ᠤᠯᠠᠭᠠᠨ ᠮᠠᠩᠬ᠎ᠠ
ᠨᠡᠶᠢᠲᠡᠯᠡᠭᠰᠡᠨ ᠴᠠᠭ᠄
2020-06-10
ᠤᠯᠠᠭᠠᠨ ᠮᠠᠩᠬ᠎ᠠ ᠠᠯᠳᠠᠠᠭᠠᠷᠤᠳᠢ ᠡᠷᠳᠡ ᠲᠡᠭᠡᠳᠤ ᠠᠴᠠ ᠡᠵᠡᠨᠳᠠᠢ ᠤᠯᠠᠭᠠᠨ ᠮᠠᠩᠬ᠎ᠠ ᠡᠯᠤᠨᠴᠡ ᠶᠢᠨ ᠪᠠᠭᠤᠷᠢ ᠶᠢᠨ ᠨᠠᠷᠠ ᠲᠠᠢ ᠲᠤᠯᠠᠭᠠᠨ ᠮᠠᠩᠬ᠎ᠠ᠂ ᠲᠡᠮᠡᠭᠡᠨ ᠬᠢᠷᠭᠤᠤᠯ ᠨᠤᠳᠤᠭᠳᠠᠢ ᠭᠠᠯᠠᠭᠤᠨ ᠮᠠᠩᠬ᠎ᠠ ᠲᠡᠭᠷᠢ ᠶᠢᠨ ᠲᠤᠯᠪᠤ ᠮᠢᠨᠢ ᠦᠯᠤᠭᠡᠶᠢᠳᠠᠢ ᠬᠠᠯᠠᠭᠤᠨ ᠮᠠᠩᠬ᠎ᠠ᠃ ᠴᠢᠯᠠᠭᠤᠨ ᠵᠡᠪᠰᠡᠭ ᠤᠨ ᠦᠶ᠎ᠡ ᠠᠴᠠ ᠮᠠᠨ ᠤ ᠮᠠᠩᠬ᠎ᠠ ᠴᠤᠮᠪᠤᠨ ᠲᠤᠭᠤᠷᠠᠢ ᠶᠢᠨ ᠲᠠᠮᠠᠭᠠᠳᠠᠢ ᠮᠠᠯᠴᠢᠨ ᠤ ᠮᠠᠩᠬ᠎ᠠ᠂ ᠴᠢᠳᠬᠤᠯᠠᠮ᠎ᠠ ᠬᠤᠷ᠎ᠠ ᠪᠠᠷ ᠠᠮᠢᠰᠤᠯᠯᠠᠳᠠᠭ ᠮᠠᠨᠠᠨ ᠤ ᠮᠠᠩᠬ᠎ᠠ ᠴᠤᠯ ᠠᠯᠳᠠ ᠠᠴᠠ ᠦᠨᠡᠳᠠᠢ ᠮᠠᠩᠬᠠᠨ ᠤ ᠮᠠᠩᠬ᠎ᠠ᠃ ᠡᠾᠦ᠋ᠩᠨᠤ ᠬᠦᠷᠤᠨ ᠤ ᠵᠡᠬᠦᠨ ︽ᠰᠠᠬᠠᠷᠠ︾ ᠮᠠᠩᠬ᠎ᠠ ᠬᠦᠭᠵᠢᠯᠳᠤ ᠡᠷᠡᠨ ᠤ ᠮᠢᠨᠢ ᠵᠡᠬᠦᠳᠤᠨ ᠰᠠᠷᠠᠨ ᠮᠠᠩᠬ᠎ᠠ᠂ ᠭᠠᠯᠪᠢᠷᠬᠠᠨ ᠰᠢᠷᠤᠢ ᠨᠢ ᠴᠢᠰ ᠤᠯᠠᠭᠠᠨ ᠮᠠᠩᠬ᠎ᠠ ᠭᠠᠨᠳᠠᠷᠢᠰᠤᠨ ᠵᠡᠷᠭᠡᠯᠭᠡᠨ ᠨᠢ ᠭᠠᠰ ᠴᠡᠩᠭᠡᠷ ᠮᠠᠩᠬ᠎ᠠ᠃ ᠡᠵᠢ ᠳᠡᠭᠡᠨ ᠡᠷᠭᠡᠯᠡᠭᠰᠡᠨ ᠡᠳᠡᠩ ᠤᠷᠤᠭᠤᠯ ᠠᠴᠠ ᠮᠢᠨᠢ ᠤᠶᠠᠭᠠᠳᠠᠢ ᠡᠯᠡᠰᠤᠨ ᠰᠢᠯᠦᠭ ᠤᠨ ᠮᠢᠨᠢ ᠮᠦᠩᠬᠦᠨ ᠤᠶᠠᠭᠠᠨ ᠮᠠᠩᠬ᠎ᠠ᠂ ᠡᠷᠳᠡᠨᠢ ᠰᠢᠷ᠎ᠠ ᠪᠤᠷᠭᠠᠰᠤᠨ ᠮᠤᠷᠢ ᠤᠨᠤᠭᠠᠳᠠᠢ ᠡᠩᠬᠦᠷᠡᠢ ᠪᠠᠭ᠎ᠠ ᠶᠢᠨ ᠮᠢᠨᠢ ᠠᠯᠳᠠᠨ ᠵᠠᠶᠠᠭᠠᠨ ᠮᠠᠩᠬ᠎ᠠ᠃ ᠠᠯᠳᠠᠨ ᠬᠠᠷᠭᠠᠨ᠎ᠠ ᠨᠢ ᠵᠢᠳᠠ ᠶᠤᠭᠠᠨ ᠬᠢᠯᠪᠠᠭᠤᠯᠵᠤ ᠠᠯᠠᠭ ᠦᠷ᠎ᠡ ᠪᠠᠨ ᠭᠠᠮᠰᠢᠭ ᠲᠠᠮᠰᠢᠭ ᠠᠴᠠ ᠬᠠᠮᠠᠭᠠᠯᠠᠵᠤ ᠪᠠᠶᠢᠨ᠎ᠠ︕ ᠵᠡᠭᠡᠷᠭᠡᠨ᠎ᠡ ᠰᠢᠷᠠᠯᠵᠢ ᠲᠦᠷᠤᠭᠡ ᠱᠦᠷᠬᠦᠭᠡᠮ᠎ᠡ ᠬᠠᠯᠢᠭᠤᠷᠠᠵᠤ ᠵᠡᠷᠭᠡᠯᠭᠡᠨ ᠬᠠᠳᠠᠷᠢᠭᠠᠳ ᠰᠢᠷ᠎ᠠ ᠮᠦᠷᠡᠨ ᠮᠡᠳᠤ ᠬᠠᠷᠠᠭᠳᠠᠵᠤ ᠪᠠᠶᠢᠨ᠎ᠠ︕ ᠲᠠᠺᠠᠯᠢᠮᠠᠺᠠᠨ ᠠᠳᠠᠯᠢ ᠡᠷᠳᠡᠨᠢ ᠴᠢᠯᠠᠭᠤᠳ ᠨᠢ ᠬᠢᠯᠪᠠᠭᠠᠳᠠᠢ ᠲᠠᠪᠢᠨ ᠳ᠋ᠦᠩᠰᠢᠭᠤᠷ ᠤᠨ ᠤ ᠴᠠᠭᠠᠷᠢᠭ ᠨᠢ ᠬᠡᠯᠬᠢᠶᠡᠰᠤᠳᠠᠢ᠂  ᠰᠤᠷᠬᠢᠭᠤᠯ ᠡᠷᠬᠢᠭᠰᠡᠨ ᠬᠤᠷᠯᠤ ᠲᠠᠷᠨᠢ ᠶᠢᠨ ᠮᠠᠩᠬ᠎ᠠ ᠰᠠᠭᠤᠳᠠᠯ ᠨᠡᠬᠦᠳᠡᠯ ᠲᠠᠢ ᠬᠤᠷᠸ᠎ᠠ ᠡᠷᠳᠡᠨᠢ ᠶᠢᠨ ᠮᠠᠩᠬ᠎ᠠ᠃ ᠰᠢᠷ᠎ᠠ ᠮᠦᠷᠡᠨ ᠤ ᠡᠯᠡᠰᠤᠨ ᠲᠠᠩ ᠤᠨ ᠰᠠᠯᠬᠢ ᠰᠢᠩᠬᠤᠯᠠ ᠮᠤᠷᠢᠳᠠᠢ ᠠᠳᠠ ᠨᠡᠬᠦᠭᠰᠡᠨ ᠲᠤᠤᠯᠢ — ᠰᠢᠷᠤᠶᠢᠨ ᠪᠡᠶ᠎ᠡ ᠨᠢ ᠪᠠᠶᠢᠭᠠᠯᠢ ᠶᠢᠨ ᠴᠢᠰᠤᠳᠠᠢ ᠮᠠᠩᠬ᠎ᠠ ᠱᠢᠷᠤᠨ ᠤᠨᠵᠢᠯᠠᠭ᠎ᠠ ᠨᠢ ᠪᠠᠭᠠᠷᠢᠨ ᠳᠤ ᠴᠤᠤᠳᠠᠢ ᠮᠠᠩᠬ᠎ᠠ᠃ ᠠᠷᠢᠶᠠᠳᠠᠨ ᠵᠢᠬᠦᠷᠳᠡᠨ ᠤ ᠬᠠᠮᠳᠤ ᠶᠢᠨ ᠲᠤᠮᠤ ︽ᠭᠡᠷ︾  ᠠᠭᠯᠠᠭ ᠭᠡᠭᠡᠷ᠎ᠡ — ᠮᠢᠨᠤ ᠤᠯᠠᠭᠠᠨ ᠮᠠᠩᠬ᠎ᠠ᠂ ᠠᠷᠢᠭᠤᠨ ᠴᠡᠴᠡᠭᠡᠰ ᠤᠨ ᠬᠠᠮᠤᠭ ᠤᠨ ᠶᠡᠭᠡ ᠲᠡᠭᠷᠢ ᠠᠶᠤᠩᠭᠠᠳᠤ ᠪᠤᠤᠷ᠎ᠠ — ᠮᠢᠨᠤ ᠤᠯᠠᠭᠠᠨ ᠮᠠᠩᠬ᠎ᠠ᠃ ᠪᠠᠷᠠᠭᠤᠨ ᠭᠤᠤᠯ ᠤᠨ ᠪᠤᠷᠤᠭᠠᠨ ᠠᠳᠠ ᠭᠤᠤᠯᠳᠠᠳᠠᠭ ᠪᠠᠷᠤᠭᠳᠠᠢ ᠳᠤ ᠭᠠᠩᠳᠠᠳᠠᠭ ᠦᠭᠡᠢ ᠨᠤᠭᠤᠭᠠᠨ ᠬᠠᠰ ᠮᠠᠩᠬ᠎ᠠ᠂ ᠵᠤᠨ ᠤ ᠦᠳᠡ ᠶᠢᠨ ᠨᠠᠷᠠᠨ ᠠᠳᠠ ᠠᠴᠠ ᠬᠤᠯᠠᠳᠠᠳᠠᠭ ᠵᠢᠷᠤᠭ ᠲᠤᠷᠭᠠᠨ ᠤ ᠵᠠᠮ ᠠᠯᠤᠰ ᠮᠠᠩᠬ᠎ᠠ᠃ ᠭᠠᠯ ᠢᠶᠠᠨ ᠲᠠᠬᠢᠳᠠᠭ ᠲᠦᠯᠡᠰᠢ ᠪᠠᠨ ᠠᠳᠠ ᠠᠴᠠ ᠠᠪᠳᠠᠭ ᠭᠠᠯᠪᠠ ᠶᠢᠨ ᠢᠯᠴᠢ — ᠮᠢᠨᠤ ᠤᠯᠠᠭᠠᠨ ᠮᠠᠩᠬ᠎ᠠ᠂ ᠭᠠᠳᠠᠷ ᠤᠷᠴᠢᠯᠠᠩ ᠤᠨ ᠠᠯᠬᠤᠮ ᠢ ᠠᠳᠠ ᠠᠴᠠ ᠠᠯᠬᠤᠳᠠᠭ ᠭᠠᠷᠤᠭᠠᠨ ᠤ ᠭᠠᠵᠠᠷ — ᠮᠢᠨᠤ ᠤᠯᠠᠭᠠᠨ ᠮᠠᠩᠬ᠎ᠠ᠃ ᠢᠷᠡᠭᠡᠳᠤᠢ ᠶᠡᠷᠡ ᠶᠢᠰᠤᠨ ᠵᠢᠯ ᠢ ᠮᠡᠳᠡᠳᠡᠭ ᠢᠨᠳᠠᠷᠨᠢᠯᠠ ᠡᠷᠢᠭᠡ — ᠮᠢᠨᠤ ᠨᠤᠮᠢᠨ ᠮᠠᠩᠬ᠎ᠠ᠂ ᠨᠢᠷᠤᠭᠤᠨ ᠮᠤᠩᠭᠤᠯ ᠤᠨ ᠲᠡᠭᠷᠢᠯᠢᠭ ᠮᠡᠷᠭᠡ ᠨᠢᠭᠤᠴᠠ ᠲᠤᠪᠴᠢᠶᠠᠨ — ᠮᠢᠨᠤ ᠨᠤᠮ ᠤᠨ ᠮᠠᠩᠬ᠎ᠠ ᠡ︕ 2020.6.8
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号