ᠰᠢᠯᠦᠭ ᠮᠢᠨᠢ ᠲᠠ  ᠬᠠᠮᠢᠭ᠎ᠠ ᠤᠴᠢᠪᠠ ︖
ᠨᠡᠶᠢᠲᠡᠯᠡᠭᠰᠡᠨ ᠴᠠᠭ᠄
2020-06-10
ᠰᠢᠯᠦᠭ ᠮᠢᠨᠢ ᠲᠠ  ᠬᠠᠮᠢᠭ᠎ᠠ ᠤᠴᠢᠪᠠ  ︖ᠰᠢᠨᠳᠠᠰᠤ ᠬᠠᠳᠠᠭᠤ ᠰᠢᠷᠠᠭᠠᠭᠠᠰᠠᠨ ᠬᠡᠯᠡᠯᠡᠭᠡ ᠲᠠᠢ ᠰᠢᠯᠦᠭ  ᠬᠠᠮᠢᠭ᠎ᠠ ᠤᠴᠢᠪᠠ︖   ᠰᠢᠷᠪᠤᠰᠤ ᠬᠠᠳᠠᠭᠤ ᠡᠷ᠎ᠡ ᠵᠤᠷᠢᠭ ᠲᠠᠢ ᠰᠢᠯᠦᠭ ᠬᠠᠮᠢᠭᠠᠰᠢ ᠵᠢᠯᠡᠶᠢᠪᠡ  ︖   ᠰᠢᠨᠦᠯ ᠵᠠᠨᠤᠯ ᠬᠠᠶᠢᠷ᠎ᠠ ᠬᠤᠷᠤᠰᠤᠯ   ᠢᠶᠠᠨ ᠰᠢᠭᠤᠳ  ᠬᠦᠦᠷᠨᠢᠭᠰᠡᠨ ᠰᠢᠯᠦᠭ ᠬᠠᠮᠢᠭ᠎ᠠ ᠤᠳᠤᠪᠠ︖   ᠰᠢᠳᠤᠷᠭᠤ ᠶᠤᠰᠤᠨ ᠤ ᠦᠢᠯᠡ ᠬᠡᠷᠡᠭ ᠤᠨ ᠲᠡᠮᠦᠯᠦᠯ ᠰᠢᠯᠦᠭ ᠬᠠᠮᠢᠭ᠎ᠠ ᠪᠠᠶᠢᠨ᠎ᠠ︖   ᠰᠢᠯᠵᠢᠰᠢ ᠦᠭᠡᠢ ᠬᠠᠳᠠ ᠰᠢᠭ᠋ ᠡᠷ᠎ᠡ ᠵᠤᠷᠢᠭ   ᠲᠠᠢ ᠰᠢᠯᠦᠭᠴᠢ ᠬᠠᠮᠢᠭ᠎ᠠ ᠤᠴᠢᠭᠰᠠᠨ ᠪᠢᠯᠡ   ᠰᠢᠷᠬᠢᠰᠢ ᠦᠭᠡᠢ ᠪᠤᠯᠠᠭ ᠰᠢᠭ᠋ ᠲᠤᠩᠭᠠᠯᠠᠭ ᠰᠡᠳᠬᠢᠬᠦᠢ ᠲᠠᠢ ᠨᠠᠶᠢᠷᠠᠭᠴᠢ ᠬᠠᠮᠢᠭᠠᠰᠢ ᠤᠴᠢᠪᠠ   ᠰᠢᠷᠭᠠᠯ ᠨᠠᠷᠠᠨ ᠤ ᠤᠯᠠᠪᠢᠷ ᠲᠤᠶᠠᠭᠠᠨ ᠳᠤ ᠬᠢᠯᠠᠰᠴᠦ ᠦᠩᠭᠡᠷᠡᠬᠦ ᠪᠠᠳᠠᠭ ᠤᠶᠠᠩᠭ᠎ᠠ ᠤᠳ   ᠰᠢᠷ᠎ᠠ ᠡᠯᠡᠰᠦᠨ ᠤ ᠲᠦᠷᠭᠡᠨ ᠨᠡᠭᠦᠳᠡᠯ ᠳᠤ ᠦᠨᠢᠭᠡᠨ ᠲᠠᠷᠤᠭᠳᠠᠬᠤ ᠦᠦ︖   ᠰᠢᠯᠦᠰᠤ ᠬᠤᠷᠠᠭᠤᠯᠤᠨ ᠤᠯᠢᠦ ᠰᠤᠯᠢᠦ ᠶᠠᠷᠢᠬᠤ ᠮᠡᠷᠭᠡᠨ ᠨᠠᠶᠢᠵᠢᠰ ᠮᠢᠨᠢ   ᠰᠢᠯᠳᠡᠭ ᠬᠡᠯᠡᠯᠭᠡ ᠶᠢᠨ ᠠᠤᠭ᠎ᠠ ᠪᠠᠶᠠᠯᠢᠭ ᠢ ᠵᠤᠬᠢᠶᠠᠯ  ᠬᠡᠮᠡᠨ  ᠪᠢᠳᠡᠬᠢ ᠰᠦᠢᠳᠭᠡᠭᠡᠴᠢ︕   ᠰᠢᠮᠨᠤᠰ ᠴᠢᠳᠬᠦᠷ ᠰᠢᠦᠬᠠᠨ ᠲᠤᠮᠤ ᠪᠠᠷᠰ ᠢ ᠲᠠᠨᠠᠷ ᠮᠠᠭᠳᠠᠵᠤ ᠦᠩᠭᠡᠷᠡᠯ᠎ᠡ   ᠰᠢᠷᠨᠤᠳ ᠴᠢᠨ᠋ᠸ᠎ᠠ ᠰᠢᠭ᠋ ᠢᠯᠠᠭ᠎ᠠ ᠪᠠᠳᠠᠭᠠᠨ᠎ᠠ ᠢ ᠲᠠᠨᠠᠷ ᠲᠠᠭᠤᠯᠠᠵᠤ ᠦᠩᠭᠡᠷᠡᠯ᠎ᠡ ……   ᠰᠢᠭᠤᠷᠬᠠᠢ ᠬᠡᠯᠡᠯᠭᠡ ᠤᠶᠠᠨ ᠰᠠᠨᠠᠭ᠎ᠠ ᠲᠠᠢ  ᠭᠤᠴᠤᠤ ᠰᠢᠯᠦᠭ   ᠤᠳ   ᠰᠢᠩᠭᠭᠡᠭᠰᠡᠨ ᠨᠠᠷᠠᠨ ᠤ ᠪᠦᠳᠡᠬᠢ ᠲᠤᠶᠠᠭᠠᠨ ᠳᠤ  ᠬᠠᠶᠠ ᠤᠩᠰᠢᠭᠳᠠᠬᠤ ᠶᠤᠮ᠃   ᠰᠢᠨ᠎ᠡ ᠡᠷᠡᠨ ᠤ ᠰᠠᠶᠢᠬᠠᠨ ᠴᠠᠭ ᠲᠤ ᠨᠠᠶᠢᠷᠠᠭᠴᠢ ᠤᠯᠠᠰᠢᠷᠠᠵᠤ  ᠪᠠᠶᠢᠪᠠᠴᠦ   ᠰᠢᠯᠤᠭᠤᠨ ᠬᠡᠯᠡᠯᠭᠡ ᠲᠠᠢ ᠤᠶᠠᠩᠭᠠᠯᠢᠭ ᠰᠢᠯᠦᠭ ᠤᠳ ᠤᠨᠳᠠᠵᠤ ᠪᠠᠶᠢᠨ᠎ᠠ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号