ᠡᠭᠡᠴᠢ ᠲᠠᠢ ᠪᠠᠨ  ᠠᠭᠤᠯᠵᠠᠯ᠎ᠠ
ᠨᠡᠶᠢᠲᠡᠯᠡᠭᠰᠡᠨ ᠴᠠᠭ᠄
2020-06-10
ᠡᠭᠡᠴᠢ ᠲᠠᠢ  ᠪᠠᠨ ᠠᠭᠤᠯᠵᠠᠯ᠎ᠠ   ᠭᠠᠵᠠᠷ ᠤᠨ ᠠᠮᠢᠰᠬᠤᠭ᠎ᠠ ᠶᠢ ᠴᠢᠨᠢ  ᠴᠢᠩᠨᠠᠵᠤ ᠵᠤᠭᠰᠤᠯ᠎ᠠ   ᠭᠠᠶᠢᠬᠠᠯᠳᠠᠢ ᠪᠦᠳᠦᠭᠡᠯ ᠳᠤ ᠴᠢᠨᠢ  ᠰᠤᠭᠳᠤᠵᠤ ᠪᠠᠶᠠᠷᠬᠠᠯ᠎ᠠ   ᠭᠠᠩᠭᠠᠬᠠᠨ ᠵᠢᠷᠤᠭ ᠲᠤ  ᠴᠢᠨᠢ ᠲᠤᠭᠳᠤᠯᠵᠤ  ᠶᠠᠪᠤᠯ᠎ᠠ   ᠭᠠᠨᠢᠷᠬᠠᠵᠤ  ᠶᠠᠪᠤᠯ᠎ᠠ᠂ ᠤᠶᠠᠷᠠᠵᠤ ᠶᠠᠪᠤᠯ᠎ᠠ᠃   ᠰᠡᠳᠬᠢᠯ ᠤᠨ ᠠᠨᠢᠷ ᠢ ᠴᠢᠨᠢ  ᠰᠤᠨᠤᠷᠳᠤᠵᠤ  ᠦᠩᠭᠡᠷᠡᠯ᠎ᠡ   ᠰᠠᠷᠠᠭᠤᠯᠬᠠᠨ ᠰᠡᠳᠬᠢᠬᠦᠢ ᠳᠤ ᠴᠢᠨᠢ  ᠰᠢᠷᠭᠤᠵᠤ ᠠᠵᠢᠭᠯᠠᠯ᠎ᠠ   ᠰᠠᠭᠠᠩ ᠰᠡᠴᠡᠨ ᠢ ᠪᠢᠰᠢᠷᠡᠵᠦ ᠶᠠᠪᠤᠯ᠎ᠠ   ᠰᠢᠮᠰᠢᠷᠡᠵᠦ ᠶᠠᠪᠤᠯ᠎ᠠ᠂  ᠭᠡᠶᠦᠷᠡᠵᠦ ᠶᠠᠪᠤᠯ᠎ᠠ᠃   ᠴᠡᠴᠡᠭ ᠤᠨ ᠪᠤᠶᠢᠯᠭᠠᠨ ᠢ ᠴᠢᠨᠢ  ᠰᠤᠨᠤᠰᠴᠦ ᠰᠠᠭᠤᠯ᠎ᠠ   ᠴᠡᠪᠡᠷᠭᠡᠨ ᠪᠦᠳᠦᠭᠡᠯ ᠳᠤ ᠴᠢᠨᠢ  ᠱᠤᠩᠪᠠᠵᠤ ᠬᠡᠪᠳᠡᠯ᠎ᠡ   ᠴᠠᠶᠢᠯᠭᠠᠨ ᠰᠡᠳᠬᠢᠯ ᠳᠤ ᠴᠢᠨᠢ ᠲᠤᠭᠳᠤᠯᠵᠤ ᠶᠠᠪᠤᠯ᠎ᠠ   ᠴᠢᠩᠨᠠᠵᠤ ᠶᠠᠪᠤᠯ᠎ᠠ᠂  ᠬᠦᠷᠳᠡᠵᠦ ᠶᠠᠪᠤᠯ᠎ᠠ᠃   ᠴᠡᠴᠡᠭᠡᠰ ᠲᠠᠢ ᠭᠠᠵᠠᠷ ᠤᠨ ᠠᠨᠢᠷ   ᠲᠤ ᠬᠠᠨᠤᠭᠠᠳ   ᠴᠢᠮᠡᠭᠰᠡᠨ ᠬᠠᠷᠠᠴᠨ ᠪᠠᠷ ᠲᠠᠨ ᠢ ᠡᠷᠭᠦᠭᠰᠡᠨ   ᠳᠡᠭᠡᠨ   ᠴᠡᠴᠡᠷᠡᠩᠬᠡᠨ ᠬᠦᠰᠡᠯ ᠲᠠᠢ ᠤᠩᠰᠢᠭᠴᠢ ᠶᠢᠨ ᠵᠢᠮ᠎ᠡ ᠪᠠᠷ   ᠴᠢᠮᠠᠯᠠᠭᠰᠠᠨ ᠪᠤᠳᠤᠯ ᠪᠡᠶ᠎ᠡ ᠪᠠᠨ ᠰᠢᠷᠳᠡᠭᠰᠡᠨ   ᠳᠡᠭᠡᠨ   ᠴᠢᠮ᠎ᠠ ᠲᠠᠢ ᠠᠭᠤᠯᠵᠠᠬᠤ ᠬᠦᠰᠡᠯ ᠦᠭᠡᠢ ᠶᠠᠪᠤᠯ᠎ᠠ   ᠴᠠᠭᠢᠮᠬᠠᠨ ᠮᠦᠴᠨ ᠴᠦ ᠰᠡᠳᠬᠢᠯ ᠦᠭᠡᠢ ᠶᠠᠪᠤᠯ᠎ᠠ   ᠢᠷᠦᠭᠡᠯ ᠲᠠᠢ ᠬᠤᠷᠸ᠎ᠠ ᠳᠤ ᠤᠴᠠᠷᠠᠯ ᠪᠠᠶᠢᠳᠠᠭ ᠢᠶᠠᠷ   ᠢᠳᠡᠭᠡᠯ ᠦᠭᠡᠢ ᠰᠡᠳᠬᠢᠯ ᠳᠤ ᠵᠤᠨ ᠪᠤᠯᠤᠯ᠎ᠠ   ᠢᠪᠡᠭᠡᠯ ᠬᠠᠶᠢᠷᠯᠠᠭᠰᠠᠨ  ᠪᠠᠶᠢᠰᠢᠩ ᠪᠠᠯᠭᠠᠰᠤᠨ ᠳᠤ   ᠢᠯᠭᠤᠮ ᠤᠴᠠᠷᠠᠯ ᠢᠶᠠᠷ ᠲᠠᠨ ᠲᠠᠢ ᠤᠴᠠᠷᠠᠯ᠎ᠠ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号