ᠳᠠᠤᠯᠠᠢ
ᠨᠡᠶᠢᠲᠡᠯᠡᠭᠰᠡᠨ ᠴᠠᠭ᠄
2020/12/10
   ︵ᠬᠦᠳᠦᠯᠦᠭᠡ ᠨᠢᠬᠡ︶ ᠳᠠᠤᠯᠠᠢ ᠵᠢᠯ ᠲᠠᠢ ᠵᠠᠶᠠᠭᠠᠭᠰᠠᠨ ᠪᠤᠯᠬᠤᠷ ᠳᠠᠤᠯᠠᠢ ᠨᠠᠳᠠ ᠬᠦᠬᠡᠷᠦᠬᠦᠢ ᠰᠠᠨᠠᠭᠳᠠᠨ᠎ᠠ ᠪᠤᠷᠭᠠᠰᠤ ᠰᠢᠪᠠᠭ ᠤᠨ ᠨᠦᠮᠦᠷᠢ ᠳᠦᠰᠢᠭ ᠲᠤ ᠪᠤᠷᠤ ᠬᠤᠨᠤᠭ ᠢᠶᠠᠨ ᠵᠤᠭᠠᠳᠠᠢ ᠳᠤᠭᠤᠯᠤᠨ᠎ᠠ ᠪᠤᠰᠤᠳ ᠤᠨ ᠡᠷᠬᠢᠮᠰᠦᠭ ᠲᠤ ᠳᠤᠷᠠᠯᠠᠬᠤ ᠦᠬᠡᠢ ᠪᠤᠳᠠᠨ ᠤ ᠳᠤᠭᠤᠰᠤᠨ ᠳᠤ ᠪᠤᠷᠤᠯᠠᠨ᠎ᠠ ᠪᠠᠯᠠᠷ ᠬᠦᠳᠡᠭᠡ ᠪᠠᠨ ᠭᠤᠯᠤᠬᠤ ᠦᠬᠡᠢ ᠪᠠᠶᠢᠭᠠᠯᠢ ᠡᠵᠢ ᠶᠢᠨ ᠡᠪᠤᠷ ᠢᠶᠠᠷ ᠵᠢᠷᠭᠠᠨ᠎ᠠ ᠪᠠᠯᠠᠢ ᠮᠤᠩᠬᠠᠭ ᠲᠦᠷᠦᠭᠰᠡᠨ ᠦᠬᠡᠢ ᠳᠤ ᠪᠠᠨ ᠪᠠᠯᠠᠮᠠᠳ ᠬᠡᠷᠴᠡᠬᠡᠢ ᠠᠴᠠ ᠵᠠᠶᠢᠳᠠᠭᠤ ᠠᠮᠢᠳᠤᠷᠠᠨ᠎ᠠ ᠠᠨᠠᠰᠢ ᠰᠢᠭ᠋ ᠳᠡᠯᠳᠡᠩ ᠴᠢᠬᠢ ᠲᠠᠢ ᠳᠤ ᠪᠠᠨ ᠠᠯᠤᠰ ᠤᠨ ᠴᠢᠮᠡᠭᠡ ᠶᠢ ᠠᠮᠠᠷᠬᠠᠨ ᠰᠤᠨᠤᠰᠴᠢᠬᠠᠨ᠎ᠠ ᠪᠤᠳᠤᠭᠤ ᠰᠢᠭ᠋ ᠰᠡᠳᠡᠷᠬᠡᠢ ᠤᠷᠤᠭᠤᠯ ᠲᠠᠢ ᠪᠤᠯᠪᠠᠴᠤ ᠪᠦᠵᠦᠩ ᠲᠠᠢ ᠪᠠᠨ ᠬᠠᠷᠢᠴᠠᠬᠤ ᠬᠡᠯᠡ ᠲᠠᠢ ᠶᠤᠮ ᠦᠵᠦᠮ ᠰᠢᠭ ᠤᠯᠠᠶᠢᠭᠰᠠᠨ ᠨᠢᠳᠦ ᠲᠠᠢ ᠪᠤᠯᠪᠠᠴᠤ ᠦᠨᠡᠨᠴᠢ ᠴᠠᠶᠢᠯᠭᠠᠨ ᠰᠡᠳᠬᠢᠯ ᠲᠠᠢ ᠶᠤᠮ ᠤᠭᠳᠤᠢ ᠵᠢᠭᠠᠬᠠᠨ ᠰᠡᠬᠦᠯ ᠲᠠᠢ ᠪᠤᠯᠪᠠᠴᠤ ᠤᠭ ᠴᠢᠨᠠᠷ ᠨᠢ ᠠᠳᠠᠯᠢ ᠦᠬᠡᠢ ᠶᠤᠮ ᠤᠷᠰᠢᠭ ᠬᠦᠨᠦᠬᠡᠯ ᠦᠬᠡᠢ ᠳᠠᠤᠯᠠᠢ ᠶᠢ ᠠᠮᠤᠷ ᠳᠤᠭᠳᠠᠭᠤᠬᠠᠨ ᠪᠠᠶᠢᠯᠭᠠᠬᠤ ᠨᠢ ᠵᠤᠶᠢᠳᠡᠢ ᠤᠰᠤ ᠨᠤᠳᠤᠭ ᠲᠤ ᠪᠠᠨ ᠡᠬᠡᠯᠢ ᠲᠠᠢ ᠠᠮᠢᠳᠠᠨ ᠤ ᠦᠤᠬᠡ ᠳᠡᠤᠬᠡ ᠶᠢ ᠨᠢ ᠬᠠᠮᠠᠭᠠᠯᠠᠪᠠᠯ ᠵᠤᠬᠢᠯᠳᠠᠢ  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号