠰᠤ ᠪᠠᠷᠠᠬᠰᠠᠨ ᠤ ᠲᠠᠷᠠᠭ᠎ᠠ ᠲᠡᠭᠦᠨ ᠤ ᠱᠠᠷᠢᠯ ᠢ ᠴᠢᠩᠬᠢᠰ ᠬᠠᠭᠠᠨ ᠤ ᠨᠠᠢᠮᠠᠨ ᠴᠠᠭᠠᠨ ᠤᠷᠳᠦ ᠳᠤ ᠪᠠᠭᠳᠠᠭᠠᠨ ᠤᠷᠤᠰᠢᠭᠤᠯᠵᠤ᠂ ᠦᠶ᠎ᠡ ᠤᠯᠠᠷᠢᠨ ᠲᠠᠬᠢᠯᠭ᠎ᠠ ᠲᠠᠶᠢᠯᠭ᠎ᠠ ᠭᠢᠭᠰᠡᠭᠡᠷ ᠢᠷᠡᠵᠡᠢ᠃               ᠶᠢᠰᠦᠢ ᠬᠠᠳᠤᠨ ᠲᠤᠷᠠᠯᠠᠯ ᠤᠨ ᠠᠯᠳᠠᠨ ᠮᠦᠴᠢᠷ ᠢ ᠲᠤᠷᠠᠳᠠᠢ ᠵᠦᠭ ᠲᠤᠷ ᠰᠤᠩᠭᠠᠨ ᠤᠷᠭᠤᠵᠤ ᠪᠠᠶᠢᠬᠤᠶ᠎ᠠ             ᠲᠤᠬᠳᠠᠭᠤᠷᠢ ᠠᠯᠳᠠᠬᠰᠠᠨ ᠰᠡᠳᠬᠢᠯ ᠮᠢᠨᠢ ᠲᠡᠪᠡᠯ ᠳᠤ ᠪᠠᠨ ᠪᠠᠭᠲᠠᠵᠤ ᠶᠠᠳᠠᠨ ᠴᠠᠯᠬᠢᠯᠠᠬᠤ ᠮᠡᠳᠦ   ᠲᠦᠷᠢᠮᠡᠬᠡᠢ ᠮᠤᠷᠢᠳ ᠤᠨ ᠤᠮᠤᠬᠯᠠᠩ ᠲᠤᠭᠤᠷᠠᠢ ᠳᠤ ᠬᠤᠪᠢ ᠵᠠᠶᠠᠭᠠᠨ ᠤ ᠤᠯᠠᠷᠢᠯ ᠦᠭᠡᠷᠡᠴᠢᠯᠡᠭᠳᠡᠨ              ᠲᠠᠭᠠᠷᠠᠬᠰᠠᠨ ᠬᠠᠨᠢ ᠮᠢᠨᠢ ᠦᠨᠢ ᠡᠷᠳᠡᠨ ᠤ ᠴᠢᠯᠦᠬᠡᠳᠦ ᠤᠳᠤᠮ ᠤᠨ ᠠᠩᠬᠠᠨ ᠤ ᠶᠡᠭᠡ ᠬᠠᠭᠠᠨᠲᠤᠷᠭᠠᠨ ᠤᠬᠠᠭᠠᠨ ᠰᠡᠴᠡᠨ ᠪᠣᠳᠣᠯ ᠢᠶᠠᠷ ᠡᠵᠡᠨ ᠤ ᠤᠮᠠᠷᠳᠠᠬᠰᠠᠨ ᠢ ᠰᠠᠨᠠᠭᠤᠯᠵᠤᠲᠤᠯᠭᠠᠭᠤᠷ ᠪᠠᠭᠠᠨ᠎ᠠ ᠮᠡᠳᠦ ᠲᠦᠷᠪᠡᠨ ᠭᠦᠪᠡᠭᠦᠨ ᠠᠴᠠ ᠲᠦᠷᠦ ᠵᠠᠯᠭᠠᠭᠤᠯᠬᠤ ᠶᠤᠰᠤᠨ ᠢ ᠠᠶᠢᠯᠠᠳᠬᠠᠪᠠᠢ     ᠡᠵᠡᠨ ᠬᠠᠭᠠᠨ ᠢᠶᠠᠨ ᠠᠮᠢᠨᠴᠢᠷᠬᠠᠨ ᠠᠰᠠᠷᠠᠵᠤ              ᠡᠴᠦᠰ ᠤᠨ ᠠᠮᠢᠰᠬᠤᠯ ᠭᠦᠷᠳᠡᠯ᠎ᠡ ᠡᠮᠰᠡᠭᠯᠡᠭᠰᠡᠨ              ᠶᠢᠰᠦᠢ ᠪᠢ ᠪᠠᠷ ᠬᠠᠳᠤᠨ ᠰᠦᠨᠡᠰᠦ               ᠵᠡᠭᠦᠯᠳᠡ᠄ ᠶᠢᠰᠦᠢ ᠬᠠᠳᠤᠨ ︵ᠶᠡᠭᠡ ᠲᠦᠯᠦᠪ 13 ᠳ᠋ᠤᠭᠠᠷ ᠵᠠᠭᠤᠨ ᠤ ᠡᠬᠢ ᠠᠴᠠ ᠲᠤᠮᠳᠠ ᠦᠶ᠎ᠡ ᠭᠦᠷᠳᠡᠯ᠎ᠡ ᠠᠮᠢᠳᠤᠷᠠᠵᠤ ᠪᠠᠶᠢᠪᠠ︶ ᠪᠤᠯ ᠲᠠᠲ᠋ᠠᠷ ᠠᠶᠢᠮᠠᠭ ᠤᠨ ᠶᠡᠭᠡ ᠴᠠᠷᠠᠨ ᠤ ᠦᠬᠢᠨ᠂ ᠴᠢᠩᠬᠢᠰ ᠬᠠᠭᠠᠨ ᠤ ᠲᠦᠷᠦ ᠶᠢᠨ ᠲᠦᠷᠪᠡᠨ ᠬᠠᠳᠤᠨ ᠤ ᠭᠤᠷᠪᠠᠳᠤᠭᠠᠷ ᠬᠠᠳᠤᠨ ᠮᠦᠨ᠃ ᠶᠢᠰᠦᠢ ᠬᠠᠳᠤᠨ ᠲᠦᠷᠦᠯᠬᠢ ᠤᠬᠠᠭᠠᠯᠢᠭ ᠴᠡᠴᠡᠨ᠂ ᠠᠯᠤᠰ  ᠤᠨ ᠪᠤᠳᠤᠯᠭ᠎ᠠ ᠲᠠᠢ᠂ ᠦᠨᠡᠨᠴᠢ ᠰᠢᠳᠤᠷᠭᠤ ᠪᠠᠶᠢᠵᠤ  ᠴᠢᠩᠬᠢᠰ ᠬᠠᠭᠠᠨ ᠤ ᠨᠠᠰᠤᠨ ᠲᠤᠷᠰᠢᠳᠠ ᠶᠢᠨ ᠰᠠᠶᠢᠨ ᠬᠠᠨᠢ᠂ ᠦᠨᠡᠨᠴᠢ ᠵᠦᠪᠯᠡᠭᠴᠢ ᠨᠢ ᠪᠤᠯᠵᠠᠢ᠃ ᠲᠡᠷᠡ ᠪᠠᠷ ᠶᠡᠭᠡ ᠮᠤᠩᠭᠤᠯ ᠬᠠᠭᠠᠨᠳᠦ ᠲᠦᠷᠦ ᠶᠢᠨ ᠦᠨᠢ ᠮᠦᠩᠬᠡ ᠶᠢᠨ ᠠᠮᠤᠷ ᠲᠦᠪᠰᠢᠨ ᠤ ᠲᠦᠯᠦᠬᠡ ᠪᠤᠳᠤᠯᠬᠢᠯᠠᠵᠤ᠂ ᠬᠠᠭᠠᠨ ᠤ ᠵᠠᠯᠭᠠᠮᠵᠢᠯᠠᠬᠴᠢ ᠪᠠᠨ ᠰᠤᠩᠭᠤᠨ ᠲᠤᠬᠳᠠᠭᠠᠬᠤ ᠲᠤᠬᠠᠢ ᠵᠤᠷᠢᠬᠳᠠᠢ ᠠᠶᠢᠯᠠᠳᠬᠠᠯ ᠭᠢᠭᠰᠡᠨ ᠠᠴᠠ ᠡᠵᠡᠨ ᠬᠠᠭᠠᠨ ᠤ ᠢᠳᠡᠭᠡᠯ ᠬᠠᠶᠢᠷ᠎ᠠ ᠶᠢ ᠤᠯᠤᠬᠰᠠᠨ ᠮᠦᠷᠳᠡᠭᠡᠨ ᠠᠯᠳᠠᠨ ᠤᠷᠤᠭ ᠤᠨ ᠬᠢᠨ᠂ ᠵᠢᠴᠢ ᠲᠦᠷᠦ ᠶᠢᠨ ᠤᠯᠠᠨ ᠨᠤᠶᠠᠳ ᠲᠦᠰᠢᠮᠡᠳ ᠤᠨ ᠭᠦᠨᠳᠦᠳᠭᠡᠯ ᠪᠢᠰᠢᠷᠡᠯ ᠢ ᠤᠯᠵᠤ᠂ ᠤᠯᠠᠨ ᠦᠶ᠎ᠡ ᠶᠢᠨ ᠬᠠᠳᠤᠳ ᠤᠨ ᠲᠠᠭᠤᠷᠢᠶᠠᠯ ᠪᠤᠯᠤᠬᠰᠠᠨ ᠢᠶᠠᠷ ᠪᠠᠷᠠᠬᠤ ᠦᠬᠡᠢ᠂ ᠪᠦᠬᠦᠢ ᠯᠡ ᠮᠤᠩᠭᠤᠯᠴᠤᠳ ᠤᠨ ᠲᠤᠷᠠᠳᠬᠠᠯ ᠳᠤ ᠮᠦᠩᠭᠡᠷᠡᠭᠰᠡᠨ ᠠᠭᠤᠤ ᠰᠤᠳᠤᠨ ᠡᠮᠡᠭᠳᠡᠢ ᠪᠤᠯᠤᠨ᠎ᠠ᠃ᠶᠢᠰᠦᠬᠡᠨ ᠬᠠᠳᠤᠨᠠᠯᠤᠬᠠᠢ ᠲᠠᠲ᠋ᠠᠷ ᠤᠨ ᠲᠦᠷᠦᠬᠦᠦ ᠪᠤᠯᠤᠬᠴᠢ ᠶᠡᠭᠡ ᠴᠡᠷᠡᠨ ᠤ ᠦᠬᠢᠨ ᠪᠢᠯᠡ              ᠠᠶᠢᠮᠠᠭ ᠮᠦᠭᠦᠭᠡᠭᠳᠡᠬᠦ ᠶᠢᠨ ᠬᠠᠳᠠᠭᠤ ᠲᠦᠭᠡᠷᠭᠡᠨ᠎ᠡ ᠬᠠᠭᠠᠨ ᠤ ᠰᠤᠶᠤᠷᠬᠠᠯ ᠢ ᠭᠦᠷᠳᠡᠯᠦᠬᠡ      ᠡᠵᠡᠨ ᠤ ᠭᠡᠰᠢᠭ ᠡᠯᠪᠡᠭ ᠬᠠᠶᠢᠷ᠎ᠠ ᠶᠢ ᠭᠠᠭᠴᠠᠭᠠᠷ ᠦᠮᠴᠢᠷᠭᠡᠭᠦ ᠶᠢ ᠲᠤᠷᠠᠯᠠᠭ᠎ᠠ ᠦᠬᠡᠢᠡᠯᠢᠬᠡ ᠦᠨᠳᠡᠯᠵᠡᠨ ᠡᠭᠡᠴᠢ ᠶᠢ ᠪᠠᠨ ᠡᠷᠬᠦᠨ ᠨᠡᠷ᠎ᠡ ᠠᠰᠢᠭ ᠢ ᠤᠮᠳᠤᠭᠠᠶᠢᠯᠠᠪᠠᠢᠠᠯᠤᠰ ᠢ ᠪᠤᠳᠤᠵᠤ ᠤᠶᠢᠷ᠎ᠠ ᠶᠢ ᠰᠡᠳᠬᠢᠬᠦ ᠶᠢᠰᠦᠬᠡᠨ ᠮᠢᠨᠦ ᠭᠦᠰᠡᠯ ᠢ ᠪᠤᠳᠤᠬᠤᠯ᠎ᠠ              ᠠᠬᠠᠢ ᠡᠭᠡᠴᠢᠳᠡᠨ ᠢ ᠮᠢᠨᠢ ᠠᠪᠳᠤᠭᠠᠢ᠂ ᠲᠤᠷᠠᠳᠠᠶ᠎ᠠ ᠪᠢ ᠰᠠᠭᠤᠳᠠᠯ ᠢᠶᠠᠨ ᠶᠡᠭᠦᠯᠡᠰᠦ        ᠲᠡᠰᠴᠦ ᠦᠯᠡᠳᠡᠬᠦ ᠶᠢᠨ ᠤᠬᠠᠭᠠᠨ ᠢ              ᠲᠡᠤᠭᠡ ᠱᠠᠰᠳᠢᠷ ᠲᠤ ᠮᠦᠩᠭᠡᠯᠡᠭᠰᠡᠨ              ᠶᠢᠰᠦᠬᠡᠨ ᠪᠢ ᠪᠠᠷ ᠬᠠᠳᠤᠨ ᠰᠦᠨᠡᠰᠦ                                         ᠵᠡᠭᠦᠯᠳᠡ᠄  ᠶᠢᠰᠦᠬᠡᠨ ᠬᠠᠳᠤᠨ ︵ᠶᠡᠭᠡ ᠲᠦᠯᠦᠪ 13 ᠳ᠋ᠤᠭᠠᠷ ᠵᠠᠭᠤᠨ ᠤ ᠡᠬᠢ ᠠᠴᠠ ᠲᠤᠮᠳᠠ ᠦᠶ᠎ᠡ ᠭᠦᠷᠳᠡᠯ᠎ᠡ ᠠᠮᠢᠳᠤᠷᠠᠵᠤ ᠪᠠᠶᠢᠪᠠ︶ ᠪᠤᠯ ᠲᠠᠲ᠋ᠠᠷ ᠠᠶᠢᠮᠠᠭ ᠤᠨ ᠶᠡᠭᠡ ᠴᠠᠷᠠᠨ ᠤ ᠦᠬᠢᠨ᠂ ᠶᠢᠰᠦᠢ ᠬᠠᠳᠤᠨ ᠤ ᠦᠬᠢᠨ ᠲᠡᠭᠦᠦ᠂ ᠴᠢᠩᠬᠢᠰ ᠬᠠᠭᠠᠨ ᠤ ᠲᠦᠷᠦ ᠶᠢᠨ ᠲᠦᠷᠪᠡᠨ ᠬᠠᠳᠤᠨ ᠤ ᠲᠦᠷᠪᠡᠳᠦᠭᠡᠷ ᠤᠷᠳᠤᠨ ᠤ ᠲᠡᠷᠢᠬᠦᠨ ᠬᠠᠳᠤᠨ ᠮᠦᠨ᠃ ᠶᠢᠰᠦᠬᠡᠨ ᠬᠠᠳᠤᠨ ᠠᠬᠠᠰ ᠵᠠᠬᠠᠰ ᠲᠠᠭᠠᠨ ᠠᠴᠢᠯᠠᠯ ᠡᠯᠪᠡᠷᠯ ᠲᠠᠢ᠂ ᠡᠭᠡᠴᠢ ᠲᠡᠭᠦᠦ ᠶᠢᠨ ᠡᠶ᠎ᠡ ᠨᠠᠶᠢᠷ ᠢ ᠡᠷᠭᠡ ᠵᠡᠷᠭᠡ  ᠠᠴᠠ ᠴᠢᠬᠤᠯᠠ ᠳᠤ ᠦᠵᠡᠭᠴᠢ᠂ ᠠᠭᠤᠵᠢᠭᠤ ᠲᠠᠶᠢᠪᠤᠭᠤ᠂ ᠡᠶᠡᠯᠳᠡᠭ ᠨᠠᠶᠢᠷᠠᠮᠳᠠᠭᠤ ᠵᠠᠩ ᠠᠷᠠᠨᠰᠢᠨ ᠲᠠᠢ᠃ ᠴᠢᠩᠬᠢᠰ ᠬᠠᠭᠠᠨ ᠪᠤᠯᠤᠨ ᠶᠢᠰᠦᠬᠡᠨ ᠬᠠᠳᠤᠨ ᠠᠴᠠ ᠬᠠᠷᠠᠴᠠᠷ᠂ ᠬᠠᠷᠭᠠᠳᠦ᠂ ᠴᠠᠬᠤᠷ ᠭᠡᠮᠡᠬᠦ ᠭᠤᠷᠪᠠᠨ ᠬᠠᠨ ᠭᠦᠪᠡᠬᠦᠨ ᠮᠡᠨᠳᠦᠯᠡᠵᠡᠢ᠃ ᠲᠡᠮᠦᠵᠢᠨ᠂ ᠲᠠᠲ᠋ᠠᠷᠴᠤᠳ ᠢ ᠢᠯᠠᠬᠰᠠᠨ ᠤ ᠲᠠᠷᠠᠭ᠎ᠠ ︽ᠲᠡᠷᠭᠡᠨ ᠤ ᠴᠦ᠋ ᠲᠠᠢ ᠦᠯᠢᠳᠭᠡᠨ ︾ ᠬᠢᠳᠤᠵᠤ ᠪᠠᠶᠢᠬᠰᠠᠨ᠎ᠠ ᠲᠠᠲ᠋ᠠᠷ ᠤᠨ ᠠᠬᠠᠯᠠᠬᠴᠢ ᠶᠡᠭᠡ ᠴᠡᠷᠢᠨ ᠤ ᠦᠬᠢᠨ ᠶᠢᠰᠦᠬᠡᠨ ᠢ ᠤᠯᠵᠠᠯᠠᠨ ᠬᠠᠳᠤᠨ ᠢᠶᠠᠨ ᠪᠤᠯᠭᠠᠨ ᠠᠪᠤᠬᠰᠠᠨ ᠳᠤ᠂ ᠶᠢᠰᠦᠬᠡᠨ ᠬᠠᠳᠤᠨ ᠴᠢᠩ ᠦᠨᠡᠨᠴᠢ ᠪᠠᠷ ᠡᠭᠡᠴᠢ ᠶᠢ ᠪᠠᠨ ᠠᠶᠢᠯᠠᠳᠬᠠᠨ ᠮᠡᠳᠡᠬᠦᠯᠵᠦ᠂ ︽ᠬᠠᠭᠠᠨ ᠬᠦᠮᠦᠨ ᠳᠤ ᠵᠤᠬᠢᠯᠳᠤᠬᠤ ᠵᠢᠰᠦᠯᠢᠭ ᠪᠦᠯᠦᠬᠡ ᠁ ᠬᠠᠭᠠᠨ ᠰᠤᠶᠤᠷᠬᠠᠵᠤ ᠡᠬᠡᠴᠢ ᠶᠢ ᠮᠢᠨᠢ ᠠᠪᠴᠢᠷᠠᠪᠠᠯ ᠪᠢ ᠡᠭᠡᠴᠢ ᠳᠡᠭᠡᠨ ᠵᠠᠶᠢᠯᠠᠵᠤ ᠦᠭᠭᠦᠶ᠎ᠡ︕︾ ᠭᠡᠮᠡᠭᠰᠡᠨ ᠢᠶᠠᠷ ᠴᠢᠩᠬᠢᠰ ᠬᠠᠭᠠᠨ ᠲᠡᠶᠢᠨ ᠶᠢᠰᠦᠢ ᠶᠢ ᠭᠤᠷᠪᠠᠳᠠᠬᠢ ᠬᠠᠳᠤᠨ ᠪᠤᠯᠭᠠᠵᠤ᠂ ᠶᠢᠰᠦᠬᠡᠨ ᠬᠠᠳᠤᠨ ᠤ ᠲᠡᠭᠡᠳᠦ ᠰᠠᠭᠤᠳᠠᠯ ᠳᠤ ᠰᠠᠭᠤᠯᠭᠠᠬᠰᠠᠨ ᠪᠢᠯᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号