ᠬᠠᠳᠤᠨ ᠰᠦᠨᠡᠰᠦ᠂  ᠬᠤᠶᠠᠳᠤᠭᠠᠷ ᠪᠦᠯᠦᠭ ᠂ ᠲᠡᠭᠡᠳᠦ
ᠨᠡᠶᠢᠲᠡᠯᠡᠭᠰᠡᠨ ᠴᠠᠭ᠄
2020-06-12
ᠬᠤᠶᠠᠳᠤᠭᠠᠷ ᠪᠦᠯᠦᠭ ᠭᠦᠵᠢ ᠶᠢᠨ ᠤᠳᠤᠭ᠎ᠠ ᠨᠠᠷᠢᠬᠠᠨ ᠪᠤᠯᠪᠠᠴᠦ ᠭᠦᠭᠡ ᠲᠡᠭᠷᠢ ᠶᠢ ᠨᠡᠪᠳᠡᠯᠬᠦ ᠴᠢᠨᠠᠷ ᠲᠠᠢᠭᠦᠭᠵᠢᠮᠯᠡᠭᠡᠳ ᠱᠠᠳᠯᠠᠬᠰᠠᠨ ᠦᠭᠡ ᠮᠢᠨᠢ ᠴᠠᠭ ᠵᠠᠢ ᠶᠢ ᠡᠪᠬᠡᠬᠦ ᠤᠪᠠᠳᠢᠰ ᠲᠠᠢᠰᠠᠩ ᠤᠨ ᠤᠳᠤᠭ᠎ᠠ ᠨᠠᠷᠢᠬᠠᠨ ᠪᠤᠯᠪᠠᠴᠦ ᠰᠠᠨᠰᠠᠷ ᠲᠡᠭᠷᠢ ᠶᠢ ᠨᠡᠪᠳᠡᠯᠬᠦ ᠰᠢᠳᠢ ᠲᠠᠢᠱᠠᠳᠯᠠᠭᠠᠳ ᠭᠡᠯᠭᠢᠭᠰᠡᠨ ᠦᠰᠦᠭ ᠮᠢᠨᠢ ᠡᠷᠢᠨ ᠵᠠᠭᠤᠨ ᠢ ᠲᠤᠪᠴᠢᠯᠠᠬᠤ ᠷᠢᠳᠢ ᠲᠠᠢᠬᠠᠷᠠᠭᠤᠳᠠᠢ ᠲᠡᠷᠭᠡ ᠴᠢᠨᠢ ᠤᠳᠠᠭᠠᠨ ᠪᠤᠯᠪᠠᠴᠦ ᠭᠡᠭᠡᠷ᠎ᠡ ᠶᠢᠨ ᠨᠡᠭᠦᠳᠡᠯ ᠳᠤ ᠪᠠᠨ ᠡᠷᠳᠡᠨᠢ ᠶᠤᠮᠬᠠᠰᠠᠭ ᠲᠡᠷᠭᠡ ᠴᠢᠨᠢ ᠲᠠᠶᠢᠪᠤᠭᠤᠬᠠᠨ ᠪᠤᠯᠪᠠᠴᠦ ᠢᠰᠡᠭᠡᠢ ᠲᠤᠭᠤᠷᠭᠠᠲᠠᠨ ᠳᠤ ᠪᠠᠨ ᠨᠡᠭᠦᠳᠡᠯ ᠶᠤᠮᠦᠤᠬᠡ ᠲᠡᠤᠭᠡ ᠶᠢᠨ ᠲᠤᠮᠳᠠᠭᠤᠷ ᠴᠢᠯᠦᠭᠡᠳᠡᠢ ᠨᠡᠭᠦᠳᠡᠯᠯᠡᠭᠰᠡᠭᠡᠷᠦᠯᠢᠳᠭᠡᠰᠢ ᠦᠬᠡᠢ ᠨᠢᠭᠤᠴᠠ ᠲᠤᠪᠴᠢᠶᠠᠨ ᠠᠴᠠ ᠢᠷᠡᠭᠰᠡᠨᠲᠤᠮᠤᠭ ᠤᠨ ᠪᠢ ᠪᠠᠷ ᠬᠠᠳᠤᠨ ᠰᠦᠨᠡᠰᠦᠭᠤᠸ᠎ᠠ ᠮᠠᠷᠠᠯ ᠬᠠᠳᠤᠨᠮᠦᠩᠭᠦᠨ ᠲᠤᠭᠤᠷᠠᠢ ᠳᠤ ᠪᠠᠨ ᠴᠡᠴᠡᠭ  ᠵᠠᠩᠭᠢᠳᠣᠨ ᠲᠤᠬᠯᠠᠬᠤ ᠲᠡᠭᠷᠢ ᠶᠢᠨ ᠭᠦᠯᠦᠭ        ᠮᠦᠨᠦᠭᠡᠨ ᠬᠡᠭᠦ   ᠳᠤ ᠮᠢᠩᠭᠠᠨ ᠵᠠᠭᠤᠨ ᠢ ᠡᠪᠭᠡᠭᠡᠳ ᠲᠠᠪᠬᠢᠮᠠᠷ ᠲᠤᠮᠤᠭ ᠤᠨ ᠠᠯᠳᠠᠨ ᠵᠢᠭᠦᠷ ᠲᠠᠢᠮᠦᠷᠦ ᠮᠦᠷᠦ ᠪᠠᠨ ᠱᠦᠷᠭᠦᠯᠴᠡᠨ ᠲᠦᠷᠦᠭᠡ ᠬᠠᠷᠰᠢᠭᠤᠯᠤᠬᠰᠠᠭᠠᠷ ᠡᠷᠭᠦᠨ᠎ᠡ ᠬᠤᠨ ᠠᠴᠠ ᠮᠤᠷᠳᠠᠵᠤ       ᠮᠦᠷᠦᠭᠡᠳᠦᠯ ᠤᠨ ᠬᠠᠷ᠎ᠠ ᠬᠦᠦ ᠲᠠᠢ ᠪᠠᠨ ᠢᠵᠢᠯᠢᠰᠢᠨ ᠡᠷᠭᠡ ᠴᠢᠯᠦᠭᠡᠨ ᠤ ᠵᠦᠭ ᠨᠡᠭᠦᠵᠡᠬᠦᠢᠮᠤᠩᠭᠤᠯ ᠨᠤᠳᠤᠭ ᠤᠨ ᠠᠭᠤᠳᠠᠮ ᠭᠡᠪᠡᠯᠢ ᠳᠤ ᠡᠵᠡᠨ ᠶᠤᠰᠤᠭᠠᠷ ᠡᠷᠭᠢᠮᠰᠦᠭ ᠭᠡᠳᠡᠶᠢᠨ ᠮᠤᠷᠢᠳᠠᠨ ᠤᠳᠤᠮ ᠤᠨ ᠡᠷᠡᠯᠭᠡᠭ ᠵᠢᠪᠬᠤᠭ᠎ᠠ ᠶᠢ ᠶᠢᠷᠳᠢᠨᠴᠦ ᠳ᠋ᠠᠬᠢᠨ᠎ᠠ ᠲᠤᠩᠬᠠᠬᠯᠠᠬᠤᠢ          ᠲᠠᠩᠬᠢᠰ ᠭᠠᠳᠤᠯᠤᠨ ᠲᠢᠪ ᠲᠠᠮᠵᠢᠬᠰᠠᠭᠠᠷ ᠢᠷᠡᠭᠰᠡᠨ             ᠲᠡᠷᠲᠡᠭᠡ ᠴᠠᠭ ᠤᠨ ᠡᠷᠭᠦᠨ᠎ᠡ ᠬᠤᠨ ᠤ ᠲᠠᠰᠤᠷᠬᠠᠢ       ᠭᠤᠸ᠎ᠠ ᠮᠠᠷᠠᠯ ᠪᠢ ᠪᠠᠷ ᠬᠠᠳᠤᠨ ᠰᠦᠨᠡᠰᠦ   ᠵᠡᠭᠦᠯᠳᠡ᠄  ᠭᠤᠸ᠎ᠠ ᠮᠠᠷᠠᠯ ᠪᠤᠯ ᠴᠢᠩᠬᠢᠰ ᠬᠠᠭᠠᠨ ᠤ ᠢᠵᠠᠭᠤᠷ ᠲᠡᠭᠡᠳᠦᠰ ᠲᠡᠭᠡᠳᠦ ᠲᠡᠭᠷᠢ ᠠᠴᠠ ᠵᠠᠶᠠᠭᠠᠳᠦ ᠲᠦᠷᠦᠭᠰᠡᠨ ᠪᠦᠷᠳᠠ ᠴᠢᠨ᠋ᠸ᠎ᠠ ᠶᠢᠨ ᠬᠠᠳᠤᠨ᠂ ᠮᠤᠩᠭᠤᠯᠴᠤᠳ ᠢ ᠲᠦᠷᠦᠭᠦᠯᠦᠭᠰᠡᠨ ᠪᠤᠬᠳᠠ ᠡᠮᠡᠭᠡ ᠪᠤᠯᠤᠨ᠎ᠠ᠃ ᠪᠦᠷᠳᠠ ᠴᠢᠨ᠋ᠸ᠎ᠠ ᠪᠤᠯᠤᠨ ᠭᠤᠸ᠎ᠠ ᠮᠠᠷᠠᠯ ᠡᠷᠭᠦᠨ᠎ᠡ ᠬᠤᠨ ᠠᠴᠠ ᠮᠤᠷᠳᠠᠵᠤ ᠲᠠᠩᠬᠢᠰ ᠭᠡᠳᠦᠯᠦᠨ ᠢᠷᠡᠵᠦ᠂ ᠤᠨᠤᠨ ᠮᠦᠷᠡᠨ ᠤ ᠡᠬᠢ ᠪᠤᠷᠬᠠᠨ ᠬᠠᠯᠳᠤᠨ ᠳᠤ ᠨᠤᠳᠤᠬᠯᠠᠵᠤ᠂ ᠭᠦᠪᠡᠭᠦᠨ ᠪᠠᠳᠠᠴᠢ ᠬᠠᠨ ᠢ ᠲᠦᠷᠦᠭᠦᠯᠪᠡ᠃ ᠭᠤᠸ᠎ᠠ ᠮᠠᠷᠠᠯ ᠪᠤᠯ ᠲᠡᠤᠭᠡ ᠰᠤᠳᠤᠷ ᠲᠤ ᠬᠠᠮᠤᠭ ᠠᠩᠬ᠎ᠠ ᠲᠡᠮᠳᠡᠭᠯᠡᠭᠳᠡᠭᠰᠡᠨ ᠡᠷᠳᠡᠨ ᠤ ᠮᠤᠩᠭᠤᠯ ᠡᠮᠡᠭᠳᠡᠢ ᠪᠠᠶᠢᠵᠤ᠂ ᠲᠡᠭᠦᠨ  ᠤ ᠪᠤᠷᠬᠠᠨ ᠭᠡᠪᠡᠯᠢ ᠠᠴᠠ ᠭᠦᠪᠦᠷᠡᠨ ᠲᠡᠯᠭᠡᠷᠡᠭᠰᠡᠨ ᠮᠤᠩᠭᠤᠯᠴᠤᠳ ᠦᠨᠢ ᠡᠭᠦᠷᠢᠳᠡ ᠲᠠᠯ᠎ᠠ ᠨᠤᠳᠤᠭ ᠤᠨ ᠢᠶᠠᠨ ᠲᠠᠷᠬᠠᠨ ᠡᠵᠡᠨ ᠨᠢ ᠪᠤᠯᠵᠤ᠂ ᠭᠤᠸ᠎ᠠ ᠮᠠᠷᠠᠯ ᠪᠤᠯᠤᠨ ᠪᠦᠷᠳᠠ ᠴᠢᠨ᠋ᠸ᠎ᠠ ᠶᠢᠨ ᠬᠤᠷᠢᠨ ᠲᠦᠷᠪᠡᠳᠦᠭᠡᠷ ᠦᠶ᠎ᠡ ᠶᠢᠨ ᠬᠤᠶᠢᠴᠢᠰ ᠪᠤᠯᠬᠤ ᠲᠡᠮᠦᠵᠢᠨ ᠴᠢᠩᠬᠢᠰ ᠬᠠᠭᠠᠨ ᠪᠠᠷ ᠬᠤᠷᠳᠤᠨ ᠭᠦᠯᠦᠭ ᠤᠨ ᠲᠤᠭᠤᠷᠠᠢ ᠪᠠᠷ ᠲᠡᠯᠡᠭᠡᠢ ᠶᠢᠨ ᠬᠠᠨ ᠲᠡᠤᠭᠡ ᠶᠢ ᠪᠢᠴᠢᠭᠯᠡᠵᠦ᠂ ᠮᠤᠩᠭᠤᠯ ᠭᠡᠳᠡᠭ ᠨᠡᠷ᠎ᠡ ᠪᠠᠨ ᠪᠦᠮᠪᠦᠷᠴᠡᠭ ᠲᠠᠶᠠᠭᠠᠷ ᠱᠠᠬᠰᠢᠭᠤᠯᠵᠠᠢ᠃   ᠠᠯᠤᠨ ᠭᠤᠸ᠎ᠠ ᠬᠠᠳᠤᠨᠲᠤᠮᠤᠭ ᠤᠨ ᠦᠩᠭᠡᠳᠡᠢ ᠴᠡᠭᠡᠨ ᠰᠢᠷ᠎ᠠ ᠯᠤᠭ᠎ᠠ ᠦᠳᠡᠰᠢ ᠪᠦᠷᠢ ᠠᠭᠤᠰᠤᠯᠳᠤᠷᠤᠨᠲᠡᠭᠷᠢ ᠡᠰᠢ ᠲᠠᠢ ᠲᠤᠷᠭᠠᠨ ᠭᠡᠪᠡᠯᠢ ᠳᠤ ᠮᠢᠨᠢ ᠨᠠᠷᠠᠨ ᠰᠠᠷᠠᠨ ᠰᠢᠩᠭᠡᠯᠦᠭᠡᠲᠠᠷᠠᠭᠠᠭᠰᠠᠨ ᠱᠠᠭᠠᠢ ᠰᠢᠭ᠋ ᠤᠯᠠᠨ ᠠᠶᠢᠮᠠᠭ ᠢ ᠬᠤᠮᠢᠵᠤ ᠬᠤᠷᠢᠶᠠᠬᠤ ᠶᠢᠨ ᠪᠡᠯᠭᠡ ᠪᠠᠷᠲᠡᠮᠦᠷ ᠭᠦᠢᠰᠦᠳᠦ ᠲᠠᠰᠤᠷᠬᠠᠢ ᠪᠠᠭᠠᠳᠤᠷᠴᠤᠳ ᠲᠦᠷᠦᠯ ᠠᠷᠠᠯᠵᠢᠨ ᠮᠡᠨᠳᠦᠯᠡᠪᠡ              ᠲᠠᠪᠤᠨ ᠮᠦᠰᠦᠨ ᠤ ᠮᠡᠷᠭᠡᠨ ᠰᠤᠷᠭᠠᠯ ᠳᠤ ᠡᠪᠯᠡᠯᠳᠦᠨ ᠨᠢᠭᠡᠳᠭᠦ ᠶᠢᠨ ᠤᠬᠠᠮᠰᠠᠷ              ᠲᠡᠮᠳᠡᠭᠳᠡᠶ᠎ᠠ ᠲᠡᠭᠷᠢ ᠶᠢᠨ ᠭᠦᠪᠡᠭᠦᠳ ᠮᠢᠨᠢ ᠨᠢᠷᠤᠭᠤᠨ ᠮᠤᠩᠭᠤᠯᠴᠤᠳ ᠤᠨ ᠡᠵᠡᠨ             ᠲᠡᠤᠭᠡ ᠱᠠᠰᠳᠢᠷ ᠲᠤ ᠤᠬᠠᠭᠠᠨ ᠤ ᠲᠤᠤᠯᠢᠰ ᠴᠢᠪᠬᠠᠳᠠᠬᠰᠠᠨ              ᠲᠡᠭᠷᠢᠯᠢᠭ ᠤᠳᠤᠮ ᠤᠨ ᠲᠠᠷᠬᠠᠨ ᠬᠦᠢ ᠶᠢᠨ ᠵᠠᠯᠭᠠᠭᠠᠰᠦ              ᠠᠯᠤᠨ ᠭᠤᠸ᠎ᠠ ᠪᠢ   ᠪᠠᠷ ᠬᠠᠳᠤᠨ ᠰᠦᠨᠡᠰᠦ  ᠵᠡᠭᠦᠯᠳᠡ᠄  ᠠᠯᠤᠨ ᠭᠤᠸ᠎ᠠ ︵ᠪᠠᠷᠤᠭ ᠨᠡᠶᠢᠳᠡ ᠶᠢᠨ ᠤᠨ ᠲᠤᠭᠠᠯᠠᠯ ᠤᠨ ᠡᠮᠦᠨ᠎ᠡ 220 ᠤᠨ ᠤ ᠤᠷᠴᠢᠮ ᠠᠮᠢᠳᠤᠷᠠᠵᠤ ᠪᠠᠶᠢᠪᠠ︶ ᠪᠤᠯ ᠡᠴᠢᠬᠡ  ᠬᠤᠷᠢ ᠲᠦᠮᠡᠳ ᠤᠨ ᠬᠤᠷᠢᠯᠠᠳᠠᠢ ᠮᠡᠷᠭᠡᠨ ᠪᠤᠯᠤᠨ ᠡᠭᠡ ᠪᠠᠷᠭᠤᠵᠢᠨ ᠭᠤᠸ᠎ᠠ ᠬᠠᠳᠤᠨ ᠠᠴᠠ ᠭᠠᠷᠤᠬᠰᠠᠨ ᠪᠦᠭᠡᠳ ᠬᠤᠷᠢ ᠲᠦᠮᠡᠳ ᠤᠨ ᠠᠷᠢᠭ ᠤᠰᠤᠨ ᠬᠡᠮᠡᠬᠦ ᠭᠠᠵᠠᠷ ᠮᠡᠨᠳᠦᠯᠡᠪᠡ᠃ ᠲᠤᠷᠭᠤᠯᠵᠢᠨ ᠪᠠᠶᠠᠨ ᠤ ᠭᠦᠪᠡᠭᠦᠨ ᠲᠤᠪᠤ ᠮᠡᠷᠭᠡᠨ ᠤ ᠬᠠᠳᠤᠨ ᠪᠦᠯᠦᠬᠡ᠃ ᠠᠯᠤᠨ ᠭᠤᠸ᠎ᠠ ᠪᠤᠯᠤᠨ ᠲᠤᠪᠤ ᠮᠡᠷᠭᠡᠨ  ᠠᠴᠠ ᠪᠦᠭᠦᠨᠦᠳᠡᠢ ᠪᠡᠯᠭᠦᠨᠦᠳᠡᠢ ᠬᠡᠮᠡᠬᠦ ᠬᠤᠶᠠᠷ ᠭᠦᠪᠡᠬᠦᠨ ᠲᠠᠢ᠂ ᠲᠡᠳᠡ ᠬᠤᠵᠢᠮ ᠨᠢ ᠮᠤᠩᠭᠤᠯᠴᠤᠳ ᠤᠨ ᠲᠡᠭᠡᠳᠦᠰ ᠪᠤᠯᠪᠠ᠃ ᠲᠤᠪᠤ ᠮᠡᠷᠭᠡᠨ ᠢ ᠦᠬᠡᠢ ᠪᠤᠯᠤᠬᠰᠠᠨ ᠤ ᠲᠠᠷᠠᠭ᠎ᠠ ᠠᠯᠤᠨ ᠭᠤᠸ᠎ᠠ ᠡᠭᠡ ︽ᠭᠡᠷᠡᠯ ᠢᠶᠠᠷ ᠰᠢᠯᠳᠠᠭᠠᠯᠠᠨ︾ ᠪᠤᠬ᠎ᠠ ᠬᠠᠳᠠᠬᠢ᠂ ᠪᠤᠬᠳᠦ ᠰᠠᠯᠵᠢ᠂ ᠪᠤᠳᠠᠨᠴᠢᠷ ᠮᠤᠩᠬᠠᠭ ᠭᠡᠳᠡᠭ ᠭᠤᠷᠪᠠᠨ ᠭᠦᠪᠡᠭᠦᠨ ᠲᠦᠷᠦᠭᠦᠯᠦᠭᠰᠡᠨ ᠢᠶᠠᠷ ᠲᠡᠳᠡ ᠬᠤᠵᠢᠮ ᠨᠢ ᠨᠢᠷᠤᠭᠤᠨ ᠮᠤᠩᠭᠤᠯᠴᠤᠳ ᠤᠨ ᠲᠡᠭᠡᠳᠦᠰ ᠪᠤᠯᠪᠠ᠃ ᠠᠯᠤ ᠭᠤᠸ᠎ᠠ ᠡᠭᠡ ᠶᠢᠨ ᠠᠯᠳᠠᠷᠳᠠᠢ ︽ᠲᠠᠪᠤᠨ ᠮᠦᠰᠦ ᠪᠠᠷ ᠭᠡᠤᠭᠡᠳ ᠢᠶᠠᠨ ᠰᠤᠷᠭᠠᠬᠰᠠᠨ ᠲᠤᠮᠤᠭ︾ ᠨᠢ ᠤᠯᠠᠨ ᠵᠢᠯ ᠤᠨ ᠲᠤᠷᠰᠢᠳᠠ ᠮᠤᠩᠭᠤᠯᠴᠤᠳ ᠢ ᠦᠷᠭᠡᠨ ᠢᠶᠠᠷ ᠨᠦᠯᠦᠬᠡᠯᠡᠨ᠂ ᠡᠪ ᠤᠨ ᠭᠦᠴᠦᠨ᠂ ᠤᠬᠠᠭᠠᠨ ᠤ ᠨᠠᠷᠠᠨ ᠪᠤᠯᠵᠤ ᠲᠡᠭᠡᠳᠦᠯᠡᠭᠳᠡᠭᠰᠡᠭᠡᠷ ᠢᠷᠡᠭᠰᠡᠨ ᠪᠦᠯᠦᠬᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号