ᠨᠠᠶᠢᠷᠠᠭ ᠴᠠᠯᠬᠢᠯᠠᠭᠰᠠᠨ ᠨᠠᠮᠤᠷ
ᠨᠡᠶᠢᠲᠡᠯᠡᠭᠰᠡᠨ ᠴᠠᠭ᠄
2020/12/11
   ︵ᠭᠠᠳᠠᠨ᠎ᠠ ᠨᠢᠬᠡ︶ ᠠᠶᠢᠷᠠᠭ ᠴᠠᠯᠬᠢᠯᠠᠭᠰᠠᠨ ᠵᠤᠨ ᠤᠳᠴᠤ ᠨᠠᠶᠢᠷᠠᠭ ᠴᠠᠯᠬᠢᠯᠠᠭᠰᠠᠨ ᠨᠠᠮᠤᠷ ᠠᠶᠢᠰᠣᠢ ᠠᠮᠤ ᠪᠤᠳᠠᠭ᠎ᠠ ᠰᠢᠷᠭᠠᠯ ᠢᠶᠠᠷ ᠴᠠᠯᠬᠢᠵᠤ ᠠᠶᠢᠯ ᠪᠦᠬᠦᠨ ᠬᠡᠰᠢᠭ ᠬᠤᠷᠤᠶᠢᠯᠠᠨᠠᠮ ᠠᠳᠤᠭᠤ ᠮᠠᠯ ᠳᠠᠷᠭᠤ ᠪᠠᠷ ᠴᠠᠯᠬᠢᠵᠤ ᠠᠵᠤ ᠠᠮᠢᠳᠤᠷᠠᠯ ᠬᠡᠶᠢᠮᠤᠷᠢ ᠳᠠᠯᠠᠯᠤᠨᠠᠮ ᠠᠶᠠᠰ ᠤᠨ ᠰᠠᠯᠬᠢ ᠠᠯᠤᠰ ᠠᠴᠠ ᠴᠠᠯᠬᠢᠵᠤ ᠠᠵᠠ ᠵᠢᠷᠭᠠᠯ ᠤᠨ ᠳᠠᠭᠤᠤ ᠬᠠᠩᠬᠢᠨᠠᠭᠤᠯᠤᠨᠠᠮ ᠠᠷᠭᠠᠯ ᠤᠨ ᠳᠤᠯᠭ᠎ᠠ ᠤᠳᠤᠭ᠎ᠠ ᠪᠠᠷ ᠴᠠᠯᠬᠢᠵᠤ ᠠᠭᠠᠷ ᠤᠨ ᠨᠢᠭᠤᠷ ᠢ ᠴᠡᠪᠡᠷᠬᠡᠨ ᠵᠦᠰᠦᠨᠠᠮ ᠠᠮᠠᠷᠠᠭ ᠬᠤᠩᠭᠤᠷ ᠴᠡᠩᠬᠡᠯ ᠢᠶᠠᠷ ᠴᠠᠯᠬᠢᠵᠤ ᠠᠮᠤᠭᠤᠯᠠᠩ ᠳᠠᠶᠢᠪᠤᠩ ᠭᠤᠯᠤᠮᠳᠠ ᠶᠢ ᠪᠠᠳᠠᠷᠠᠭᠠᠨᠠᠮ ᠠᠩᠭ᠎ᠠ ᠬᠡᠤᠬᠡᠳ ᠮᠦᠰᠢᠶᠡᠯ ᠢᠶᠠᠷ ᠴᠠᠯᠬᠢᠵᠤ ᠠᠷᠠᠳ ᠤᠨ ᠰᠤᠷᠭᠠᠭᠤᠯᠢ ᠶᠢᠨ ᠪᠤᠱᠤᠭ᠎ᠠ ᠶᠢ ᠠᠯᠬᠤᠨᠠᠮ ᠠᠩᠬᠢ ᠶᠢᠨ ᠬᠡᠷ ᠡᠬᠡᠰᠢᠭ ᠢᠶᠠᠷ ᠴᠠᠯᠬᠢᠵᠤ ᠠᠷᠢᠭᠤᠨ ᠬᠡᠯᠡ ᠪᠤᠰᠤᠭ᠎ᠠ ᠪᠠᠷ ᠢᠶᠠᠨ ᠤᠶᠠᠩᠭᠠᠷᠠᠨᠠᠮ ᠠᠨᠤᠬᠠᠨ ᠨᠠᠰᠤᠳᠠᠳ ᠢᠷᠦᠬᠡᠯ ᠢᠶᠠᠷ ᠴᠠᠯᠬᠢᠵᠤ ᠠᠰᠢᠳᠠ ᠶᠢᠨ ᠰᠠᠶᠢᠬᠠᠨ ᠢ ᠢᠪᠡᠬᠡᠨ ᠰᠤᠶᠤᠷᠬᠠᠨᠠᠮ ᠠᠩᠬᠢᠷ ᠰᠢᠪᠠᠭᠤ ᠮᠦᠷᠦᠬᠡᠳᠤᠯ ᠢᠶᠠᠷ ᠴᠠᠯᠬᠢᠵᠤ ᠠᠭᠤᠯᠠ ᠤᠰᠤᠨ ᠠᠴᠠ ᠪᠠᠨ ᠠᠶᠠᠷᠯᠠᠨ ᠨᠡᠬᠦᠳᠡᠯᠯᠡᠨᠡᠮ ᠠᠯᠮᠠᠩ ᠰᠠᠷᠠᠨ ᠬᠡᠷᠡᠯ ᠢᠶᠠᠷ ᠴᠠᠯᠬᠢᠵᠤ ᠠᠯᠮᠤᠷᠠᠳ ᠤᠨ ᠶᠠᠭᠠᠨ ᠢᠶᠠᠷ ᠨᠠᠭᠠᠰᠢ ᠮᠦᠰᠢᠶᠡᠨᠡᠮ ᠨᠠᠶᠢᠷᠠᠭ ᠴᠠᠯᠬᠢᠯᠠᠭᠰᠠᠨ ᠨᠠᠮᠤᠷ ᠤᠨ ᠦᠵᠡᠮᠵᠢ ᠠᠶᠢᠷᠠᠭ ᠴᠠᠯᠬᠢᠯᠠᠭᠰᠠᠨ ᠠᠮᠢᠳᠤᠷᠠᠯ ᠢ ᠪᠡᠯᠬᠡᠳᠡᠨᠡᠮ         ᠵᠡᠬᠦᠳᠤ ᠦᠴᠦᠬᠡᠳᠤᠷ ᠰᠦᠨᠢ ᠶᠢᠨ ᠨᠤᠶᠢᠷ ᠦᠨᠡᠬᠡᠷ ᠠᠮᠳᠠᠳᠠᠢ ᠪᠠᠶᠢᠯ᠎ᠠ ᠦᠷᠯᠦᠬᠡ ᠰᠡᠷᠡᠬᠡᠳ ᠪᠤᠳᠤᠬᠤᠯᠠᠷ ᠦᠨᠡᠨ ᠶᠤᠮ ᠰᠢᠭ ᠰᠠᠨᠠᠭᠳᠠᠯ᠎ᠠ ᠡᠳᠤᠷ ᠤᠨ ᠪᠤᠳᠤᠯ   ᠳᠤ ᠦᠬᠡᠢ ᠤᠴᠢᠷ ᠰᠦᠨᠢ ᠬᠠᠷᠢᠨ ᠳᠤᠬᠢᠶᠠᠯᠳᠤᠯ᠎ᠠ ᠡᠯᠢᠬᠡᠨ ᠳᠤ ᠨᠠᠭᠠᠯᠳᠤᠭ᠎ᠠ ᠦᠬᠡᠢ ᠪᠦᠰᠡᠬᠦᠢ ᠰᠦᠰᠦ ᠶᠢ ᠬᠡᠳᠡᠬᠡᠯᠡᠵᠤ ᠰᠠᠭᠠᠳᠠᠯ᠎ᠠ ᠤᠴᠠᠷᠠᠵᠤ ᠦᠵᠡᠭᠡ ᠦᠬᠡᠢ ᠪᠦᠰᠡᠬᠦᠢ ᠡᠪᠤᠷ ᠲᠤ ᠪᠠᠨ ᠨᠠᠮ᠎ᠠ ᠶᠢ ᠡᠷᠬᠡᠯᠡᠬᠦᠯᠦᠯ᠎ᠠ ᠤᠯᠵᠤ ᠦᠩᠬᠡᠷᠡᠭᠡ ᠦᠬᠡᠢ ᠵᠦᠢᠯᠡᠰ ᠲᠤ ᠤᠩᠭᠤᠨ ᠤᠮᠤᠭ ᠤᠪᠤᠯᠵᠠᠯ᠎ᠠ ᠰᠠᠷᠠᠨ ᠳᠠᠬᠢᠨᠢ ᠰᠢᠭ᠋ ᠪᠦᠰᠡᠬᠦᠢ ᠲᠠᠢ ᠰᠠᠨᠠᠭ᠎ᠠ ᠴᠠᠳᠬᠤᠯᠠᠩ ᠬᠤᠨᠤᠯ᠎ᠠ ᠰᠡᠳᠡᠯᠳᠡ ᠬᠠᠶᠢᠷᠠᠯᠠᠭᠰᠠᠨ ᠠᠭᠠᠯᠢᠨ ᠳᠤ ᠨᠢ ᠰᠡᠳᠬᠢᠯ ᠨᠢᠯᠴᠢᠬᠡᠨᠡᠨ ᠰᠤᠭᠳᠤᠯ᠎ᠠ       ᠵᠤᠬᠢᠶᠠᠭᠴᠢ᠄  ᠳᠤᠭᠴᠢ ᠯᠤᠪᠰᠠᠩ ︵鲁布森  ᠂  ᠭᠠᠷ ᠤᠳᠠᠰᠤ᠄  136 1487 6979᠂       ᠬᠠᠶ᠋ᠢᠭ᠄  ᠦᠤᠰᠢᠨ ᠬᠤᠰᠢᠭᠤᠨ ᠤ ᠮᠤᠩᠭᠤᠯ ᠳᠤᠷᠰᠢᠯᠳᠠ ᠶᠢᠨ ᠪᠠᠭ᠎ᠠ ᠰᠤᠷᠭᠠᠭᠤᠯᠢ  ︵乌审旗蒙古族实验小学︶᠂ ᠰᠢᠤᠳᠠᠨ ᠨᠤᠮᠧᠷ᠄ 017300  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号