ᠶᠤᠸᠠᠨ ᠤᠯᠤᠰ ᠤᠨ ᠰᠡᠭᠦᠯᠴᠢ ᠦᠶ᠎ᠡ ᠶᠢᠨ ᠦᠷᠯᠦᠭ ᠵᠠᠩᠵᠤᠨ ᠪᠤᠯᠤᠳᠡᠮᠦᠷ | ᠪᠤᠯᠤᠲᠡᠮᠡᠦᠷ ᠠᠨᠤ ᠶᠤᠸᠠᠨ ᠤᠯᠤᠰ ᠤᠨ ᠰᠡᠭᠦᠯᠴᠢ ᠶᠢᠨ ᠲᠠᠷᠢᠶᠠᠴᠢᠨ ᠤ ᠪᠤᠰᠤᠯᠭ᠎ᠠ ᠶᠢ ᠲᠠᠷᠤᠩᠭᠤᠶᠢᠯᠠᠭᠰᠠᠨ | ᠶᠡᠭᠡ ᠵᠠᠩᠵᠤᠨ ᠲᠠᠰᠪᠠᠭᠠᠳᠤᠷ ᠤᠨ ᠬᠦᠪᠡᠭᠦᠨ᠃ 1355 ᠣᠨ ᠳᠤ ᠡᠴᠢᠭᠡ ᠪᠠᠨ ᠲᠠᠭᠠᠵᠤ ᠾᠧᠨᠠᠨ ᠳᠤ | ᠤᠯᠠᠭᠠᠨ ᠠᠯᠴᠢᠭᠤᠷᠳᠠᠨ ᠢ ᠬᠦᠴᠦᠳᠠᠢ ᠲᠠᠷᠤᠩᠭᠤᠶᠢᠯᠠᠵᠠᠢ᠃ | 1358 ᠤᠨ ᠳᠤ ᠲᠡᠭᠦᠨ ᠤ ᠡᠴᠢᠭᠡ ᠲᠠᠰᠪᠠᠭᠠᠳᠤᠷ ᠲᠠᠶᠢᠰᠤᠨ ᠤ ᠵᠠᠪᠰᠠᠷᠳᠠᠭᠤᠯᠬᠤ ᠠᠷᠭᠠᠨ ᠳᠤ ᠤᠨᠠᠵᠤ | ᠯᠢᠦ ᠹᠦ᠋ ᠲᠦᠩ ᠳᠤ ᠢᠯᠠᠭᠳᠠᠭᠠᠳ ᠭᠡᠶᠦᠷᠡᠯ ᠡᠪᠦᠷᠯᠡᠭᠰᠡᠭᠡᠷ ᠬᠠᠯᠢᠭᠰᠠᠨ ᠤ ᠲᠠᠷᠠᠭ᠎ᠠ ᠪᠤᠯᠤᠳᠡᠮᠦᠷ ᠡᠴᠢᠭᠡ ᠪᠠᠨ | ᠵᠠᠯᠭᠠᠮᠵᠢᠯᠠᠨᠲ᠋ᠤᠰ ᠠᠩᠬᠢ ᠴᠡᠷᠢᠭ ᠢ ᠵᠠᠬᠢᠷᠴᠠᠢ᠃ 1358 ᠤᠨ ᠳᠤ ᠯᠢᠦ ᠹᠦ᠋ ᠲᠦᠩ ᠤᠨ ᠤᠯᠠᠭᠠᠨ | ᠠᠯᠴᠢᠭᠤᠷᠳᠠᠨ ᠾᠧᠨᠠᠨ ᠳᠤ ᠴᠦᠮᠦᠷᠡᠨ ᠤᠷᠤᠵᠤ ᠭᠤᠷᠪᠠᠨ ᠵᠠᠮ ᠬᠤᠪᠢᠶᠠᠨ ᠤᠮᠠᠷᠠᠰᠢ ᠲᠠᠭᠠᠷᠢᠨ᠂ ᠮᠢᠩ | ᠢᠦᠢ ᠵᠧᠨ ᠴᠦᠩᠴᠢᠩ ᠢ ᠡᠵᠡᠯᠡᠨ᠂ ᠤᠯᠠᠭᠠᠨ ᠠᠯᠴᠢᠭᠤᠷᠳᠠᠨ ᠤ ᠮᠠᠤ ᠭᠦᠢ ᠪᠠᠷᠤᠭ ᠪᠦᠭᠦᠶᠢᠯᠡ ᠱᠠᠨᠳᠦ᠋ᠩ ᠢ | ᠡᠷᠭᠡᠰᠢᠶᠡᠵᠦ ᠲᠠᠶᠢᠳᠤ ᠶᠢ ᠰᠦᠷᠳᠡᠭᠦᠯᠵᠤ ᠶᠤᠸᠠᠨ ᠤ ᠲᠦᠷᠦ ᠲᠦᠭᠰᠢᠭᠦᠷᠢᠳᠠᠢ ᠪᠤᠯᠵᠠᠢ᠃ ᠲᠡᠷᠡ ᠲᠤᠬᠠᠢ | ᠭᠤᠸᠠᠨ ᠵᠦᠩ ᠤᠷᠤᠨ ᠳᠤ ᠴᠠᠭᠠᠨᠳᠡᠮᠦᠷ ᠂ ᠯᠢ ᠰᠧ ᠴᠢ ᠂ ᠵᠠᠩ ᠯᠢᠶᠠᠩ ᠪᠢ ᠵᠡᠷᠭᠡ ᠤᠨ ᠴᠡᠷᠢᠭ ᠠᠩᠬᠢ | ᠲᠠᠶᠢᠰᠤᠨ ᠲᠠᠢ ᠲᠤᠯᠤᠯᠳᠠᠵᠤ᠂ ᠵᠦᠩᠶᠤᠸᠠᠨ ᠤᠷᠤᠨ ᠳᠤ ᠵᠦᠪᠭᠡᠨ ᠪᠤᠯᠦᠳᠡᠮᠦᠷ ᠤᠨ ᠴᠡᠷᠢᠭ ᠠᠩᠬᠢ ᠤᠯᠠᠭᠠᠨ | ᠠᠯᠴᠢᠭᠤᠷᠳᠠᠨ ᠢ ᠡᠰᠡᠷᠭᠦᠴᠡᠵᠦ ᠪᠠᠶᠢᠵᠠᠢ᠃ | 1358 ᠤᠨ ᠤ 3 ᠰᠠᠷ᠎ᠠ ᠳᠤ ᠪᠤᠯᠤᠳᠡᠮᠦᠷ ᠸᠧᠢ ᠾᠦᠢ ᠳᠤ ᠤᠯᠠᠭᠠᠨ ᠠᠯᠴᠢᠭᠤᠷᠳᠠᠨ ᠢ ᠢᠯᠠᠵᠤ ᠫᠦ᠋ | ᠵᠧᠦ ᠶᠢ ᠡᠵᠡᠯᠡᠵᠦ ᠤᠯᠠᠭᠠᠨ ᠠᠯᠴᠢᠭᠤᠷᠳᠠᠨ ᠾᠧᠨᠠᠨ ᠠᠴᠠ ᠤᠮᠠᠷᠠᠰᠢᠯᠠᠨ ᠮᠠᠦ ᠬᠦᠢ ᠶᠢᠨ ᠪᠦᠯᠦᠭ ᠶᠢ | ᠬᠠᠮᠵᠢᠨ ᠲᠠᠶᠢᠳᠤ ᠶᠢ ᠲᠠᠭᠠᠷᠢᠬᠤ ᠲᠦᠯᠦᠪᠡᠯᠭᠡ ᠶᠢ ᠨᠢ ᠬᠤᠶᠢᠰᠢᠯᠠᠭᠤᠯᠵᠠᠢ ᠃ 4 ᠰᠠᠷ᠎ᠠ ᠳᠤ ᠪᠤᠯᠤᠳᠡᠮᠦᠷ | ᠵᠧᠨ ᠳ᠋ᠢᠩ ᠳᠤ ᠲᠤᠰᠬᠤᠨᠴᠢᠯᠠᠨ ᠲᠠᠷᠢᠶᠠᠯᠠᠵᠤ ᠮᠠᠤ ᠭᠦᠢ ᠶᠢ ᠰᠢᠬᠠᠮᠳᠠᠭᠤᠯᠤᠨ ᠱᠠᠨᠳᠦ᠋ᠩ ᠵᠦᠭ ᠤᠬᠤᠷᠢᠭᠤᠯᠵᠠᠢ | ᠃ 5 ᠰᠠᠷ᠎ᠠ ᠳᠤ ᠤᠯᠠᠭᠠᠨ ᠠᠯᠴᠢᠭᠤᠷᠳᠠᠨ ᠪᠢᠶᠠᠨ ᠯᠢᠶᠠᠩ ᠢ ᠡᠵᠡᠯᠡᠭᠰᠡᠨ ᠪᠤᠯᠪᠠᠴᠦ ᠲᠤᠮᠳᠠ ᠵᠠᠮ ᠨᠢ | ᠾᠧᠨᠠᠨ ᠳᠤ ᠬᠤᠷᠢᠭᠯᠠᠭᠳᠠᠭᠰᠠᠨ ᠠᠴᠠ ᠱᠠᠨ ᠰᠢ ᠵᠦᠭ ᠮᠤᠷᠤᠶᠢᠵᠠᠢ᠃ ᠲᠡᠷᠡ ᠲᠤᠬᠠᠢ ᠴᠠᠭᠠᠨᠳᠡᠮᠦᠷ | ᠦᠪᠡᠷ ᠢ ᠪᠠᠨ ᠵᠢᠢ ᠨᠢᠩ ᠯᠤ᠋ ᠶᠢᠨ ᠶᠡᠷᠦᠩᠬᠢ ᠬᠠᠮᠢᠶᠠᠷᠤᠭᠴᠢ ᠡᠷᠭᠦᠮᠵᠢᠯᠡᠵᠠᠢ᠃ 6 ᠰᠠᠷ᠎ᠠ ᠳᠤ ᠤᠯᠠᠭᠠᠨ | ᠠᠯᠴᠢᠭᠤᠷᠳᠠᠨ ᠵᠢᠢ ᠨᠢᠩ ᠯᠤ᠋ ︵ᠲᠠᠶᠢᠶᠤᠸᠠᠨ︶ ᠢ ᠡᠵᠡᠯᠡᠵᠠᠢ᠃ ᠶᠤᠸᠠᠨ ᠤᠯᠤᠰ ᠭᠤᠸᠠᠨ ᠵᠦᠩ ᠠᠴᠠ | ᠴᠠᠭᠠᠨᠳᠡᠮᠦᠷ ᠢ ᠰᠢᠯᠵᠢᠭᠦᠯᠦᠨ ᠱᠠᠨ ᠰᠢ ᠶᠢᠨ ᠤᠯᠠᠭᠠᠨ ᠠᠯᠴᠢᠭᠤᠷᠳᠠᠨ ᠢ ᠴᠤᠬᠢᠭᠤᠯᠵᠤ ᠂ ᠪᠤᠯᠦᠲᠡᠮᠦᠷ ᠢ | ᠠᠪᠴᠢᠷᠠᠵᠤ ᠵᠡᠭᠦᠨ ᠹᠷᠦᠨᠲ ᠶᠢᠨ ᠤᠯᠠᠭᠠᠨ ᠠᠯᠴᠢᠭᠤᠷᠳᠠᠨ ᠢ ᠲᠠᠭᠠᠷᠢᠭᠤᠯᠤᠭᠰᠠᠨ ᠳᠤ ᠲᠡᠷᠡᠪᠡᠷ ᠰᠢᠭᠤᠳ | ᠡᠮᠦᠨᠡᠰᠢ ᠲᠠᠭᠠᠷᠢᠯᠬᠢᠯᠠᠨ ᠫᠧᠩ ᠴᠧᠩ ᠳᠤ ᠤᠯᠠᠭᠠᠨ ᠠᠯᠴᠢᠭᠤᠷᠳᠠᠨ ᠤ ᠱᠠ ᠯᠢᠦ ᠶᠢᠨ ᠪᠦᠯᠦᠭ ᠢ | ᠢᠯᠠᠵᠤ ᠂ ᠬᠤᠸᠠᠶᠢᠨᠠᠨ᠂ ᠬᠤᠸᠠᠶᠢᠪᠧᠢ ᠶᠢᠨ ᠬᠠᠷᠢᠯᠴᠠᠭ᠎ᠠ ᠶᠢ ᠰᠡᠷᠭᠦᠭᠡᠵᠤ ᠂ 9 ᠰᠠᠷ᠎ᠠ ᠳᠤ ᠼᠤᠤ ᠵᠧᠦ | ᠶᠢ ᠲᠠᠭᠠᠷᠢᠬᠤ ᠲᠠᠶᠢᠨ ᠢ ᠵᠢᠯᠤᠭᠤᠳᠴᠠᠢ᠃ ᠽᠤᠤ ᠵᠧᠦ ᠪᠤᠯᠪᠠᠯ ᠪᠢᠶᠠᠨ ᠯᠢᠶᠠᠩ ᠪᠠ ᠱᠠᠨᠳᠦ᠋ᠩ ᠤᠨ | ᠴᠡᠷᠢᠭ ᠲᠠᠶᠢᠨ ᠤ ᠴᠢᠬᠤᠯᠠ ᠭᠠᠵᠠᠷ ᠮᠦᠨ ᠃ ᠤᠯᠠᠭᠠᠨ ᠠᠯᠴᠢᠭᠤᠷᠳᠠᠨ ᠤ ᠽᠠᠶᠢᠰᠢᠶᠠᠩ ᠬᠢᠭᠡᠳ ᡁᠢ ᠱᠦ | ᠮᠢ ᠶᠤᠸᠠᠨ ᠵᠡᠷᠭᠡ ᠪᠠᠶᠢᠭᠤᠯᠤᠮᠵᠢ ᠶᠢᠨ ᠬᠦᠨᠳᠤ ᠵᠠᠩᠵᠤᠨ ᠨᠠᠷ ᠢ ᠲᠤᠮᠢᠯᠠᠨ ᠰᠡᠷᠭᠡᠶᠢᠯᠡᠨ | ᠬᠠᠮᠠᠭᠠᠯᠠᠭᠤᠯᠤᠭᠰᠠᠨ ᠴᠦ 10 ᠰᠠᠷ᠎ᠠ ᠳᠤ ᠪᠤᠯᠤᠳᠡᠮᠦᠷ ᠲᠤ ᠡᠪᠳᠡᠭᠳᠡᠵᠦ ᠾᠧᠨᠠᠨ ᠪᠠ ᠱᠠᠨᠳᠦ᠋ᠩ ᠤᠨ | ᠤᠯᠠᠭᠠᠨ ᠠᠯᠴᠢᠭᠤᠷᠳᠠᠨ ᠤ ᠬᠠᠷᠢᠴᠠᠭ᠎ᠠ ᠲᠠᠰᠤᠷᠠᠵᠠᠢ᠃ | 1358 ᠤᠨ ᠳᠤ ᠶᠤᠸᠠᠨ ᠤᠯᠤᠰ ᠬᠡᠳᠦᠶᠢᠪᠡᠷ ᠲᠠᠶᠢᠶᠤᠸᠠᠨ ᠢ ᠡᠭᠡᠭᠦᠯᠦᠭᠰᠡᠨᠴᠦ ᠤᠯᠠᠭᠠᠨ ᠠᠯᠴᠢᠭᠤᠷᠳᠠᠨ | ᠤᠮᠠᠷᠠᠳᠤ ᠳᠤ ᠳ᠋ᠠ ᠲᠦᠩ ᠢ ᠡᠵᠡᠯᠡᠨ᠂ 12 ᠰᠠᠷ᠎ᠠ ᠳᠤ ᠱᠠᠩᠳᠦ ᠶᠢ ᠪᠤᠯᠢᠶᠠᠵᠤ ᠲᠠᠶᠢᠳᠦ ᠬᠤᠳᠠ ᠶᠢ | ᠬᠤᠶᠢᠳᠤ ᠲᠠᠯ᠎ᠠ ᠠᠴᠠ ᠨᠢ ᠰᠦᠷᠳᠡᠭᠦᠯᠦᠭᠰᠡᠨ ᠳᠤ ᠶᠤᠸᠠᠨ ᠤᠯᠤᠰ ᠪᠤᠯᠦᠳᠡᠮᠦᠷ ᠢ ᠵᠠᠷᠯᠢᠭᠳᠠᠨ ᠤᠮᠠᠷᠠᠰᠢ | ᠲᠠᠶᠢᠯᠠᠭᠤᠯᠪᠠ ᠃ 1359 ᠤᠨ ᠤ 2 ᠰᠠᠷ᠎ᠠ ᠳᠤ ᠪᠤᠯᠦᠳᠡᠮᠦᠷ ᠳ᠋ᠠᠶᠢᠵᠧᠦ ᠳᠤ ᠬᠦᠷᠴᠦ ᠂ 3 ᠰᠠᠷ᠎ᠠ ᠳᠤ | ᠲᠦᠷᠦ ᠵᠠᠰᠠᠭ ᠠᠴᠠ ᠳ᠋ᠠ ᠲᠦᠩ ᠳᠤ ᠰᠠᠭᠤᠬᠤ ᠶᠡᠭᠡ ᠳᠤ ᠳ᠋ᠦ᠋ ᠡᠷᠭᠦᠮᠵᠢᠯᠡᠭᠳᠡᠨ ᠂ ᠲᠤᠰ ᠰᠠᠷ᠎ᠠ ᠳᠠᠭᠠᠨ | ᠳ᠋ᠠ ᠲᠦᠩ ᠬᠦᠷᠦᠮᠡᠭᠴᠨ ᠶᠦᠨ ᠨᠧᠢ ᠂ ᠹᠧᠩ ᠵᠧᠦ ᠶᠢ ᠲᠠᠭᠠᠷᠢᠨ ᠂ ᠭᠤᠸᠠᠨ ᠰᠢᠶᠠᠨ ᠱᠧᠩ ᠢ ᠢᠯᠠᠵᠤ | ᠲᠡᠭᠦᠨ ᠢ ᠯᠢᠶᠤᠤᠳᠦ᠋ᠩ ᠠᠴᠠ ᠤᠬᠤᠷᠢᠭᠤᠯᠤᠨ ᠭᠠᠷᠭᠠᠵᠤ ᠳ᠋ᠠ ᠲᠦᠩ ᠯᠤ᠋ ᠶᠢ ᠠᠯᠭᠤᠷ ᠡᠭᠡᠭᠦᠯᠪᠡ ᠃ | 1359 ᠤᠨ ᠤ 5 ᠰᠠᠷ᠎ᠠ ᠳᠤ ᠴᠠᠭᠠᠨᠳᠡᠮᠦᠷ ᠭᠤᠸᠠᠨ ᠵᠦᠩ ᠠᠴᠠ ᠭᠠᠷᠴᠦ ᠪᠢᠶᠠᠨ ᠯᠢᠶᠠᠩ ᠢ ᠵᠠᠭᠤᠨ | ᠡᠳᠦᠷ ᠪᠦᠰᠡᠯᠡᠨ ᠬᠤᠳᠠ ᠶᠢ ᠡᠪᠳᠡᠵᠦ ᠾᠧᠨᠠᠨ ᠳᠤ ᠰᠠᠭᠤᠵᠤ ᠬᠠᠮᠠᠭᠠᠯᠠᠵᠠᠢ᠃ ᠪᠤᠯᠤᠳᠡᠮᠦᠷ ᠸᠧᠢ ᠵᠧᠦ ᠶᠢ | ᠲᠠᠭᠠᠷᠢᠨ ᠶᠠᠩ ᠴᠧᠩ ᠂ ᠹᠧᠢ ᠬᠡᠦ ᠰᠢᠶᠠᠨ ᠬᠦᠷᠴᠦ ᠲᠤᠰ ᠠᠩᠬᠢ ᠶᠢ ᠪᠠᠭᠤᠯᠭᠠᠨ ᠠᠪᠴᠠᠢ᠃ 11 ᠰᠠᠷ᠎ᠠ | ᠳᠤ ᠶᠤᠸᠠᠨ ᠤ ᠲᠦᠷᠦ ᠠᠴᠠ ᠬᠤᠯᠠᠭᠠᠢ ᠶᠢ ᠪᠦᠰᠡᠯᠡᠨ ᠠᠷᠢᠯᠭᠠᠬᠤ ᠡᠭᠦᠷᠭᠡ ᠶᠢ ᠪᠤᠯᠤᠳᠡᠮᠦᠷ ᠲᠤ | ᠲᠠᠬᠢᠨᠳᠠ ᠲᠤᠯᠭᠠᠵᠠᠢ᠃ 1360 ᠤᠨ ᠤ 2 ᠰᠠᠷ᠎ᠠ ᠳᠤ ᠪᠤᠯᠦᠳᠡᠮᠦᠷ ᠫᠢᠩ ᠵᠠᠩ ᠵᠧᠩ ᠰᠢ ᠡᠷᠭᠦᠮᠵᠢᠯᠡᠭᠳᠡᠵᠦ | ᠱᠠᠩᠳᠦ᠂ ᠳ᠋ᠠ ᠨᠢᠩ ᠢ ᠡᠵᠡᠯᠡᠭᠰᠡᠨ ᠭᠤᠸᠠᠨ ᠰᠢᠶᠠᠨ ᠱᠧᠩ ᠤᠨ ᠤᠯᠠᠭᠠᠨ ᠠᠯᠴᠢᠭᠤᠷᠳᠠᠨ ᠢ ᠴᠤᠬᠢᠵᠤ | ᠱᠠᠩᠳᠦ ᠶᠢ ᠡᠭᠡᠭᠦᠯᠦᠨ ᠤᠯᠠᠭᠠᠨ ᠠᠯᠴᠢᠭᠤᠷᠳᠠᠨ ᠢ ᠭᠤᠤ ᠯᠢ ᠪᠠ ᠯᠢᠶᠤᠤ ᠳ᠋ᠦᠩ ᠵᠦᠭ ᠤᠬᠤᠷᠢᠭᠤᠯᠵᠠᠢ᠃ 7 | ᠰᠠᠷ᠎ᠠ ᠳᠤ ᠸᠠᠩ ᠰᠢ ᠴᠧᠩ ᠤᠨ ᠱᠠᠨ ᠰᠢ ᠂ ᠾᠧᠪᠧᠢ ᠳᠠᠬᠢ ᠤᠯᠠᠭᠠᠨ ᠠᠯᠴᠢᠭᠤᠷᠳᠠᠨ ᠢ ᠢᠯᠠᠵᠤ | ᠂ ᠪᠤᠤ ᠳ᠋ᠢᠩ ᠯᠤ᠋ ᠂ ᠵᠢᠢ ᠨᠢᠩ ᠯᠤ᠋ ᠶᠢ ᠡᠵᠡᠯᠡᠭᠰᠡᠨ ᠲᠢᠶᠠᠨ ᠹᠧᠩ ᠤᠨ ᠴᠡᠷᠢᠭ ᠢ ᠰᠢᠬᠠᠨᠮᠳᠠᠭᠤᠯᠤᠨ | ᠳ᠋ᠦᠩ ᠫᠢᠩ ᠯᠤ᠋ ᠵᠦᠭ ᠤᠬᠤᠷᠢᠭᠤᠯᠵᠤ ᠂ ᠤᠳᠠᠯ ᠦᠭᠡᠢ ᠮᠤᠩᠭᠤᠯ ᠂ ᠬᠢᠳᠠᠳ ᠴᠡᠷᠢᠭ ᠤᠨ | ᠶᠡᠷᠦᠩᠭᠡᠶᠢᠯᠡᠨ ᠵᠠᠬᠢᠷᠤᠭᠴᠢ ᠡᠷᠭᠦᠮᠵᠢᠯᠡᠭᠳᠡᠨ᠂ ᠬᠡᠷᠡᠭ ᠶᠠᠪᠤᠳᠠᠯ ᠢ ᠲᠦᠭᠦᠮᠴᠢᠯᠡᠬᠦ ᠭᠡᠷᠭᠡᠮ ᠬᠦᠷᠳᠡᠵᠠᠢ᠃ 8 | ᠰᠠᠷ᠎ᠠ ᠳᠤ ᠶᠤᠸᠠᠨ ᠤᠯᠤᠰ ᠪᠤᠯᠤᠳᠡᠮᠦᠷ ᠢᠶᠠᠷ ᠰᠢ ᠯᠢᠩ ᠭᠤᠸᠠᠨ ᠠᠴᠠ ᠤᠮᠠᠷᠠᠰᠢᠬᠢ ᠤᠷᠤᠨ ᠢ | ᠲᠠᠷᠤᠩᠭᠤᠶᠢᠯᠠᠨ ᠰᠠᠬᠢᠭᠤᠯᠵᠤ ᠂ ᠴᠠᠭᠠᠨᠳᠡᠮᠦᠷ ᠢᠶᠠᠷ ᠰᠢ ᠯᠢᠩ ᠭᠤᠸᠠᠨ ᠠᠴᠠ ᠡᠮᠦᠨᠡᠰᠢᠬᠢ ᠤᠷᠤᠨ ᠢ | ᠲᠠᠷᠤᠩᠭᠤᠶᠢᠯᠠᠨ ᠰᠠᠬᠢᠭᠤᠯᠵᠠᠢ᠃ 9 ᠰᠠᠷ᠎ᠠ ᠳᠤ ᠪᠤᠯᠤᠳᠡᠮᠦᠷ ᠵᠢᠢ ᠨᠢᠩ ︵冀) ᠢ ᠪᠠᠶᠢᠯᠳᠤᠨ ᠠᠪᠬᠤ ᠶᠢ | ᠪᠤᠳᠤᠯᠬᠢᠯᠠᠨ ᠴᠡᠷᠢᠭ ᠲᠤᠮᠢᠯᠠᠨ ᠵᠢᠢ ᠨᠢᠩ ᠢ ᠭᠤᠷᠪᠠᠨ ᠡᠳᠦᠷ ᠪᠦᠰᠡᠯᠡᠭᠰᠡᠨ ᠤ ᠲᠠᠷᠠᠭ᠎ᠠ ᠴᠡᠷᠢᠭ ᠪᠤᠴᠠᠭᠠᠨ | ᠵᠢᠶᠤᠤ ᠴᠧᠩ ᠳᠤ ᠲᠤᠰᠬᠤᠨᠴᠢᠯᠠᠨ ᠰᠠᠭᠤᠵᠠᠢ᠃ 10 ᠰᠠᠷ᠎ᠠ ᠳᠤ ᠶᠤᠸᠠᠨ ᠤᠯᠤᠰ ᠵᠠᠷᠯᠢᠭ ᠢᠶᠠᠷ ᠪᠤᠯᠦᠳᠡᠮᠦᠷ | ᠢᠶᠠᠷ ᠵᠢᠢ ᠨᠢᠩ ᠢ ᠲᠠᠷᠤᠩᠭᠤᠶᠢᠯᠠᠨ ᠰᠠᠬᠢᠭᠤᠯᠤᠭᠰᠠᠨ ᠳᠤ ᠬᠦᠭᠡᠳᠡᠮᠦᠷ᠂ ᠳ᠋ᠤᠸᠠᠨ ᠰᠢᠩ ᠽᠦ ᠂ ᠭᠤᠤ | ᠲᠦᠸᠧ ᠨᠠᠷ ᠢ ᠲᠤᠮᠢᠯᠠᠨ ᠡᠰᠡᠷᠭᠦᠦ ᠲᠠᠯ᠎ᠠ ᠠᠴᠠ ᠨᠢ ᠲᠤᠰ ᠬᠤᠳᠠᠨ ᠵᠦᠭ ᠢᠷᠡᠭᠰᠡᠨ ᠳᠤ ᠬᠤᠳᠠ | ᠰᠠᠬᠢᠭᠰᠠᠨ ᠴᠡᠷᠢᠭ ᠠᠷᠠᠳ ᠲᠡᠳᠡᠨᠡᠷ ᠢ ᠤᠷᠤᠭᠤᠯᠤᠭᠰᠠᠨ ᠦᠭᠡᠢ᠃ ᠡᠨᠡᠬᠦ ᠴᠢᠮᠡᠭᠡ ᠶᠢ ᠴᠠᠭᠠᠨᠳᠡᠮᠦᠷ | ᠰᠤᠨᠤᠰᠤᠭᠠᠳ ᠰᠦᠸᠧ ᠵᠦ ᠂ ᠴᠧᠩ ᠪᠢᠩ ᡁᠢ ᠨᠠᠷ ᠢᠶᠠᠷ ᠴᠡᠷᠢᠭ ᠲᠠᠭᠠᠭᠤᠯᠤᠨ ᠢᠷᠡᠵᠦ ᠪᠤᠯᠢᠶᠠᠯᠳᠤᠭᠠᠳ | ᠪᠤᠯᠤᠳᠡᠮᠦᠷ ᠤᠨ ᠲᠤᠤᠷᠠᠬᠢ ᠵᠠᠩᠵᠤᠨ ᠲᠤᠯᠪᠠᠢ ᠳᠤ ᠢᠯᠠᠭᠳᠠᠵᠠᠢ᠃ | 1361 ᠤᠨ ᠤ ᠴᠠᠭᠠᠨ ᠰᠠᠷ᠎ᠠ ᠳᠤ ᠶᠤᠸᠠᠨ ᠤ ᠲᠦᠷᠦ ᠠᠴᠠ ᠪᠤᠯᠤᠳᠡᠮᠦᠷ ᠤᠨ ᠴᠡᠷᠢᠭ ᠤᠨ ᠡᠷᠭᠡ ᠶᠢ | ᠰᠤᠯᠠᠯᠠᠭᠰᠠᠨ ᠢ ᠲᠤᠩᠬᠠᠭᠯᠠᠭᠰᠠᠨ ᠳᠤ ᠪᠤᠯᠤᠳᠡᠮᠦᠷ ᠵᠠᠷᠯᠢᠭ ᠬᠦᠯᠢᠶᠡᠨ ᠪᠤᠴᠠᠵᠠᠢ᠃ ᠤᠳᠠᠯ ᠦᠭᠡᠢ ᠵᠤᠨ ᠤ | ᠤᠯᠠᠷᠢᠯ ᠳᠤ ᠪᠤᠯᠤᠳᠡᠮᠦᠷ ᠲᠠᠬᠢᠨᠳᠠ ᠪᠤᠤ ᠳ᠋ᠢᠩ᠂ ᠾᠧ ᠵᠢᠶᠠᠨ ᠢᠶᠠᠷ ᠲᠤᠰᠬᠤᠨᠴᠢᠯᠠᠨ ᠲᠠᠷᠢᠶᠠᠯᠠᠵᠠᠢ᠃ | 1362 ᠤᠨ ᠳᠤ ᠤᠮᠠᠷᠠᠳᠤ ᠤᠷᠤᠨ ᠳᠤ ᠵᠠᠩ ᠯᠢᠶᠠᠩ ᠪᠢ ᠠᠨᠤ ᠪᠤᠯᠤᠳᠡᠮᠦᠷ ᠲᠠᠢ ᠨᠦᠬᠦᠷᠰᠡᠵᠦ ᠂ ᠯᠢ | ᠰᠧ ᠴᠢ ᠢᠨᠤ ᠴᠠᠭᠠᠨᠳᠡᠮᠦᠷ ᠲᠠᠢ ᠬᠤᠯᠪᠤᠭᠠᠯᠠᠨ ᠬᠠᠷᠢᠯᠴᠠᠨ ᠶᠡᠭᠡᠳᠡ ᠲᠡᠮᠡᠴᠡᠯ ᠪᠤᠯᠤᠭᠰᠠᠨ ᠲᠤᠬᠢᠶᠠᠯ ᠢᠶᠠᠷ | ᠮᠢᠩ ᠢᠦᠢ ᠵᠧᠨ ᠴᠧᠩᠳᠦ᠋ ᠶᠢ ᠡᠵᠡᠯᠡᠨ ᠸᠠᠩ ᠰᠠᠭᠤᠵᠠᠢ᠃ ᠶᠠᠭ ᠡᠨᠡ ᠲᠤᠬᠠᠢ ᠴᠠᠭᠠᠨᠳᠡᠮᠦᠷ ᠲᠤᠤᠷᠠᠬᠢ | ᠬᠦᠮᠦᠨ ᠳᠡᠭᠡᠨ ᠬᠤᠤᠷᠯᠠᠭᠳᠠᠭᠰᠠᠨ ᠳᠤ ᠲᠡᠵᠢᠭᠡᠭᠰᠡᠨ ᠭᠦᠭᠡᠭᠦᠨ ᠬᠦᠭᠡᠳᠡᠮᠦᠷ ᠨᠢ ᠡᠴᠢᠭᠡ ᠤᠨ ᠢᠶᠠᠨ | ᠬᠠᠷᠢᠶᠠᠳᠤ ᠶᠢ ᠲᠠᠭᠠᠭᠤᠯᠤᠨ ᠪᠤᠯᠦᠳᠡᠮᠦᠷ ᠯᠤᠭ᠎ᠠ ᠦᠷᠭᠦᠯᠵᠢᠯᠡᠨ ᠲᠡᠮᠡᠴᠡᠵᠠᠢ᠃ ᠡᠮᠦᠨᠡᠳᠤ ᠤᠷᠤᠨ ᠳᠤ ᠵᠤ᠋ | ᠶᠤᠸᠠᠨ ᠵᠠᠩ ᠬᠢᠭᠡᠳ ᠴᠧᠨ ᠶᠢᠦ ᠯᠢᠶᠠᠩ ᠤᠨ ᠲᠠᠶᠢᠨ ᠡᠬᠢᠯᠡᠵᠦ ᠂ ᠪᠦᠬᠦ ᠤᠯᠤᠰ ᠭᠡᠰᠡᠭᠯᠡᠨ ᠡᠵᠡᠮᠰᠢᠭᠰᠡᠨ | ᠲᠠᠶᠢᠨ ᠤ ᠪᠠᠶᠢᠳᠠᠯ ᠳᠤ ᠤᠷᠤᠵᠠᠢ᠃ ᠵᠠᠩ ᠰᠢ ᠴᠧᠩ ᠨᠠᠷᠠ ᠲᠡᠭᠡᠷ᠎ᠡ ᠪᠠᠨ ᠶᠤᠸᠠᠨ ᠤᠯᠤᠰ ᠲᠤ ᠲᠠᠭᠠᠭᠰᠠᠨ | ᠠᠴᠠ ᠲᠤᠬᠠᠢ ᠶᠢᠨ ᠦᠶ᠎ᠡ ᠳᠤ ᠬᠤᠸᠠᠶᠢᠨᠠᠨ ᠬᠢᠭᠡᠳ ᠬᠦᠭᠡᠮᠦ᠋ᠷᠡᠨ ᠤ ᠲᠤᠮᠳᠠᠳᠤ ᠲᠤᠤᠷᠠᠳᠤ ᠤᠷᠤᠰᠬᠠᠯ | ᠲᠠᠭᠤ ᠤᠷᠤᠨ ᠤᠯᠠᠭᠠᠨ ᠠᠯᠴᠢᠭᠤᠷᠳᠠᠨ ᠲᠤ ᠡᠵᠡᠮᠰᠢᠭᠳᠡᠵᠦ ᠤᠮᠠᠷᠠᠳᠤ ᠤᠷᠤᠨ ᠳᠤ ᠤᠯᠠᠨ ᠢᠳᠡᠷᠭᠡᠭ | ᠬᠡᠰᠡᠭᠯᠡᠨ ᠡᠵᠡᠮᠰᠢᠵᠤ ᠬᠠᠷᠢᠯᠴᠠᠨ ᠲᠠᠶᠢᠳᠤᠭᠰᠠᠨ ᠪᠠᠶᠢᠳᠠᠯ ᠳᠤ ᠤᠷᠤᠵᠠᠢ᠃ ᠲᠤᠬᠠᠢ ᠶᠢᠨ ᠦᠶ᠎ᠡ ᠳᠤ | ᠪᠤᠯᠤᠳᠡᠮᠦᠷ ᠴᠡᠷᠢᠭ ᠲᠠᠭᠠᠭᠤᠯᠤᠨ ᠡᠮᠦᠨ᠎ᠡ ᠶᠢ ᠲᠠᠶᠢᠯᠠᠬᠤ ᠶᠢ ᠭᠤᠶᠤᠴᠢᠯᠠᠭᠰᠠᠨ ᠴᠦ ᠴᠤᠤᠷᠢᠶᠠᠳᠤᠨ ᠲᠠᠭᠠᠬᠤ | ᠬᠦᠮᠦᠨ ᠦᠭᠡᠢ ᠪᠤᠯᠵᠠᠢ᠃ | 1363 ᠤᠨ ᠤ ᠬᠠᠪᠤᠷ ᠂ ᠭᠤᠸᠠᠨ ᠰᠢᠶᠠᠨ ᠱᠧᠩ ᠤᠨ ᠦᠯᠡᠳᠡᠭᠳᠡᠯ ᠬᠦᠴᠦᠨ ᠳ᠋ᠠ ᠨᠢᠩ ᠢ ᠲᠠᠭᠠᠷᠢᠨ | ᠡᠵᠡᠯᠡᠵᠦ ᠲᠠᠶᠢᠳᠤ ᠶᠢ ᠰᠦᠷᠳᠡᠭᠦᠯᠦᠭᠰᠡᠨ ᠳᠤ ᠪᠤᠯᠤᠳᠡᠮᠦᠷ ᠪᠠᠶᠢᠯᠳᠤᠨ ᠢᠯᠠᠵᠤ ᠪᠠᠭᠤᠯᠭᠠᠨ ᠠᠪᠴᠠᠢ᠃ 3 | ᠰᠠᠷ᠎ᠠ ᠳᠤ ᠶᠤᠸᠠᠨ ᠤᠯᠤᠰ ᠵᠢᠢ ᠨᠢᠩ ᠯᠤ᠋ ᠳᠤ ᠮᠤᠵᠢ ᠪᠠᠶᠢᠭᠤᠯᠵᠠᠢ᠃ 5 ᠰᠠᠷ᠎ᠠ ᠳᠤ ᠵᠠᠩ ᠰᠢ ᠴᠧᠩ 30 | ᠲᠦᠮᠡᠨ ᠴᠡᠷᠢᠭ ᠲᠠᠭᠠᠭᠤᠯᠤᠨ ᠵᠢᠩ ᠪᠠᠯᠭᠠᠰᠤᠨ ᠳᠤ ᠤᠶᠢᠷᠳᠤᠭᠰᠠᠨ ᠳᠤ ᠂ 6 ᠰᠠᠷ᠎ᠠ ᠳᠤ ᠪᠤᠯᠤᠳᠡᠮᠦᠷ ᠵᠤᠤ | ᠪᠢᠴᠢᠭ ᠤᠨ ᠵᠠᠷᠯᠢᠭ ᠢᠶᠠᠷ ᠡᠮᠦᠨᠡᠰᠢ ᠲᠠᠶᠢᠯᠠᠬᠤ ᠪᠤᠯᠵᠤ ᠱᠠᠨᠰᠢ ᠶᠢ ᠦᠩᠭᠡᠷᠡᠵᠦ ᠡᠮᠦᠨᠡᠰᠢ ᠲᠠᠶᠢᠯᠠᠵᠤ ᠰᠢᠶᠠᠩ | ᠶᠠᠩ᠂ ᠬᠠᠨ ᠶᠠᠩ ᠤᠨ ᠭᠠᠵᠠᠷ ᠲᠤ ᠬᠠᠷᠰᠢ ᠰᠠᠭᠠᠳ ᠲᠤ ᠤᠴᠠᠷᠠᠬᠤ ᠶᠢᠨ ᠬᠠᠮᠳᠤ ᠂ ᠬᠦᠭᠡᠳᠡᠮᠦᠷ ᠤᠨ | ᠲᠤᠤᠷᠠᠬᠢ ᠵᠠᠩᠵᠤᠨ ᠲᠠᠯᠤ ᠬᠡᠮᠡᠭᠴᠢ ᠨᠢ ᠯᠠᠨ ᠲᠢᠶᠠᠨ ᠭᠠᠵᠠᠷ ᠲᠡᠭᠦᠨ ᠢ ᠰᠠᠭᠠᠳᠠᠭᠤᠯᠤᠭᠰᠠᠨ ᠳᠤ | ᠲᠡᠷᠡᠪᠡᠷ ᠡᠵᠡᠨ ᠲᠦᠷᠦ ᠳᠤ ᠲᠠᠯᠦ ᠨᠠᠷ ᠢ ᠲᠦᠩ ᠭᠤᠸᠠᠨ ᠠᠴᠠ ᠵᠡᠭᠦᠨᠰᠢ ᠰᠢᠯᠵᠢᠬᠦᠯᠬᠦ ᠶᠢ ᠱᠠᠭᠠᠷᠳᠠᠵᠠᠢ᠃ | ᠡᠭᠦᠨ ᠤ ᠵᠡᠷᠭᠡᠪᠡᠷ ᠪᠤᠯᠤᠳᠡᠮᠦᠷ ᠤᠨ ᠲᠤᠮᠢᠯᠠᠭᠰᠠᠨ ᠵᠤ᠋ ᠵᠧᠨ ᠲᠤᠬᠠᠢ ᠶᠢᠨ ᠤᠷᠤᠨ ᠤ ᠨᠤᠶᠠᠳ ᠲᠠᠢ | ᠬᠤᠯᠪᠤᠭᠠᠯᠠᠨ ᠮᠤᠵᠢ ᠶᠢᠨ ᠬᠤᠳᠠ ᠶᠢ ᠡᠵᠡᠮᠰᠢᠭᠰᠡᠨ ᠳᠤ ᠬᠦᠭᠡᠳᠡᠮᠦᠷ ᠴᠡᠷᠢᠭ ᠲᠤᠮᠢᠯᠠᠨ ᠵᠤ᠋ ᠵᠧᠨ ᠲᠠᠢ | ᠪᠠᠶᠢᠯᠳᠤᠭᠤᠯᠤᠨ ᠲᠡᠭᠦᠨ ᠢ ᠤᠷᠤᠭᠤᠯᠵᠤ ᠠᠪᠴᠠᠢ᠃ 7 ᠰᠠᠷ᠎ᠠ ᠳᠤ ᠪᠤᠯᠤᠳᠡᠮᠦᠷ ᠰᠢᠶᠠᠩ ᠬᠠᠨ ᠢ | ᠲᠠᠭᠠᠷᠢᠭᠰᠠᠨ ᠲᠠᠶᠢᠨ ᠢ ᠲᠡᠭᠦᠰᠦᠮᠡᠭᠴᠨ ᠬᠦᠭᠡᠳᠡᠮᠦᠷ ᠂ ᠪᠤᠯᠤᠳᠡᠮᠦᠷ ᠢ ᠲᠠᠭᠠᠷᠢᠵᠠᠢ᠃ ᠡᠭᠦᠨ ᠳᠤ | ᠪᠤᠯᠤᠳᠡᠮᠦᠷ ᠪᠢᠴᠢᠭ ᠡᠷᠭᠦᠵᠦ ᠬᠦᠭᠡᠳᠡᠮᠦᠷ ᠤᠨ ᠲᠦᠰᠢᠮᠡᠯ ᠤᠨ ᠶᠤᠰᠤᠨ ᠢ ᠦᠯᠦ ᠲᠠᠭᠠᠭᠰᠠᠨ ᠢ ᠶᠠᠯᠯᠠᠬᠤ ᠶᠢ | ᠱᠠᠭᠠᠷᠳᠠᠵᠠᠢ᠃ ᠭᠡᠳᠡᠯ᠎ᠡ ᠲᠠᠶᠢᠽᠢ ᠶᠢᠨ ᠲᠡᠮᠵᠢᠯᠭᠡ ᠶᠢ ᠤᠯᠤᠭᠰᠠᠨ ᠬᠦᠭᠡᠳᠡᠮᠦᠷ ᠤᠨ ᠬᠦᠴᠦᠨ ᠡᠳᠦᠷ | ᠢᠷᠡᠬᠦᠶ᠎ᠡ ᠪᠠᠳᠠᠷᠠᠵᠤ ᠂ ᠬᠠᠷᠢᠨ ᠶᠤᠸᠠᠨ ᠤᠯᠤᠰ ᠡᠳᠦᠷ ᠢᠷᠡᠬᠦᠶ᠎ᠡ ᠲᠤᠷᠤᠶᠢᠳᠠᠵᠠᠢ᠃ ᠲᠤᠬᠠᠢ ᠶᠢᠨ ᠦᠶ᠎ᠡ ᠳᠤ | ᠡᠷᠭᠡ ᠠᠳᠬᠤᠭᠰᠠᠨ ᠨᠤᠶᠠᠳ ᠤᠨ ᠤᠯᠠᠨᠩᠬᠢ ᠨᠢ ᠬᠢᠳᠠᠳ ᠨᠤᠶᠠᠳ ᠪᠤᠯᠵᠤ᠂ ᠵᠦᠪᠭᠡᠨ ᠪᠤᠯᠤᠳᠡᠮᠦᠷ ᠯᠡ | ᠮᠤᠩᠭᠤᠯ ᠨᠤᠶᠠᠨ ᠮᠦᠷᠳᠡᠭᠡᠨ ᠬᠠᠮᠤᠭ ᠤᠨ ᠭᠠᠷᠮᠠᠭᠠᠢ ᠴᠡᠷᠢᠭ ᠲᠠᠶᠢᠨ ᠤ ᠤᠳᠤᠷᠢᠳᠤᠭᠴᠢ ᠪᠠᠶᠢᠵᠠᠢ᠃ | 1364 ᠤᠨ ᠳᠤ ᠵᠤ᠋ ᠶᠤᠸᠠᠨ ᠵᠠᠩ ᠂ ᠴᠧᠨ ᠬᠠᠨ ᠢ ᠮᠦᠬᠦᠭᠡᠵᠦ ᠬᠦᠭᠡᠮᠦ᠋ᠷᠡᠨ ᠤ ᠲᠤᠮᠳᠠᠳᠤ ᠤᠷᠤᠰᠬᠠᠯ | ᠲᠠᠭᠠᠤ ᠤᠷᠤᠨ ᠢ ᠡᠷᠭᠡᠰᠢᠶᠡᠭᠰᠡᠨ ᠪᠠᠶᠢᠳᠠᠯ᠎ᠠ ᠶᠤᠸᠠᠨ ᠤᠯᠤᠰ ᠤᠨ ᠬᠠᠭᠠᠨ ᠤ ᠨᠠᠮᠳᠠᠨ ᠬᠢᠭᠡᠳ ᠲᠠᠶᠢᠽᠢ | ᠶᠢᠨ ᠨᠠᠮᠳᠠᠨ ᠤ ᠲᠡᠮᠡᠴᠡᠯ ᠬᠠᠷᠢᠨ ᠰᠢᠷᠦᠭᠦᠰᠴᠠᠢ᠃ 3 ᠰᠠᠷ᠎ᠠ ᠳᠤ ᠬᠤᠸᠠᠩ ᠲᠠᠶᠢᠽᠢ ᠠᠶᠤᠰᠢᠷᠢᠳᠠᠷᠠ | ᠲᠤᠭᠤᠭᠠᠨᠳᠡᠮᠦᠷ ᠬᠠᠭᠠᠨ ᠢ ᠠᠯᠪᠠᠳᠠᠨ ᠪᠤᠯᠤᠳᠡᠮᠦᠷ ᠤᠨ ᠴᠡᠷᠢᠭ ᠤᠨ ᠵᠡᠷᠭᠡ ᠭᠡᠷᠭᠡᠮ ᠢ ᠠᠨᠤ | ᠤᠭᠴᠠᠷᠠᠭᠤᠯᠵᠠᠢ᠃ 4 ᠰᠠᠷ᠎ᠠ ᠳᠤ ᠶᠤᠸᠠᠨ ᠤ ᠲᠦᠷᠦ ᠪᠤᠯᠤᠳᠡᠮᠦᠷ ᠲᠤ ︽ᠵᠠᠷᠯᠢᠭ ᠲᠠᠭᠠᠭᠰᠠᠨ ᠦᠭᠡᠢ︾ | ᠬᠡᠮᠡᠬᠦ ᠶᠠᠯ᠎ᠠ ᠲᠤᠯᠭᠠᠵᠤ ᠬᠤᠸᠠᠩ ᠲᠠᠶᠢᠽᠢ ᠠᠶᠤᠰᠢᠷᠢᠳᠠᠷᠠ ᠪᠡᠶ᠎ᠡ ᠪᠠᠷ ᠢᠶᠠᠨ ᠲᠠᠶᠢᠯᠠᠬᠤ ᠶᠢᠨ ᠬᠠᠮᠳᠤ | ᠬᠦᠭᠡᠳᠡᠮᠦᠷ ᠢ ᠵᠠᠷᠯᠢᠭᠳᠠᠨ ᠴᠡᠷᠢᠭ ᠭᠠᠷᠭᠠᠭᠤᠯᠵᠠᠢ᠃ 5 ᠰᠠᠷ᠎ᠠ ᠳᠤ ᠬᠦᠭᠡᠳᠡᠮᠦᠷ ᠭᠤᠷᠪᠠᠨ ᠵᠠᠮ ᠤᠨ ᠬᠤᠷᠢᠨ | ᠲᠦᠮᠡᠨ ᠴᠡᠷᠢᠭ ᠲᠤᠮᠢᠯᠠᠨ ᠪᠤᠯᠤᠳᠡᠮᠦᠷ ᠢ ᠲᠠᠭᠠᠷᠢᠭᠤᠯᠵᠤ ᠂ ᠬᠤᠸᠠᠩ ᠲᠠᠶᠢᠽᠢ ᠲᠠᠶᠢᠳᠤ ᠬᠤᠳᠠᠨ᠎ᠠ ᠡᠭᠡᠵᠠᠢ᠃ | | 7 ᠰᠠᠷ᠎ᠠ ᠳᠤ ᠬᠦᠭᠡᠳᠡᠮᠦᠷ ᠬᠢᠭᠡᠳ ᠪᠤᠯᠤᠳᠡᠮᠦᠷ ᠲᠠᠶᠢᠳᠤ ᠬᠤᠳᠠ ᠤᠷᠴᠢᠮ ᠶᠡᠭᠡᠯ᠎ᠡ ᠪᠠᠶᠢᠯᠳᠤᠵᠤ ᠶᠢᠰᠦ | ᠪᠤᠯᠤᠳᠡᠮᠦᠷ ᠲᠤ ᠲᠠᠭᠠᠵᠤ ᠬᠦᠭᠡᠳᠡᠮᠦᠷ ᠬᠢᠭᠡᠳ ᠲᠠᠶᠢᠽᠢ ᠶᠢᠨ ᠴᠡᠷᠢᠭ ᠠᠰᠢᠭ ᠠᠯᠳᠠᠵᠤ ᠵᠢᠢ ᠨᠢᠩ ᠵᠦᠭ | ᠤᠬᠤᠷᠢᠨ ᠂ ᠪᠤᠯᠤᠳᠡᠮᠦᠷ ᠵᠢᠩ ᠬᠤᠳᠠᠨ᠎ᠠ ᠤᠷᠤᠵᠠᠢ᠃ | 8 ᠰᠠᠷ᠎ᠠ ᠳᠤ ᠶᠤᠸᠠᠨ ᠤ ᠲᠦᠷᠦ ᠠᠴᠠ ᠪᠤᠯᠤᠳᠡᠮᠦᠷ ᠢ ᠪᠠᠷᠠᠭᠤᠨ ᠭᠠᠷᠤᠨ ᠴᠧᠩᠰᠢᠶᠠᠩ ᠡᠷᠭᠦᠮᠵᠢᠯᠡᠵᠦ | ᠪᠤᠯᠤᠳᠡᠮᠦᠷ ᠵᠠᠰᠠᠭ ᠠᠳᠬᠤᠵᠠᠢ᠃ ᠪᠤᠯᠤᠳᠡᠮᠦᠷ ᠵᠠᠰᠠᠭ ᠠᠳᠬᠤᠬᠤ ᠬᠤᠭᠤᠴᠠᠭᠠᠨ ᠳᠠᠭᠠᠨ ᠨᠢᠭᠡ ᠪᠦᠯᠦᠭ | ᠠᠷᠠᠳ ᠲᠦᠮᠡᠨ ᠳᠤ ᠠᠰᠢᠭᠳᠠᠢ ᠮᠦᠷᠳᠡᠭᠡᠨ ᠨᠤᠶᠠᠷᠬᠠᠯ ᠤᠨ ᠲᠢᠭᠯᠢᠮ ᠢᠶᠠᠨ ᠰᠡᠷᠭᠦᠭᠡᠬᠦ ᠳᠤ ᠠᠰᠢᠭᠳᠠᠢ | ᠲᠦᠷᠦ ᠶᠢᠨ ᠪᠤᠳᠤᠯᠭ᠎ᠠ ᠲᠤᠭᠳᠠᠭᠠᠵᠠᠢ᠃ ᠭᠡᠳᠡᠯ᠎ᠡ ᠠᠷᠠᠶᠢᠬᠠᠨ ᠨᠢᠭᠡᠨ ᠤᠨ ᠪᠤᠯᠤᠭᠰᠠᠨ ᠦᠭᠡᠢ ᠵᠠᠰᠠᠭ | ᠠᠳᠬᠤᠭᠰᠠᠨ ᠬᠤᠭᠤᠴᠠᠭ᠎ᠠ ᠨᠢ ᠶᠤᠸᠠᠨ ᠤᠯᠤᠰ ᠤᠨ ᠬᠤᠪᠢ ᠵᠢᠶᠠᠭ᠎ᠠ ᠶᠢ ᠭᠡᠷᠬᠢᠨ ᠬᠤᠪᠢᠷᠭᠠᠵᠤ ᠴᠢᠳᠠᠬᠤ ᠪᠢᠯᠡ | ᠃ | 1365 ᠤᠨ ᠤ ᠡᠬᠢ ᠪᠠᠷ ᠬᠤᠸᠠᠩ ᠲᠠᠶᠢᠽᠢ ᠠᠶᠤᠰᠢᠷᠢᠳᠠᠷᠠ ᠬᠢᠭᠡᠳ ᠭᠦᠭᠡᠳᠡᠮᠦᠷ ᠨᠠᠷ ᠲᠠᠬᠢᠨᠳᠠ | ᠪᠤᠯᠤᠳᠡᠮᠦᠷ ᠢ ᠲᠠᠭᠠᠷᠢᠵᠤ᠂ 4 ᠰᠠᠷ᠎ᠠ ᠳᠤ ᠳ᠋ᠠ ᠲᠦᠩ ᠢ ᠲᠠᠭᠠᠷᠢᠨ ᠡᠵᠡᠯᠡᠭᠰᠡᠨ ᠳᠤ ᠪᠤᠯᠤᠳᠡᠮᠦᠷ ᠶᠢᠰᠦ ᠶᠢ | ᠲᠤᠮᠢᠯᠠᠨ ᠤᠭᠳᠤᠨ ᠪᠠᠶᠢᠯᠳᠤᠭᠤᠯᠤᠭᠰᠠᠨ ᠳᠤ ᠶᠢᠰᠦ ᠭᠡᠳᠡᠷᠭᠦᠦ ᠲᠡᠭᠡᠨ ᠬᠤᠸᠠᠩ ᠲᠠᠶᠢᠽᠢ ᠳᠤ ᠲᠠᠭᠠᠵᠠᠢ᠃ | 7 ᠰᠠᠷ᠎ᠠ ᠳᠤ ᠶᠤᠸᠠᠨ ᠱᠦᠨ ᠳ᠋ᠢ ᠬᠠᠭᠠᠨ ᠬᠦᠮᠦᠨ ᠲᠤᠮᠢᠯᠠᠨ ᠪᠤᠯᠤᠳᠡᠮᠦᠷ ᠢ ᠬᠤᠤᠷᠯᠠᠵᠠᠢ᠃ | |