ᠬᠠᠳᠤᠨ ᠰᠦᠨᠡᠰᠦ ᠂ ᠬᠤᠶᠠᠳᠤᠭᠠᠷ ᠪᠦᠯᠦᠭ ᠂  ᠲᠤᠮᠳᠠᠳᠤ
ᠨᠡᠶᠢᠲᠡᠯᠡᠭᠰᠡᠨ ᠴᠠᠭ᠄
2020-06-12
ᠨᠤᠮᠤᠯᠤᠨ ᠬᠠᠳᠤᠨᠨᠤᠮᠢᠨ ᠲᠠᠯ᠎ᠠ ᠳᠤ ᠴᠡᠩᠭᠡᠷᠯᠡᠭᠰᠡᠨ ᠨᠤᠰᠠᠷᠵᠢ ᠶᠢᠨ ᠲᠤᠮᠤᠬᠯᠢᠭ ᠤᠷᠤᠨ᠎ᠠᠨᠤᠳᠤᠭ ᠭᠡᠶᠢᠭᠦᠯᠦᠭᠰᠡᠨ ᠭᠡᠤᠭᠡᠨ ᠤᠬᠰᠠᠭ᠎ᠠ ᠡᠷᠭᠦᠵᠦ ᠮᠡᠨᠳᠦᠯᠡᠭᠰᠡᠨ ᠭᠡᠨᠡᠮᠮᠠᠩᠨᠠᠢ ᠠᠭᠤᠯᠠ ᠶᠢᠨ ᠠᠷᠤ ᠦᠪᠦᠷ ᠲᠤ ᠠᠳᠤᠭᠤᠨ ᠲᠠᠯᠠᠯᠭ᠎ᠠ ᠶᠢᠨ ᠭᠡᠰᠢᠭ ᠲᠠᠢᠮᠠᠨᠳᠤᠬᠰᠠᠨ ᠡᠭᠡ ᠨᠤᠮᠤᠯᠤᠨ ᠳᠤ ᠲᠡᠩᠴᠡᠰᠢ ᠦᠬᠡᠢ ᠠᠯᠳᠠᠷᠰᠢᠬᠰᠠᠨ ᠴᠤᠤ ᠲᠠᠢᠮᠠᠨᠠᠨ ᠲᠤᠳᠤᠨ ᠠᠴᠠ ᠭᠠᠷᠤᠬᠰᠠᠨ ᠮᠠᠨᠠᠨ ᠮᠡᠳᠦ ᠭᠦᠪᠡᠭᠦᠳ ᠢᠶᠠᠨ ᠲᠠᠶᠢᠴᠢᠯᠠᠨᠮᠠᠯ ᠤᠨ ᠪᠡᠯᠴᠢᠭᠡᠷ ᠤᠨ ᠢᠶᠠᠨ ᠲᠦᠯᠦᠭᠡᠨ᠎ᠡ ᠨᠠᠨᠳᠢᠨ ᠪᠦᠬᠦᠨ ᠢᠶᠠᠨ ᠵᠤᠯᠢᠶᠠᠰᠤᠯᠠᠪᠠᠢ ᠪᠤᠯᠤᠮᠵᠢ ᠶᠢᠨ ᠭᠡᠭᠡᠨ ᠲᠤᠬᠢᠶᠠᠯ ᠢᠶᠠᠷ ᠠᠮᠢ ᠮᠡᠨᠳᠦ ᠭᠠᠷᠤᠬᠰᠠᠨ ᠪᠤᠳᠠᠨᠴᠢᠷ ᠤᠨ ᠤᠬᠰᠠᠭ᠎ᠠ ᠵᠠᠯᠭᠠᠬᠰᠠᠨ ᠬᠠᠶᠢᠳᠦ ᠬᠠᠭᠠᠨ ᠤ ᠡᠮᠡᠭᠡ ᠨᠤᠮᠤᠯᠤᠨ ᠪᠢ ᠪᠠᠷ ᠬᠠᠳᠤᠨ ᠰᠦᠨᠡᠰᠦ ᠵᠡᠭᠦᠯᠳᠡ᠄ ᠨᠤᠮᠤᠯᠤᠨ ᠬᠠᠳᠤᠨ ᠪᠤᠯ ᠴᠢᠩᠬᠢᠰ ᠬᠠᠭᠠᠨ ᠠᠴᠠ ᠲᠡᠭᠡᠭᠰᠢᠬᠢ ᠲᠤᠯᠤᠳᠤᠭᠠᠷ ᠦᠶ᠎ᠡ ᠶᠢᠨ ᠡᠯᠦᠨᠴᠡ ᠡᠪᠦᠭᠡ ᠮᠠᠨᠠᠨ ᠲᠤᠳᠤᠨ ᠤ ᠬᠠᠳᠤᠨ᠂ ᠮᠠᠨᠠᠨ ᠲᠤᠳᠤᠨ ᠠᠴᠠ ᠶᠢᠰᠦᠨ ᠭᠦᠪᠡᠭᠦᠨ ᠲᠦᠷᠦᠬᠦᠯᠵᠦ ᠪᠡᠯᠪᠡᠰᠦᠨ ᠬᠤᠴᠤᠷᠪᠠ᠃ ᠮᠠᠨᠠᠨ ᠲᠤᠳᠤᠨ ᠲᠠᠭᠠᠯᠠᠯ ᠲᠡᠭᠦᠰᠦᠭᠰᠡᠨ ᠤ ᠲᠠᠷᠠᠭ᠎ᠠ  ᠨᠣᠮᠣᠯᠣᠨ ᠬᠠᠳᠤᠨ ᠭᠦᠪᠡᠭᠦᠳ ᠢᠶᠠᠨ ᠰᠤᠷᠭᠠᠵᠤ᠂ ᠮᠤᠩᠭᠤᠯ ᠤᠬᠰᠠᠭᠠᠳᠠᠨ ᠳᠠᠭᠠᠨ ᠬᠠᠭᠠᠨ ᠰᠠᠭᠤᠵᠤ᠂ ᠲᠦᠪ ᠭᠤᠤᠯᠴᠢ ᠪᠠᠷ ᠲᠦᠮᠡᠨ ᠢᠶᠠᠨ ᠲᠦᠷᠦᠬᠦᠯᠡᠵᠦ ᠪᠠᠶᠢᠳᠠᠯ᠎ᠠ ᠵᠠᠯᠠᠶᠢᠷ ᠠᠶᠢᠮᠠᠭ ᠯᠤᠭ᠎ᠠ ᠭᠠᠵᠠᠷ ᠨᠤᠳᠤᠭ ᠤᠨ ᠪᠤᠯᠢᠶᠠᠯᠳᠤᠭᠠᠨ ᠪᠤᠯᠵᠤ ᠡᠭᠡ ᠭᠦᠪᠡᠭᠦᠳ ᠪᠦᠭᠦᠳᠡ ᠠᠯᠠᠬᠳᠠᠪᠠ᠃ ᠨᠤᠮᠤᠯᠤᠨ ᠬᠠᠳᠤᠨ ᠤ ᠤᠮᠪᠤᠯᠤ ᠭᠦᠪᠡᠭᠦᠨ ᠬᠠᠶᠢᠳᠦ᠂ ᠵᠠᠯᠠᠶᠢᠷ ᠤᠨ ᠠᠶᠤᠯ ᠠᠴᠠ ᠠᠵᠠ  ᠪᠠᠷ ᠮᠤᠯᠳᠤᠷᠤᠨ᠂ ᠬᠤᠵᠢᠮ ᠨᠢ ᠮᠤᠩᠭᠤᠯ ᠬᠠᠭᠠᠨᠳᠤ ᠤᠯᠤᠰ ᠤᠨ ᠲᠠᠰᠤᠷᠠᠬᠰᠠᠨ ᠭᠤᠯᠤᠮᠳᠠ ᠶᠢ ᠵᠠᠯᠭᠠᠵᠠᠢ᠃ ᠨᠤᠮᠤᠯᠤᠨ ᠲᠠᠷᠬᠠᠨ ᠬᠠᠳᠤᠨ ᠪᠤᠯ ᠠᠭᠤᠤ ᠶᠡᠭᠡ ᠬᠠᠶᠢᠷ᠎ᠠ ᠪᠠᠨ ᠲᠠᠯ᠎ᠠ ᠨᠤᠳᠤᠭ ᠤᠨ ᠬᠠᠯᠠᠭᠤᠨ ᠭᠦᠷᠦᠰᠦᠨ ᠳᠤ ᠰᠢᠩᠭᠡᠭᠡᠵᠦ᠂ ᠦᠶ᠎ᠡ ᠦᠶ᠎ᠡ ᠶᠢᠨ ᠭᠦᠮᠦᠰ ᠤᠨ ᠴᠢᠰᠦ ᠪᠠ ᠰᠡᠳᠬᠢᠯ ᠳᠤ ᠮᠦᠩᠬᠡ ᠠᠮᠢᠳᠤᠷᠠᠬᠰᠠᠨ ᠡᠷᠳᠡᠨ ᠤ ᠮᠤᠩᠭᠤᠯᠴᠤᠳ ᠤᠨ ᠭᠦᠨᠳᠦᠳᠭᠡᠯᠳᠡᠢ ᠡᠬᠡ᠂ ᠠᠷᠤᠤᠬᠠᠨ ᠬᠠᠳᠤᠨ᠂ ᠭᠠᠷᠮᠠᠭᠠᠢ ᠡᠮᠡᠭᠳᠡᠢ ᠪᠤᠯᠤᠨ᠎ᠠ᠃    ᠦᠬᠡᠯᠦᠨ ᠬᠠᠳᠤᠨᠬᠠᠭᠠᠨ ᠤᠳᠤᠮ ᠤᠨ ᠮᠤᠷᠢᠳᠠᠨ ᠵᠠᠶᠠᠭᠠᠳᠦ ᠭᠦᠪᠡᠭᠦᠳ ᠦᠬᠢᠳ ᠮᠢᠨᠢ ᠰᠤᠨᠤᠰᠤᠬᠳᠤᠨ              ᠬᠠᠮᠤᠭ ᠮᠤᠩᠭᠤᠯ ᠤᠯᠤᠰ ᠬᠡᠮᠡᠬᠦ ᠬᠠᠭᠤᠴᠢᠨ ᠰᠡᠮᠡᠷᠭᠡᠢ ᠲᠤᠭ ᠤᠨ ᠲᠤᠤᠷ᠎ᠠ ᠵᠢᠬᠰᠠᠬᠳᠤᠨ           ᠰᠡᠭᠦᠳᠡᠷ ᠠᠴᠠ ᠪᠠᠨ ᠥᠭᠡᠷ᠎ᠡ ᠨᠦᠭᠦᠷ ᠦᠬᠡᠢ ᠪᠠᠨ ᠰᠠᠨᠠᠵᠤ ᠡᠶᠡᠳᠡᠨ ᠲᠠᠭᠠᠬᠰᠠᠳ ᠢ ᠠᠭᠤᠴᠢᠯᠠᠬᠳᠤᠨᠰᠡᠭᠦᠯ ᠠᠴᠠ ᠪᠠᠨ ᠥᠭᠡᠷ᠎ᠡ ᠴᠠᠴᠤᠭ ᠦᠬᠡᠢ ᠪᠠᠨ ᠰᠠᠨᠠᠵᠤ ᠲᠠᠪᠤᠨ ᠮᠦᠰᠦ ᠶᠢᠨ ᠰᠤᠷᠭᠠᠯ ᠢ ᠴᠡᠭᠡᠵᠢᠯᠡᠭᠳᠦᠨᠬᠠᠯᠠᠭᠤᠨ ᠭᠡᠪᠡᠯᠢ ᠠᠴᠠ ᠮᠢᠨᠢ ᠤᠨᠠᠬᠤ ᠳᠤ ᠪᠠᠨ ᠬᠠᠷ᠎ᠠ ᠨᠦᠵᠢ ᠠᠳᠬᠤᠨ ᠲᠦᠷᠦᠭᠰᠡᠨ ᠢᠶᠠᠨ ᠰᠠᠨᠠᠬᠳᠤᠨ              ᠬᠠᠳᠠᠭᠤ ᠵᠤᠷᠢᠭ ᠵᠦᠬᠡᠯᠡᠨ ᠤᠬᠠᠭᠠᠨ ᠳᠤ ᠬᠠᠷᠢ ᠤᠶᠢᠷ᠎ᠠ ᠶᠢᠨ ᠪᠦᠬᠦᠨ ᠠᠶᠤᠳᠤᠭᠠᠢ ᠪᠢᠰᠢᠷᠡᠳᠦᠬᠡᠢ            ᠵᠤᠪᠠᠯᠠᠩ ᠠᠮᠰᠠᠵᠤ ᠵᠢᠷᠭᠠᠭᠰᠠᠨ              ᠶᠡᠭᠡ ᠮᠤᠩᠭᠤᠯ ᠢ ᠵᠢᠷᠮᠦᠰᠦᠯᠡᠭᠴᠢ              ᠦᠬᠡᠯᠦᠨ ᠪᠢ ᠪᠠᠷ ᠬᠠᠳᠤᠨ ᠰᠦᠨᠡᠰᠦ                             ᠵᠡᠭᠦᠯᠳᠡ᠄  ᠦᠬᠡᠯᠦᠨ ᠦᠵᠢᠨ ᠪᠤᠯ ᠬᠤᠩᠬᠢᠷᠠᠳ ᠠᠶᠢᠮᠠᠭ ᠤᠨ ᠤᠯᠬᠤᠨᠤᠳ ᠤᠪᠤᠭ ᠤᠨ ᠦᠬᠢᠨ᠃ ᠮᠡᠷᠬᠢᠳ ᠠᠶᠢᠮᠠᠭ ᠤᠨ ᠶᠡᠭᠡ ᠴᠢᠯᠡᠳᠦ ᠭᠡᠮᠡᠬᠦ ᠬᠦᠮᠦᠨ᠂ ᠦᠬᠡᠯᠦᠨ ᠢ ᠡᠭᠡᠨᠡᠷ ᠪᠤᠯᠭᠠᠨ ᠪᠤᠴᠠᠵᠤ ᠶᠠᠪᠤᠬᠤ ᠵᠠᠭᠤᠷ᠎ᠠ ᠶᠢᠰᠦᠬᠡᠢ ᠪᠠᠭᠠᠳᠤᠷ ᠪᠤᠯᠢᠶᠠᠨ ᠠᠪᠴᠦ ᠬᠠᠳᠤᠨ ᠢᠶᠠᠨ ᠪᠤᠯᠭᠠᠵᠠᠢ᠃ ᠦᠬᠡᠯᠦᠨ ᠬᠠᠳᠤᠨ ᠶᠢᠰᠦᠬᠡᠢ ᠪᠠᠭᠠᠳᠤᠷ ᠲᠠᠢ ᠤᠷᠤᠬᠯᠠᠭᠠᠳ ᠲᠡᠮᠦᠵᠢᠨ᠂ ᠬᠠᠰᠠᠷ᠂ ᠬᠠᠴᠢᠭᠤᠨ᠂ ᠲᠡᠮᠦᠬᠡ ᠤᠳᠴᠢᠬᠢᠨ ᠭᠡᠬᠦ ᠲᠦᠷᠪᠡᠨ ᠭᠦᠪᠡᠭᠦᠨ ᠪᠠ ᠲᠡᠮᠦᠯᠦᠨ ᠭᠡᠬᠦ‍ ᠨᠢᠬᠡ ᠦᠬᠢᠨ ᠵᠠᠶᠠᠭᠠᠵᠠᠢ᠃ ᠲᠡᠮᠦᠵᠢᠨ ᠢ ᠶᠢᠰᠦᠨ ᠨᠠᠰᠤᠳᠠᠢ ᠪᠠᠶᠢᠬᠤ ᠳᠤ ᠡᠴᠢᠬᠡ ᠶᠢᠰᠦᠬᠡᠢ ᠪᠠᠭᠠᠳᠤᠷ ᠨᠢ ᠬᠦᠦ ᠪᠠᠨ ᠲᠠᠭᠠᠭᠤᠯᠤᠨ ᠦᠬᠡᠯᠦᠨ ᠦᠵᠢᠨ ᠤ ᠲᠦᠷᠬᠦᠮ ᠤᠨ ᠨᠤᠳᠤᠭ ᠠᠴᠠ ᠪᠡᠷᠢ ᠭᠤᠶᠤᠬᠤ ᠪᠠᠷ ᠤᠴᠢᠵᠤ᠂ ᠪᠤᠴᠠᠯᠭᠠᠨ ᠳᠠᠭᠠᠨ ᠦᠰᠢᠶᠡᠳᠦ ᠲᠠᠲ᠋ᠠᠷ ᠠᠶᠢᠮᠠᠭ ᠲᠤ ᠬᠤᠤᠷᠯᠠᠬᠳᠠᠬᠰᠠᠨ ᠠᠴᠠ ᠪᠡᠯᠪᠡᠰᠦᠨ ᠬᠤᠴᠤᠷᠤᠬᠰᠠᠨ ᠦᠬᠡᠯᠦᠨ ᠬᠠᠳᠤᠨ ᠬᠠᠳᠠᠭᠤ ᠰᠤᠷᠭᠠᠯ᠂ ᠮᠡᠷᠭᠡᠨ ᠤᠬᠠᠭᠠᠨ᠂ ᠡᠷᠡᠮᠡᠬᠡᠢ ᠵᠤᠷᠢᠭ ᠢᠶᠠᠷ ᠦᠨᠦᠴᠢᠨ ᠭᠡᠤᠭᠡᠳ ᠢᠶᠠᠨ ᠦᠰᠭᠡᠵᠦ᠂ ᠡᠷ᠎ᠡ ᠶᠢᠨ ᠵᠡᠷᠭᠡ ᠳᠤ ᠭᠦᠷᠭᠡᠨ ᠶᠢᠷᠳᠢᠨᠴᠦ ᠶᠢᠨ ᠮᠠᠩᠯᠠᠢ ᠪᠤᠯᠭᠠᠬᠰᠠᠨ ᠪᠠᠶᠢᠨ᠎ᠠ᠃ ᠦᠬᠡᠯᠦᠨ ᠡᠬᠡ ᠪᠤᠯ ᠮᠤᠩᠭᠤᠯ ᠤᠨ ︽ᠰᠢᠳᠦᠬᠡᠨ ᠡᠬᠡ︾ ᠮᠦᠷᠳᠡᠭᠡᠨ ᠮᠦᠩᠬᠡ ᠶᠢᠨ ︽ᠨᠠᠷᠠᠨ ᠬᠠᠭᠠᠨ ᠡᠬᠡ︾ ᠪᠠᠶᠢᠵᠤ᠂ ᠨᠢᠬᠡᠨ ᠦᠶ᠎ᠡ  ᠶᠢᠨ ᠲᠡᠭᠷᠢᠯᠢᠭ ᠭᠦᠪᠡᠬᠦᠨ ᠢ ᠭᠦᠮᠦᠵᠢᠬᠦᠯᠦᠭᠰᠡᠨ ᠢᠶᠠᠷ ᠪᠠᠷᠠᠬᠤ ᠦᠬᠡᠢ ᠮᠤᠩᠭᠤᠯ ᠤᠨ ᠨᠡᠶᠢᠬᠡᠮ ᠰᠢᠨ᠎ᠡ ᠨᠢᠬᠡᠨ ᠲᠢᠭᠯᠢᠮ ᠢᠶᠠᠷ ᠭᠦᠭᠵᠢᠬᠦ ᠠᠯᠬᠤᠭ᠎ᠠ ᠲᠠᠯᠪᠢᠬᠳᠠᠬᠤ ᠳᠤ ᠪᠠᠯᠠᠷᠠᠰᠢ ᠦᠬᠡᠢ ᠵᠢᠳᠭᠦᠯ ᠭᠠᠷᠭᠠᠬᠰᠠᠨ ᠶᠤᠮ᠃                   ᠪᠦᠷᠳᠡ ᠬᠠᠳᠤᠨᠴᠤᠳᠠᠨ ᠡᠭᠡ ᠶᠢᠨ ᠢᠶᠠᠨ ᠭᠡᠪᠡᠯᠢ ᠠᠴᠠ ᠭᠡᠷᠡᠯ ᠲᠤᠶᠠᠭᠠᠯᠠᠵᠤ ᠮᠡᠨᠳᠦᠯᠡᠭᠰᠡᠨ ᠪᠢᠯᠡᠴᠠᠭᠠᠨ ᠱᠤᠩᠬᠤᠷ ᠤᠨ ᠵᠦᠩ ᠪᠡᠯᠭᠡ ᠪᠠᠷ ᠪᠤᠷᠵᠢᠬᠢᠨ ᠤ ᠭᠦᠪᠡᠭᠦᠨ ᠲᠠᠢ ᠤᠴᠠᠷᠠᠭᠰᠠᠨ ᠶᠤᠮ             ᠬᠠᠳᠠᠮ ᠤᠨ ᠬᠠᠳᠠᠪᠴᠢ ᠠᠯᠬᠤᠬᠤ ᠳᠤ ᠪᠠᠨ ᠬᠠᠷ᠎ᠠ ᠪᠤᠯᠠᠭᠠᠨ ᠰᠢᠳᠭᠦᠯ ᠲᠠᠢ ᠢᠷᠡᠭᠰᠡᠨ             ᠬᠠᠷᠠᠬᠠᠨ ᠪᠠᠭ᠎ᠠ ᠠᠴᠠ ᠵᠠᠶᠠᠭ᠎ᠠ ᠲᠠᠪᠢᠯᠠᠩ ᠢᠶᠠᠨ ᠬᠤᠯᠪᠣᠭᠰᠠᠨ ᠬᠠᠨᠢ ᠢᠵᠢᠯᠢ ᠶᠤᠮ ᠰᠠᠨ      ᠬᠠᠮᠤᠭ ᠮᠤᠩᠭᠤᠯ ᠤᠨ ᠬᠠᠭᠠᠨ ᠪᠤᠯᠤᠯ᠎ᠠ ᠴᠦ ᠪᠠᠭ᠎ᠠ ᠶᠢᠨ ᠲᠡᠮᠦᠵᠢᠨ ᠮᠢᠨᠢ ᠭᠡᠪ ᠢᠶᠠᠷ ᠬᠠᠯᠠᠭᠤᠨ ᠬᠠᠶᠢᠷ᠎ᠠ ᠶᠢᠨ ᠪᠢᠯᠢᠭ ᠴᠢᠨᠠᠷ ᠢᠶᠠᠷ ᠠᠷᠠᠯ ᠤᠨ ᠦᠷᠦᠭᠡᠰᠦᠨ ᠪᠤᠯᠵᠤ ᠬᠤᠤᠰᠯᠠᠨᠠᠮ             ᠪᠦᠳᠦᠭᠦ ᠠᠴᠠ ᠡᠮᠦᠨ᠎ᠡ ᠤᠴᠠᠷᠠᠬᠤ ᠶᠢᠨ ᠵᠠᠶᠠᠭ᠎ᠠ              ᠪᠦᠭᠦᠳᠡ ᠤᠯᠤᠰ   ᠢᠶᠠᠨ ᠪᠥᠭᠡᠮᠨᠡᠷᠡᠭᠦᠯᠬᠦ ᠶᠢᠨ ᠲᠠᠪᠢᠯᠠᠩ              ᠪᠦᠷᠳᠡ ᠪᠢ ᠪᠠᠷ ᠬᠠᠳᠤᠨ ᠰᠦᠨᠡᠰᠦ                                     ᠵᠡᠭᠦᠯᠳᠡ᠄ ᠪᠦᠷᠳᠠ ︵ᠪᠦᠷᠳᠡᠭᠡᠯᠵᠢᠨ︶ ᠬᠠᠳᠤᠨ ︵1161—  ︖︶ ᠪᠤᠯ ᠬᠤᠩᠬᠢᠷᠠᠳ ᠠᠶᠢᠮᠠᠭ ᠤᠨ ᠳ᠋ᠠᠢ ᠰᠡᠴᠡᠨ ᠤ ᠦᠬᠢᠨ᠂ ᠡᠬᠡ ᠴᠤᠳᠠᠨ᠃ ᠶᠢᠰᠦᠬᠡᠢ ᠪᠠᠭᠠᠳᠤᠷ᠂ ᠲᠡᠮᠦᠵᠢᠨ ᠢ ᠶᠢᠰᠦᠨ ᠨᠠᠰᠤᠳᠠᠢ ᠳᠤ ᠳ᠋ᠠᠢ ᠰᠡᠴᠡᠨ ᠤ  ᠬᠢ ᠳᠤ ᠭᠦᠷᠭᠡᠨ ᠦᠭᠴᠦ ︽ᠭᠦᠷᠭᠡᠳ ᠲᠤ ᠰᠠᠭᠤᠯᠭᠠᠵᠤ︾᠂ ᠬᠠᠷᠠᠬᠠᠨ ᠪᠠᠭ᠎ᠠ ᠶᠢᠨ ᠪᠦᠷᠳᠡ ᠪᠤᠯᠤᠨ ᠲᠡᠮᠦᠵᠢᠨ ᠲᠠᠰᠤᠯᠴᠠᠨ ᠬᠠᠨᠢᠯᠠᠵᠤ᠂ ᠬᠤᠵᠢᠮ ᠨᠢ ᠭᠡᠷᠯᠡᠨ ᠰᠠᠭᠤᠵᠤ ᠵᠦᠴᠢ᠂ ᠴᠠᠭᠠᠳᠠᠢ᠂ ᠦᠬᠡᠳᠡᠢ᠂ ᠲᠤᠯᠤᠢ ᠭᠡᠮᠡᠬᠦ ᠲᠦᠷᠪᠡᠨ ᠬᠠᠭᠠᠨ ᠭᠦᠪᠡᠭᠦᠨ ᠪᠠ ᠴᠡᠴᠡᠶᠢᠬᠡᠨ ᠪᠠᠬᠢ᠂ ᠠᠯᠠᠭ᠎ᠠ ᠪᠠᠬᠢ᠂ ᠠᠯᠠᠯᠲ᠋ᠤᠨ ᠪᠠᠬᠢ᠂ ᠲᠦᠮᠡᠯᠦᠨ ︵ᠲᠡᠮᠡᠦᠯᠦᠨ︶ ᠪᠠᠬᠢ᠂ ᠬᠤᠵᠢᠨ ︵ᠦᠵᠢᠨ︶ ᠪᠠᠬᠢ ᠭᠡᠬᠦ ᠲᠠᠪᠤᠨ ᠦᠬᠢᠨ ᠵᠠᠶᠠᠭᠠᠵᠤ ᠪᠢᠯᠡ᠃ ᠪᠦᠷᠳᠡ ᠬᠠᠳᠤᠨ ᠪᠤᠯ ᠲᠡᠮᠦᠵᠢᠨ ᠴᠢᠩᠬᠢᠰ ᠬᠠᠭᠠᠨ ᠤ ᠨᠠᠰᠤᠨ ᠲᠤᠷᠰᠢ ᠶᠢᠨ ᠦᠨᠡᠨᠴᠢ ᠬᠠᠨᠢ᠂ ᠲᠦᠷᠦ ᠶᠢᠨ ᠲᠦᠷᠪᠡᠨ ᠬᠠᠳᠤᠨ ᠤ ᠲᠡᠷᠢᠬᠦᠨ ᠬᠠᠳᠤᠨ᠂ ᠤᠯᠤᠰ ᠲᠦᠷᠦ ᠶᠢᠨ ᠮᠡᠷᠭᠡᠨ ᠵᠦᠪᠯᠡᠭᠴᠢ ᠨᠢ ᠮᠦᠷᠳᠡᠭᠡᠨ ᠡᠶ᠎ᠡ ᠪᠦᠯᠭᠦᠮᠳᠡᠯ ᠢ ᠬᠠᠮᠠᠭᠠᠯᠠᠵᠤ᠂ ᠠᠭᠤᠳᠠᠮ ᠪᠠᠭᠳᠠᠭᠠᠮᠵᠢᠳᠠᠢ᠂ ᠠᠯᠤᠰ ᠤᠨ ᠬᠠᠷᠠᠴᠠ ᠲᠠᠢ ᠠᠪᠢᠶᠠᠰᠯᠢᠭ ᠰᠤᠳᠤ ᠮᠡᠷᠭᠡᠨ ᠡᠭᠡ ᠪᠠᠶᠢᠵᠤ᠂ ᠶᠡᠭᠡ ᠮᠤᠩᠭᠤᠯ ᠤᠨ ᠬᠠᠭᠠᠨᠳᠦ ᠲᠦᠷᠦ ᠳᠤ ᠪᠠᠯᠠᠷᠠᠰᠢ ᠦᠬᠡᠢ ᠭᠠᠪᠢᠶ᠎ᠠ ᠵᠢᠳᠬᠦᠯ ᠦᠵᠡᠭᠦᠯᠦᠭᠰᠡᠨ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号