ᠴᠠᠭ  ᠦᠶ᠎ᠡ
ᠨᠡᠶᠢᠲᠡᠯᠡᠭᠰᠡᠨ ᠴᠠᠭ᠄
2020/11/9
—  ᠦᠢᠡᠯᠰ    ᠲᠡᠮᠦᠷ᠎ᠡ ᠡᠪᠦᠭᠡᠨ ᠤᠮᠪᠤᠯᠤ ᠲᠠᠭᠠᠨ ᠲᠡᠮᠦᠯᠡᠭᠰᠡᠭᠡᠷ ᠠᠶᠢᠮᠠᠭ ᠤᠨ ᠲᠦᠪ ᠲᠤ ᠰᠠᠭᠤᠳᠠᠭ ᠬᠦᠦ ᠶᠢᠨ ᠳᠡᠭᠡᠨ ᠤᠴᠢᠵᠤ ᠭᠠᠷᠢᠭ ᠰᠢᠬᠠᠮ ᠰᠠᠭᠤᠭᠠᠳ ᠲᠡᠰᠴᠦ ᠲᠡᠶᠢᠯᠬᠦ ᠦᠭᠡᠢ ᠬᠠᠷᠢᠵᠤ ᠢᠷᠡᠵᠡᠢ᠃ ᠬᠦᠯ ᠬᠦᠩᠭᠡᠷᠡᠭᠰᠡᠨ ᠬᠦᠭᠰᠢᠨ  ᠨᠢ ᠬᠦᠭᠡᠷᠦᠬᠦᠢ ᠤᠮᠪᠤᠯᠤ ᠶᠢᠨ ᠢᠶᠠᠨ ᠲᠤᠬᠠᠢ ᠠᠰᠠᠭᠤᠭᠠᠳ ᠪᠠᠷᠠᠰᠢ ᠨᠢᠭᠡ ᠤᠯᠠᠨ ᠦᠬᠡ ᠲᠠᠢ ᠬᠠᠯᠠᠭᠤᠨ ᠴᠠᠢ ᠠᠶᠠᠭᠠᠯᠠᠵᠤ ᠦᠭᠪᠡ᠃    — ᠠᠢ ᠳ᠋ᠠ︕ ᠤᠳᠣ ᠶᠠᠭᠠᠬᠢᠬᠤ ᠶᠢ ᠮᠡᠳᠡᠬᠦ ᠦᠭᠡᠢ᠂ ᠬᠤᠳᠠ ᠤᠨ ᠬᠢᠨ ᠴᠢᠨᠢ ᠨᠢᠭᠡᠮᠦᠰᠦᠨ ᠶᠠᠳᠠᠭᠤᠷᠠᠭᠠᠳ ᠬᠦᠢᠴᠡᠵᠡᠢ ᠪᠢᠯᠡ ᠭᠡᠳ ᠭᠠᠰᠢᠭᠤᠨ ᠰᠠᠨᠠᠭ᠎ᠠ ᠠᠯᠳᠠᠭᠰᠠᠨ ᠡᠪᠦᠭᠡᠨ ᠠᠭᠠᠭ ᠤᠨ ᠢᠶᠠᠨ ᠵᠤᠵᠠᠭᠠᠨ ᠪᠠᠷ ᠦᠷᠦᠮ᠎ᠡ ᠰᠠᠭᠤᠵᠤ ᠵᠠᠪᠳᠠᠭᠰᠠᠨ ᠴᠠᠢ ᠠᠴᠠ ᠪᠠᠨ ᠭᠠᠷᠢᠭ ᠰᠢᠬᠠᠮ ᠰᠠᠯᠤᠭᠰᠠᠨ ᠨᠢ ᠨᠢᠭᠡᠯᠬᠡᠨ ᠬᠤᠪᠳᠤᠭ ᠬᠦᠷᠦᠭᠦᠯᠵᠦ ᠵᠤᠨ ᠤ ᠦᠳᠡ ᠶᠢᠨ ᠤᠰᠤᠨ ᠳᠤ  ᠤᠷᠣᠵᠣ ᠢᠷᠡᠭᠰᠡᠨ ᠦᠬᠡᠷ ᠮᠡᠳᠦ ᠡᠭᠳᠡᠬᠦᠦ ᠲᠠᠢ ᠵᠠᠯᠬᠢᠨ᠎ᠠ᠃     — ᠬᠦᠢ᠂ ᠡᠪᠦᠭᠡᠨ ᠡ︕ ᠴᠢᠩᠬᠢᠬᠡᠳ ᠬᠦᠦ ᠪᠡᠷᠢ ᠬᠤᠶᠠᠭᠤᠯᠠ ᠴᠢᠨᠢ ᠭᠠᠶᠢᠭᠤᠢ ᠪᠠᠶᠢᠭ᠎ᠠ ᠶᠤᠮ ᠤᠤ︖ ᠲᠠᠩᠴᠤ ᠳ᠋ᠠ ᠭᠡᠰᠡᠨ ᠬᠦᠭᠰᠢᠨ ᠨᠢ ᠤᠬᠠᠭᠠᠨ ᠬᠦᠯ ᠢ ᠨᠢ ᠤᠯᠬᠤ  ᠦᠭᠡᠢ ᠪᠢᠲᠡᠭᠦᠦ ᠪᠠᠴᠢᠮᠳᠠᠨ᠎ᠠ᠃    — ᠲᠡᠳᠡ ᠴᠤ ᠪᠣᠯ ᠠᠮᠢᠲᠤᠷᠠᠯ ᠤᠨᠳᠣᠷᠣᠯᠭ᠎ᠠ ᠳᠠᠭᠠᠨ ᠵᠦᠪ ᠯᠡ ᠪᠠᠶᠢᠨ᠎ᠠ᠂ ᠠᠷᠠᠢ ᠬᠤᠮᠰᠠᠳᠠᠵᠤ ᠶᠠᠭᠤᠮ᠎ᠠ ᠠᠯᠭ᠎ᠠ ᠵᠦᠭᠡᠷᠬᠡᠨ ᠲᠠᠩᠰᠤᠭ ᠶᠠᠪᠤᠵᠠᠭᠠᠬᠤ ᠶᠤᠮ᠃ ᠲᠡᠭᠡᠪᠡᠴᠦ ᠡᠮᠦᠰᠬᠦ ᠳᠡᠭᠡᠨ ᠯᠡ ᠬᠠᠷᠢᠨ ᠵᠦᠪ ᠦᠬᠡᠢ ᠪᠤᠯᠣᠭᠰᠠᠨ ᠨᠢ ᠭᠠᠶᠢᠬᠠᠯᠳᠠᠢ ᠳ᠋ᠡ ᠭᠡᠳ ᠡᠪᠦᠭᠡᠨ ᠬᠡᠳᠦᠨ ᠡᠳᠦᠷ  ᠬᠢᠨᠠᠮᠠᠭᠠᠢ ᠭᠦᠨ ᠰᠡᠳᠬᠢᠭᠰᠡᠨ ᠬᠡᠳᠦᠨ ᠦᠬᠡ  ᠪᠠᠨ ᠬᠡᠯᠡᠵᠦ ᠭᠠᠷᠭᠠᠪᠠ᠃    — ᠬᠤᠳᠠ ᠶᠢᠨ ᠤᠯᠤᠰ ᠭᠡᠵᠦ ᠪᠠᠶᠢᠭᠠᠳ ᠡᠮᠦᠰᠬᠦ ᠳᠡᠭᠡᠨ ᠶᠠᠭᠤᠨ ᠵᠦᠳᠡᠬᠦ ᠶᠠᠭᠤ ᠪᠠᠶᠢᠬᠤᠪ︖ ᠪᠦᠷ ᠯᠡ ᠬᠠᠶᠢᠷᠠᠯᠠᠵᠤ ᠭᠠᠮᠨᠠᠬᠤ ᠶᠢᠨ ᠰᠠᠶᠢᠬᠠᠨ ᠰᠠᠨᠠᠭ᠎ᠠ ᠪᠠᠷ ᠰᠢᠳᠡ ᠳ᠋ᠡ᠃ ᠬᠦᠭᠰᠢᠨ ᠤ ᠬᠢᠨ ᠲᠠᠯᠲᠠ ᠶᠢᠨ ᠴᠠᠭᠠᠨ ᠢᠶᠠᠷ ᠬᠡᠦᠬᠡᠳ ᠢᠶᠠᠨ ᠲᠤᠲᠤᠷᠯᠠᠭᠰᠠᠨ ᠦᠬᠡ ᠲᠡᠶᠢᠮᠦ ᠪᠠᠶᠢᠪᠠ᠃     — ᠶᠠᠭᠤᠨ ᠤ ᠬᠢᠨ ᠲᠡᠶᠢᠮᠦ ᠶᠤᠮ ᠳ᠋ᠠ︖ ᠪᠡᠷᠢ ᠴᠢᠨᠢ ᠦᠮᠦᠳᠦ ᠬᠠᠨᠳᠠᠭᠠᠰᠤᠨ ᠳᠠᠭᠠᠨ ᠵᠦᠪ ᠦᠬᠡᠢ ᠪᠤᠯᠵᠠᠢ᠂ ᠨᠢᠷᠤᠭᠤᠨ ᠪᠡᠶ᠎ᠡ ᠨᠢ ᠪᠠᠷᠤᠭ ᠬᠠᠭᠠᠰ ᠨᠢᠴᠦᠬᠦᠨ᠂ ᠦᠮᠦᠳᠦ ᠨᠢ ᠲᠡᠯᠡᠢ ᠠᠴᠠ ᠪᠠᠨ ᠲᠤᠷᠤᠭᠰᠢᠪᠠᠨ ᠪᠦᠳᠦᠨ ᠭᠠᠵᠠᠷ ᠦᠬᠡᠢ ᠪᠦᠷ ᠬᠠᠩᠵᠠᠷᠬᠠᠢ ᠪᠢᠰᠢ ᠪᠣᠯ ᠴᠤᠭᠤᠷᠬᠠᠢ᠃ ᠦᠵᠡᠬᠦ ᠠᠴᠠ ᠨᠢᠳᠦ ᠬᠠᠯᠳᠠᠷᠢᠭᠠᠳ ᠪᠠᠶᠢᠬᠤ ᠶᠤᠮ᠃ ᠠᠢ︕ ᠳ᠋ᠠ᠃  ᠶᠠᠭᠤ ᠴᠤ ᠭᠡᠵᠦ ᠬᠡᠯᠡᠳᠡᠭ ᠪᠢᠯᠡ︖ ᠭᠡᠰᠡᠨ ᠡᠪᠦᠭᠡᠨ ᠲᠤᠲᠠᠭᠤ ᠵᠠᠯᠬᠢᠭᠰᠠᠨ ᠴᠠᠶᠢᠨ ᠳᠠᠭᠠᠨ ᠬᠠᠭ᠋ᠠᠵᠤ ᠭᠠᠷᠤᠨ᠎ᠠ᠃     — ᠪᠤᠰᠤᠭ᠎ᠠ ᠡᠮ᠎ᠡ ᠪᠤᠯᠴᠢᠬᠠᠭᠠᠳ ᠲᠡᠭᠡᠭᠡᠳ ᠶᠠᠭᠠᠬᠢᠵᠦ ᠪᠣᠯᠳᠠᠭ ᠶᠤᠮ ᠪᠤᠢ︖ ᠪᠤᠷᠬᠠᠨ ᠮᠢᠨᠢ ᠬᠡᠦᠬᠡᠳ  ᠢ ᠮᠠᠨᠢ ᠲᠦᠷᠭᠡᠨ ᠠᠪᠤᠷᠠᠭᠠᠰᠠᠢ ᠳ᠋ᠠ ᠭᠡᠳ ᠬᠦᠭᠰᠢᠨ ᠴᠤ  ᠡᠪᠦᠭᠡᠨ ᠢᠶᠠᠨ ᠲᠠᠭᠠᠨ ᠰᠡᠭᠦᠷᠡᠰᠦ ᠠᠯᠳᠠᠬᠤ ᠳᠤ ᠠᠨᠢᠭᠠᠷ ᠪᠤᠯᠤᠭᠰᠠᠨ ᠨᠢᠳᠦᠨ ᠳᠤᠨᠢ ᠨᠢᠯᠪᠤᠰᠤ ᠬᠤᠷᠠᠭᠰᠠᠨ ᠬᠠᠷᠠᠭᠳᠠᠵᠠᠢ᠃      — ᠭᠠᠭᠴᠠ ᠮᠠᠨ ᠤ ᠪᠡᠷᠢ ᠯᠡ ᠲᠡᠶᠢᠮᠦ ᠪᠢᠰᠢ ᠪᠠᠶᠢᠨ᠎ᠠ ᠰᠢᠦ᠂ ᠬᠦᠭᠰᠢᠨ ᠡ︕ ᠪᠠᠷᠤᠭ ᠪᠦᠬᠦ ᠬᠤᠳᠠ  ᠢᠶᠠᠷ ᠢᠶᠠᠨ ᠪᠦᠷ ᠯᠡ ᠲᠡᠶᠢᠮᠦ ᠪᠣᠯᠴᠢᠬᠠᠭᠠᠳ ᠪᠠᠶᠢᠭ᠎ᠠ ᠰᠢᠦ᠃ ᠬᠤᠳᠠ ᠭᠡᠵᠦ ᠬᠦᠭᠵᠢᠨ᠎ᠡ ᠪᠠᠳᠠᠷᠠᠨ᠎ᠠ ᠭᠡᠵᠦ ᠪᠠᠶᠢᠭᠰᠠᠭᠠᠷ ᠮᠦᠩᠭᠦ ᠲᠦᠭᠦᠷᠢᠭ ᠢᠶᠠᠷ ᠲᠤᠲᠠᠭᠳᠠᠬᠤ ᠦᠬᠡᠢ ᠪᠤᠯᠤᠭᠰᠠᠨ ᠪᠤᠯᠪᠠᠴᠤ ᠬᠤᠪᠴᠠᠰᠣᠨ ᠪᠦᠰ ᠢᠶᠠᠷ ᠯᠡ ᠶᠡᠭᠡ ᠲᠤᠲᠠᠭᠳᠠᠬᠤ ᠪᠤᠯᠤᠭᠰᠠᠨ ᠳ᠋ᠠ᠃ ᠶᠠᠪᠤᠨ ᠪᠠᠶᠢᠭᠰᠠᠭᠠᠷ ᠦᠨᠡᠭᠡᠷ ᠠᠷᠭ᠎ᠠ ᠦᠭᠡᠢ ᠮᠠᠭᠤᠬᠠᠢ ᠪᠠᠷ ᠶᠠᠳᠠᠭᠤᠷᠠᠵᠤ ᠪᠠᠶᠢᠨ᠎ᠠ ᠡ ᠭᠡᠳ ᠡᠪᠦᠭᠡᠨ  ᠬᠠᠰᠢᠶᠠᠨ ᠳᠤ ᠤᠷᠤᠵᠤ ᠢᠷᠡᠭᠰᠡᠨ ᠦᠬᠡᠷ ᠤᠳ ᠢᠶᠠᠨ ᠨᠢᠭᠡ ᠬᠠᠷᠠᠵᠤ ᠠᠪᠤᠪᠠ᠃    — ᠬᠦᠦ ᠮᠢᠨᠢ ᠲᠡᠭᠡᠭᠡᠳ ᠯᠡ ᠬᠤᠳᠠ ᠰᠠᠶᠢᠨ ᠭᠡᠬᠦ ᠯᠡ ᠶᠤᠮ᠃ ᠮᠠᠨ ᠤ  ᠬᠦᠳᠡᠭᠡ ᠶᠢᠨ ᠬᠢᠨ ᠤ ᠪᠠᠷᠤᠭ ᠤᠨ ᠮᠠᠩᠬᠠᠨ ᠬᠤᠳᠤᠭᠤᠷ ᠪᠤᠯᠭᠠᠨ ᠳᠤ ᠬᠠᠶᠠᠭᠳᠠᠭᠰᠠᠨ ᠬᠤᠪᠴᠠᠰᠣ ᠬᠤᠨᠠᠷ ᠠᠴᠠ ᠦᠭᠡᠷ᠎ᠡ ᠶᠠᠭᠤᠮ᠎ᠠ ᠦᠭᠡᠢ ᠪᠤᠯᠤᠭᠠᠳ ᠪᠠᠶᠢᠬᠤ ᠳᠤ᠃ ᠬᠤᠳᠠ ᠶᠢᠨ ᠬᠢᠨ ᠬᠠᠷᠢᠨ ᠡᠮᠦᠰᠬᠦ ᠦᠮᠦᠳᠦᠨ ᠳᠡᠭᠡᠨ ᠵᠦᠪ ᠦᠭᠡᠢ ᠪᠤᠯᠤᠨ᠎ᠠ ᠭᠡᠭᠴᠢ ᠦᠨᠡᠬᠡᠷ ᠢᠴᠢᠮᠡᠷ ᠶᠤᠮ ᠭᠡᠳ ᠬᠦᠭᠰᠢᠨ ᠨᠢ ᠨᠢᠭᠡᠯ᠎ᠡ ᠤᠴᠠᠭᠠᠷ ᠬᠦᠷᠴᠦ ᠰᠠᠭᠤᠵᠤ ᠪᠠᠷᠢᠬᠤ ᠪᠠᠨ ᠠᠯᠳᠠᠨ᠎ᠠ᠃     ᠬᠦᠳᠡᠭᠡ ᠶᠢᠨ ᠦᠳᠡᠰᠢ ᠦᠬᠡᠷ ᠬᠤᠨᠢᠨ ᠤ ᠬᠤᠳᠠ ᠪᠤᠴᠠᠬᠤ ᠲᠠᠭᠤᠨ ᠳᠤ  ᠨᠢᠭᠡ ᠴᠢᠭ ᠬᠦᠭᠵᠢᠮᠯᠢᠭ ᠱᠤᠤᠬᠢᠨ ᠠᠪᠤᠭᠠᠳ ᠰᠢᠨᠠᠳ ᠤ ᠰᠠᠷᠠᠨ ᠤ ᠨᠢᠮᠭᠡᠨ ᠭᠡᠷᠡᠯ ᠵᠠᠯᠬᠢᠭᠰᠠᠭᠠᠷ ᠢᠯᠦᠮ ᠵᠢᠯᠦᠮ ᠪᠤᠯᠵᠠᠢ᠃ ᠡᠪᠦᠭᠡᠨ ᠴᠢᠳᠠᠪᠠᠯ ᠤᠮᠪᠤᠯᠤ  ᠪᠠᠨ ᠲᠡᠷᠡᠬᠦ ᠪᠤᠷᠤᠭᠤ  ᠪᠠᠷ ᠡᠷᠬᠢᠭᠰᠡᠨ ᠭᠠᠵᠠᠷ ᠠᠴᠠ ᠡᠷᠳᠡᠭᠡᠨ ᠰᠠᠯᠭᠠᠨ ᠠᠪᠴᠢᠷᠠᠵᠤ ᠦᠪᠡᠷ ᠤᠨ ᠭᠠᠷ ᠲᠡᠭᠡᠷ᠎ᠡ ᠪᠠᠨ ᠦᠰᠭᠡᠬᠦ ᠶᠤᠮᠰᠠᠨ ᠭᠡᠵᠦ ᠬᠦᠭᠰᠢᠨ ᠵᠦᠭ ᠢᠶᠠᠨ ᠬᠡᠯᠡᠶ᠎ᠡ ᠭᠡᠵᠦ ᠬᠡᠳᠦᠶᠢᠨ  ᠪᠡᠯᠡᠳᠭᠡᠵᠦ ᠠᠮᠵᠢᠭᠰᠠᠨ ᠪᠤᠯᠪᠠᠴᠤ ᠶᠠᠭᠤ ᠨᠢᠭᠡ ᠪᠤᠳᠣᠯ ᠳᠤᠨᠢ ᠤᠷᠤᠭᠰᠠᠨ ᠶᠢ ᠪᠦᠦ ᠮᠡᠳᠡ ᠦᠭᠡ ᠪᠠᠨ ᠲᠠᠲᠠᠵᠠᠢ᠃      ᠬᠦᠭᠰᠢᠨ‌ᠨᠦ᠋ᠢᠷ ᠦᠭᠡᠢ ᠪᠠᠶᠢᠨ ᠲᠠᠬᠢᠨ ᠪᠦᠳᠡᠬᠢ ᠰᠡᠭᠦᠷᠡᠰᠦ ᠠᠯᠳᠠᠭᠰᠠᠭᠠᠷ ᠭᠡᠨᠡᠳᠲᠡ᠄ ︿︿ᠮᠠᠷᠭᠠᠰᠢ ᠶᠢᠨ ᠵᠠᠬ᠎ᠠ ᠳᠤ ᠤᠯᠠᠭᠠᠨ ᠠᠯᠠᠭ ᠶᠢ ᠠᠪᠠᠴᠢᠵᠤ ᠭᠠᠷᠭᠠᠭᠠᠳ ᠵᠤᠭᠤᠰ  ᠢ ᠨᠢ ᠪᠡᠷᠢ ᠳᠡᠭᠡᠨ ᠦᠭᠴᠦ ᠶᠠᠪᠤᠭᠤᠯᠤᠶ᠎ᠠ᠃ ᠪᠦᠳᠦᠭᠦᠨ ᠦᠬᠡᠷ ᠶᠤᠮ ᠴᠢᠨᠢ ᠶᠠᠭᠠᠬᠢᠪᠠᠴᠤ ᠨᠢᠭᠡ ᠵᠤᠨ ᠤ ᠬᠤᠪᠴᠠᠰᠣᠨ ᠳᠤ ᠵᠦᠪᠯᠡᠬᠦ ᠪᠠᠶᠢᠯᠭᠤᠢ ᠳ᠋ᠠ﹀﹀ ᠭᠡᠨ᠎ᠡ᠃       ᠡᠪᠦᠭᠡᠨ ᠰᠣᠨᠣᠰᠣᠭᠰᠠᠨ ᠪᠤᠯᠪᠠᠴᠣ ᠬᠠᠷᠢᠭᠤ ᠠᠯᠭ᠎ᠠ᠂ ᠤᠭᠲᠠᠷᠭᠤᠢ ᠳᠤ ᠠᠯᠤᠰ ᠤᠨ ᠤᠳᠤᠳ ᠠᠨᠢᠪᠠᠯᠵᠠᠨ ᠬᠢᠯᠠᠯᠵᠠᠵᠤ ᠬᠦᠬᠡ ᠵᠦᠯᠭᠡᠨ ᠲᠤᠮᠲᠠ ᠵᠢᠷᠭᠢᠷᠡᠨ ᠲᠤᠤᠭᠠᠷᠬᠤ ᠭᠤᠯᠢᠶᠠᠨ ᠲᠠᠭᠤᠨ ᠠᠶᠠᠷᠬᠠᠨ ᠴᠤᠤᠷᠢᠶᠠᠯᠠᠬᠤ ᠠᠴᠠ ᠦᠭᠡᠷ᠎ᠡ ᠴᠢᠮᠡᠭᠡ ᠠᠨᠢᠷ ᠠᠯᠳᠠᠷᠠᠵᠤ ᠬᠦᠳᠡᠭᠡ ᠠᠶᠢᠯ  ᠦᠪᠡᠷ ᠤᠨ ᠢᠶᠠᠨ ᠨᠠᠮ ᠵᠢᠮ ᠳᠤ ᠠᠶᠠᠳᠠᠶᠢᠬᠠᠨ ᠵᠢᠷᠭᠠᠵᠤ ᠪᠠᠶᠢᠯ᠎ᠠ᠃            ᠬᠠᠶ᠋ᠢᠭ᠄  赤峰市图书馆 :伟丽嗣                  ᠤᠳᠠᠰᠤ᠄ 15848999841           ︵赤峰学院环境与资源科学学院:                  金 翠 叶 ᠲᠠᠢ ᠬᠠᠷᠢᠯᠴᠠᠭᠠᠷᠠᠢ︶                  ᠤᠳᠠᠰᠤ᠄ 15847332180                  ᠰᠢᠦᠳᠠᠨ᠄ 024000        
 
ᠢᠷᠡᠯᠲᠡ᠄ ᠦᠢᠡᠯᠰ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号