ᠡᠴᠦᠰ ᠤᠨ ᠶᠠᠩᠬᠢᠷ  ︵ᠲᠤᠤᠷᠠᠳᠤ ︶
ᠨᠡᠶᠢᠲᠡᠯᠡᠭᠰᠡᠨ ᠴᠠᠭ᠄
2020/11/3
ᠲᠦᠷᠦᠵᠤ ᠬᠦᠡᠭᠬᠡᠵᠢᠬᠦ ᠬᠡᠮᠡᠭᠴᠢ ᠨᠢᠬᠡ ᠶᠤᠰᠤᠨ ᠤ ᠵᠢᠷᠭᠠᠯᠠᠩ ᠤᠨ ᠡᠮᠤᠨᠡᠬᠢ ᠵᠤᠪᠠᠯᠠᠩ ᠪᠠᠶᠢᠵᠤ᠂ ᠦᠬᠦᠵᠤ ᠰᠡᠬᠡᠬᠦ  ᠶᠢᠨ ᠬᠠᠳᠠᠭᠤ ᠲᠡᠮᠡᠴᠡᠬᠡᠨ ᠪᠤᠯᠳᠠᠭ ᠠᠪᠠᠴᠤ ᠡᠨᠡᠬᠦᠬᠡᠨ ᠠᠬᠱᠠᠨ᠎ᠠ ᠡᠮ᠎ᠡ ᠶᠠᠩᠬᠢᠷ ᠲᠤ ᠠᠪᠴᠤ ᠬᠡᠯᠡᠪᠡᠯ ᠡᠪᠡᠳᠴᠤ ᠬᠠᠪᠤᠳᠬᠤ ᠬᠡᠮᠡᠭᠴᠢ ᠡᠩ ᠵᠢᠷ ᠤᠨ ᠦᠴᠦᠬᠡᠨ ᠶᠠᠪᠤᠳᠠᠯ ᠰᠢᠭ᠋ ᠪᠤᠯᠵᠤ᠂ ᠶᠠᠮᠠᠷ ᠴᠤ ᠬᠠᠷᠰᠢ ᠰᠠᠭᠠᠳ ᠤᠴᠠᠷᠠᠭᠤᠯᠵᠤ ᠴᠢᠳᠠᠭᠰᠠᠨ ᠦᠬᠡᠢ ᠨᠢ ᠭᠠᠶᠢᠬᠠᠮᠠᠷ ᠪᠠᠶᠢᠯ᠎ᠠ᠃ ᠢᠰᠢᠬᠡ ᠮᠠᠶᠢᠯᠠᠨ ᠮᠠᠶᠢᠯᠠᠭᠰᠠᠭᠠᠷ ᠶᠢᠷᠳᠢᠨᠴᠦ ᠳᠤ ᠮᠡᠨᠳᠤᠯᠡᠪᠡ᠃ ᠡᠮ᠎ᠡ ᠶᠠᠩᠬᠢᠷ ᠲᠤ ᠲᠠᠶᠢᠪᠤᠰᠢᠷᠠᠵᠤ ᠬᠡᠪᠳᠡᠬᠦ ᠴᠠᠭ ᠪᠠᠶᠢᠭᠰᠠᠨ ᠦᠬᠡᠢ ᠪᠤᠯᠬᠤᠷ ᠠᠯᠪᠠ ᠪᠠᠷ ᠪᠤᠰᠴᠤ ᠢᠰᠢᠬᠡ ᠪᠠᠨ ᠪᠤᠰᠢᠭᠤᠬᠠᠨ ᠲᠤᠯᠢᠶᠠᠨ ᠬᠠᠳᠠᠭᠠᠬᠤ ᠶᠢ ᠰᠠᠨᠠᠪᠠ᠃ ᠦᠬᠢᠨ ᠢᠰᠢᠬᠡ ᠪᠠᠶᠢᠬᠤ ᠪᠠᠷ ᠨᠢ ︽ᠠᠢ︕ ᠦᠬᠢᠨ ᠦᠷ᠎ᠡ ᠮᠢᠨᠢ︕ ᠡᠨᠡ ᠯᠡ ᠡᠷᠢᠶᠡᠨ ᠪᠠᠷᠠᠭᠠᠨ ᠶᠢᠷᠳᠢᠨᠴᠤ  ᠳᠤ ᠴᠢ ᠮᠢᠨᠢ ᠶᠠᠭᠠᠬᠢᠵᠤ ᠴᠤ ᠠᠮᠢᠳᠤᠷᠠᠬᠤ ᠪᠤᠯ ᠡ︾ ᠬᠡᠳ ᠨᠢᠯᠪᠤᠰᠤ ᠨᠢ ᠤᠷᠤᠰᠬᠤ ᠶᠢ ᠵᠠᠪᠳᠤᠳᠠᠯ᠎ᠠ ᠬᠡᠳᠡᠰᠤ ᠨᠢ ᠲᠠᠬᠢᠭᠠᠳ ᠮᠤᠰᠬᠢᠭᠠᠳ ᠲᠤᠭᠤᠭᠰᠢ ᠪᠠᠭᠤᠯᠭᠠᠬᠤ ᠰᠢᠭ᠋ ᠪᠤᠯᠪᠠ᠃ ᠡᠮ᠎ᠡ ᠶᠠᠩᠬᠢᠷ ᠰᠠᠨᠳᠣᠷᠣᠨ ᠲᠣᠷᠣᠭᠰᠢ ᠣᠴᠣᠶᠢᠨ ᠰᠠᠭᠤᠳᠠᠯ᠎ᠠ ︽ᠮᠠᠢ ᠮᠠᠢ︾ ᠮᠠᠶᠢᠯᠠᠭᠰᠠᠭᠠᠷ ᠪᠠᠰᠠ ᠨᠢᠭᠡ ᠢᠰᠢᠬᠡ ᠨᠢ ᠪᠣᠯᠳᠠᠰᠬᠢᠨ ᠭᠠᠷᠴᠦ ᠢᠷᠡᠪᠡ᠃ ᠬᠡᠳᠡᠰᠤ ᠨᠢ ᠴᠦᠯᠳᠦᠶᠢᠬᠡᠳ ᠲᠡᠩᠴᠤ ᠪᠦᠳᠦᠬᠦᠨ ᠪᠠᠶᠢᠭᠰᠠᠨ ᠨᠢ ᠢᠬᠡᠷ᠎ᠡ ᠪᠠᠶᠢᠭᠰᠠᠨ ᠰᠠᠨᠵᠠᠢ᠃ ᠲᠡᠷᠡ ᠨᠢ ᠬᠠᠷᠢᠨ ᠡᠷ᠎ᠡ ᠢᠰᠢᠬᠡ ᠪᠠᠶᠢᠭᠰᠠᠨ ᠢᠶᠠᠷ ᠡᠮ᠎ᠡ ᠶᠠᠩᠬᠢᠷ ︽ᠶᠠᠭᠤ ᠴᠤ ᠬᠡᠰᠡᠨ ᠬᠠᠨᠢ ᠲᠠᠢ ᠪᠤᠯᠤᠭᠰᠠᠨ ᠁ ᠪᠤᠷᠬᠠᠨ ᠲᠡᠭᠷᠢ ᠦᠷᠦᠰᠢᠶᠡᠵᠡᠢ︾ ᠬᠡᠳ ᠲᠦᠷ ᠴᠤ ᠬᠡᠰᠡᠨ ᠪᠠᠶᠠᠷᠯᠠᠵᠤ ᠠᠪᠤᠪᠠ᠃ ︽ᠭᠤᠸᠠ ᠯᠠ ᠱᠠ ᠯᠠ᠂ ᠭᠤᠸᠠ ᠯᠠ ᠱᠠ ᠯᠠ ᠁︾ ᠬᠡᠮᠡᠬᠦ ᠭᠤᠵᠤᠭᠤᠷ ᠴᠢᠳᠬᠦᠷ ᠤᠳ ᠤᠨ ᠲᠠᠭᠤᠨ ᠤᠯᠠᠮ ᠠᠴᠠ ᠤᠯᠠᠮ ᠤᠶᠢᠷᠠᠳᠴᠤ ᠢᠷᠡᠯ᠎ᠡ᠃ ᠬᠡᠶ᠎ᠡ ᠡᠮ᠎ᠡ ᠶᠠᠩᠬᠢᠷ ᠤᠳᠤ ᠪᠠᠷ ᠢᠶᠠᠨ ᠶᠠᠪᠤᠵᠤ ᠡᠰᠡ ᠪᠤᠯᠤᠨ᠎ᠠ᠃ ᠬᠠᠯᠳᠤ ᠮᠦᠯᠳᠤ ᠲᠤᠯᠢᠶᠠᠨ ᠬᠠᠳᠠᠭᠠᠭᠰᠠᠨ ᠬᠤᠶᠠᠷ ᠢᠰᠢᠬᠡ ᠪᠠᠨ ᠵᠦᠬᠡᠯᠡᠨ ᠬᠤᠰᠢᠭᠤ ᠪᠠᠷ ᠢᠶᠠᠨ ᠠᠷᠭᠠᠯᠠᠨ ᠪᠠᠶᠢᠵᠤ ᠪᠤᠰᠬᠠᠭᠰᠠᠨ ᠡᠮ᠎ᠡ ᠶᠠᠩᠬᠢᠷ ᠰᠠᠷᠠᠶᠢᠨ ᠴᠢᠨᠤᠷᠡᠭᠰᠡᠨ ᠬᠤᠶᠠᠷ ᠬᠦᠬᠦ ᠪᠠᠨ ᠠᠮᠠ ᠦᠬᠡᠳᠡ ᠨᠢ ᠣᠶᠢᠷᠠᠳᠣᠭᠤᠯᠵᠦ ᠦᠭᠪᠡ᠃ ᠠᠮᠢᠳᠠᠨ ᠭᠤᠤᠯᠳᠠᠨ ᠤ ᠲᠦᠷᠦᠯᠬᠢ ᠶᠢᠨ ᠠᠪᠢᠶᠠᠰ ᠴᠢᠳᠠᠪᠦᠷᠢ ᠬᠡᠵᠤ ᠠᠶᠢᠬᠤᠪᠳᠤᠷ ᠬᠡᠴᠡᠬᠦᠤ ᠪᠠᠶᠢᠭᠰᠠᠨ ᠰᠠᠨᠵᠠᠢ᠃ ᠬᠦᠯ ᠲᠡᠭᠡᠷ᠎ᠡ ᠪᠠᠨ ᠵᠦᠳᠡᠬᠦᠬᠡᠨ ᠲᠤᠭᠳᠠᠭᠠᠳ ᠲᠡᠯᠳᠡᠷᠬᠢᠯᠡᠵᠤ ᠪᠠᠶᠢᠭᠰᠠᠨ ᠴᠤ ᠪᠢᠴᠢᠬᠠᠨ ᠬᠤᠶᠠᠷ ᠢᠰᠢᠬᠡ᠂ ᠡᠬᠡ  ᠶᠢᠨ ᠢᠶᠠᠨ ᠬᠦᠬᠦᠨ ᠲᠣᠪᠴᠢ ᠶᠢ ᠨᠢᠬᠡ ᠨᠢ ᠨᠢᠬᠡ ᠤᠯᠵᠤ ᠡᠮᠬᠦᠬᠡᠳ ᠬᠦᠬᠡᠰᠤ ᠰᠠᠭᠭᠠᠭᠤᠯᠤᠨ ᠬᠤᠪᠳᠤᠭ ᠰᠤᠷᠤᠬᠤ  ᠨᠢ ᠶᠠᠮᠠᠷ ᠬᠦᠬᠡᠷᠦᠬᠦᠶᠢᠯᠡᠯᠳᠡᠢ ᠠᠵᠠᠢ᠃ ᠡᠮ᠎ᠡ ᠶᠠᠩᠬᠢᠷ ᠤᠨ ᠨᠢᠯᠪᠤᠰᠤ ᠠᠬᠢᠭᠠᠳ ᠯᠡ ᠢᠪᠢᠯᠵᠤ ᠪᠠᠶᠢᠭ᠎ᠠ ᠰᠦ ᠰᠢᠭ ᠢᠶᠠᠨ ᠵᠤᠭᠰᠤᠭ᠎ᠠ ᠦᠬᠡᠢ ᠤᠷᠤᠰᠤᠯ᠎ᠠ᠃ ᠬᠦᠬᠡᠷᠦᠬᠦᠢ ᠠᠮᠢᠳᠠᠨ ᠵᠢᠷᠭᠤᠭᠠᠨ ᠭᠤᠤᠯᠳᠠᠨ ᠤ ᠡᠬᠡ ᠪᠤᠯᠤᠭᠰᠠᠳ ᠪᠦᠷ ᠡᠶᠢᠮᠤ ᠯᠡ ᠦᠷᠦᠪᠴᠢᠬᠡᠨ ᠮᠦᠷᠳᠡᠬᠡᠨ ᠲᠡᠶᠢᠮᠤ ᠯᠡ ᠬᠠᠷᠠᠮ ᠦᠬᠡᠢ ᠪᠠᠶᠢᠳᠠᠭ ᠰᠠᠨᠵᠠᠢ᠃ ᠤᠳᠠᠵᠤ ᠲᠦᠳᠡᠯ ᠦᠬᠡᠢ ᠡᠬᠡ ᠶᠢᠨ ᠰᠢᠷ᠎ᠠ ᠤᠭᠤᠷᠠᠭ ᠲᠠᠭᠠᠨ ᠱᠠᠩᠳᠠᠭᠤᠷᠠᠭᠰᠠᠨ ᠢᠬᠡᠷ᠎ᠡ ᠢᠰᠢᠬᠡ ᠨᠢ ᠡᠬᠡ ᠲᠠᠢ ᠪᠠᠨ ᠨᠤᠤᠷᠠᠯᠳᠤᠬᠤ ᠪᠠᠨ ᠪᠤᠯᠢᠵᠤ ᠡᠶᠢᠰᠢ ᠲᠡᠶᠢᠰᠢ ᠰᠢᠷᠳᠡᠯᠬᠢᠯᠡᠨ ᠲᠡᠨᠳᠦᠷ ᠮᠦᠨᠳᠤᠷ ᠲᠤᠭᠤᠷᠢᠨ᠎ᠠ᠃ ᠨᠢᠯᠬ᠎ᠠ ᠪᠡᠯᠴᠢᠷ ᠬᠦᠬᠡᠷᠦᠬᠦᠨ ᠬᠤᠶᠠᠷ ᠢᠰᠢᠬᠡ᠂ ᠬᠠᠭᠠᠴᠠᠯ ᠰᠠᠨᠠᠯ᠂ ᠠᠮᠢᠳᠤᠷᠠᠯ ᠲᠡᠮᠡᠴᠡᠯ ᠬᠡᠵᠤ ᠶᠠᠭᠤ ᠪᠤᠯᠬᠤ ᠶᠢ ᠬᠡᠷᠬᠢᠨ ᠮᠡᠳᠡᠬᠦ ᠪᠢᠯᠡ︕ ᠤᠳᠤ ᠡᠬᠡ ᠦᠷ᠎ᠡ ᠶᠢᠨ ᠬᠠᠶᠢᠷ᠎ᠠ ᠰᠡᠳᠬᠢᠯᠬᠡ ᠬᠡᠳ ᠨᠤᠤᠷᠠᠯᠳᠤᠬᠤ ᠴᠠᠭ ᠪᠠᠶᠢᠬᠤ ᠦᠬᠡᠢ ᠪᠤᠯᠵᠠᠢ᠃ ᠡᠮ᠎ᠡ ᠶᠠᠩᠬᠢᠷ ᠬᠦᠬᠡᠷᠦᠬᠦᠨ ᠬᠤᠶᠠᠷ ᠦᠷ᠎ᠡ ᠪᠠᠨ ᠨᠢᠯᠪᠤᠰᠤ ᠠᠰᠬᠠᠷᠠᠭᠤᠯᠤᠨ ᠦᠨᠦᠷᠯᠡᠨ ᠦᠬᠦᠬᠡᠷᠳᠦᠭᠰᠡᠨ ᠢᠶᠠᠨ ᠬᠡᠨᠡᠳᠳᠡ ᠤᠬᠤᠰᠬᠢᠨ ᠡᠷᠬᠢᠵᠤ ᠠᠭᠤᠢ ᠠᠴᠠ ᠪᠠᠨ ᠭᠠᠷᠤᠮᠠᠭᠴᠠ ᠬᠠᠳᠠᠨ ᠤ ᠪᠠᠷᠳᠠᠭ᠎ᠠ ᠶᠢ ᠠᠰᠢᠭᠯᠠᠨ ᠬᠠᠵᠠᠭᠤ ᠲᠠᠭᠠᠨ ᠬᠤᠷᠳᠤᠯᠠᠪᠠ᠃ ᠲᠡᠬᠦᠨ ᠢ ᠠᠭᠤᠢ ᠠᠴᠠ ᠲᠦᠴᠢ ᠲᠠᠪᠢᠨ ᠠᠯᠬᠤᠮ ᠵᠠᠶᠢᠳᠠᠬᠤ ᠦᠶ᠎ᠡ ᠳᠤ ᠰᠠᠶ᠋ᠢ ᠭᠤᠵᠤᠭᠤᠷ ᠤᠳ ᠤᠯᠵᠤ ᠬᠠᠷᠠᠭᠠᠳ ᠠᠭᠤᠢ ᠦᠬᠡᠳᠡ ᠮᠠᠴᠤᠬᠤ ᠪᠠᠨ ᠪᠤᠯᠢᠵᠤ᠂ ᠬᠤᠶᠢᠨ᠎ᠠ ᠠᠴᠠ ᠨᠢ ᠡᠷᠢᠶᠡᠨ ᠰᠠᠭᠠᠷᠠᠯ ᠢᠶᠠᠷ ᠪᠠᠷᠬᠢᠷᠠᠯᠳᠤᠭᠰᠠᠭᠠᠷ ᠠᠰᠯᠠᠨ ᠨᠡᠬᠡᠵᠤ ᠢᠷᠡᠪᠡ᠃ ︽ᠭᠤᠸᠠ ᠯᠠ ᠱᠠ ᠯᠠ ᠁︾ ︽ᠲᠦᠡᠭ ᠲᠠᠩ᠂ ᠲᠦᠡᠭ ᠲᠠᠩ ᠁︾ ᠬᠤᠶᠠᠷ ᠬᠦᠯ ᠲᠠᠢ ᠭᠤᠵᠤᠭᠤᠷ ᠴᠢᠳᠬᠦᠷ ᠤᠳ ᠡᠷᠦᠢ ᠬᠤᠷᠤᠢ ᠦᠬᠡᠢ ᠤᠷᠢᠯᠠᠯᠳᠤᠨ᠂ ᠬᠦᠬᠡ ᠤᠳᠤᠭ᠎ᠠ ᠲᠠᠢ ᠬᠦᠨᠳᠡᠯᠡᠨ ᠲᠦᠡᠭᠽᠢ ᠵᠤᠭᠰᠤᠭ᠎ᠠ ᠵᠢᠯᠤᠭᠤ ᠦᠬᠡᠢ ᠲᠦᠡᠭᠬᠢᠨᠡᠨ᠎ᠡ᠃ ᠡᠮ᠎ᠡ ᠶᠠᠩᠬᠢᠷ ᠤᠨ ᠪᠡᠶ᠎ᠡ ᠲᠡᠭᠬᠡᠬᠡ ᠲᠠᠮᠢᠷ ᠰᠤᠯᠠ ᠪᠠᠶᠢᠭᠰᠠᠨ ᠴᠤ ᠬᠠᠷᠢᠨ ᠶᠡᠬᠡᠳᠡ ᠬᠦᠡᠭᠬᠡᠨ ᠱᠦᠡᠭᠬᠡᠨ ᠪᠤᠯᠴᠢᠬᠠᠵᠠᠢ᠃ ᠲᠡᠷᠡ ᠬᠠᠵᠠᠭᠤ ᠶᠢ ᠲᠠᠭᠠᠨ ᠣᠮᠠᠷᠠᠰᠢᠯᠠᠵᠦ᠂ ᠠᠭᠤᠯᠠ ᠲᠠᠪᠠᠨ ᠭᠠᠷᠬᠤ ᠪᠠᠷ ᠲᠦᠯᠦᠪᠯᠡᠪᠡ᠃ ᠠᠭᠤᠯᠠᠨ ᠤᠷᠤᠢ ᠠᠳᠡ ᠠᠴᠠ ᠲᠦᠷᠪᠡ ᠲᠠᠪᠤᠨ ᠵᠠᠭᠤᠨ ᠠᠯᠬᠤᠮ ᠠᠴᠠ ᠬᠡᠳᠦᠷᠡᠬᠦ ᠦᠬᠡᠢ ᠪᠦᠬᠡᠳ ᠬᠤᠶᠠᠷ ᠬᠦᠯᠳᠡᠨ ᠨᠦᠭᠦᠳ ᠶᠠᠭᠠᠬᠢᠭᠰᠠᠨ ᠴᠤ ᠲᠠᠪᠠᠵᠤ ᠲᠡᠶᠢᠯᠬᠦ ᠦᠬᠡᠢ ᠬᠡᠳᠡᠭ ᠢ ᠲᠡᠷᠡ ᠲᠤᠳᠤᠷᠬᠠᠢ ᠮᠡᠳᠡᠵᠤ ᠪᠠᠶᠢᠯ᠎ᠠ᠃ ᠡᠮ᠎ᠡ ᠶᠠᠩᠬᠢᠷ ᠬᠤᠷᠳᠤᠴᠠ ᠪᠠᠨ ᠲᠡᠩᠴᠡᠬᠦᠯᠦᠨ ᠭᠤᠵᠤᠭᠤᠷ ᠴᠢᠳᠬᠦᠷ ᠤᠳ ᠲᠠᠢ ᠵᠠᠭᠤᠨ ᠠᠯᠬᠤᠮ ᠤᠨ ᠵᠠᠢ ᠲᠠᠢ ᠪᠠᠶᠢᠬᠤ ᠶᠢ ᠪᠠᠷᠢᠮᠳᠠᠯᠠᠵᠤ ᠪᠠᠶᠢᠯ᠎ᠠ᠃ ᠲᠡᠩᠴᠤ ᠬᠤᠷᠳᠤᠯᠠᠭᠠᠳ ᠬᠡᠳᠦᠷᠬᠡᠢ ᠵᠠᠶᠢᠳᠠᠪᠠᠯ ᠴᠢᠳᠬᠦᠷ ᠤᠳ ᠬᠠᠰᠢᠷᠠᠵᠤ ᠴᠦᠬᠦᠬᠡᠳ ᠲᠡᠬᠦᠨ ᠢ ᠬᠠᠶᠠᠵᠤ᠂ ᠠᠭᠤᠢ ᠦᠬᠡᠳᠡ ᠨᠢ ᠡᠷᠬᠢᠵᠤ ᠤᠴᠢᠬᠤ ᠠᠴᠠ ᠡᠮᠢᠶᠡᠨ᠎ᠡ᠃ ᠲᠡᠩᠳᠡᠬᠦᠣ ᠠᠭᠠᠵᠢᠭᠤᠯᠤᠭᠠᠳ ᠭᠤᠵᠤᠭᠤᠷ ᠤᠳ ᠲᠠᠢ ᠬᠡᠳᠤ ᠤᠶᠢᠷᠠᠳᠪᠠᠯ ᠦᠨᠦ ᠬᠦᠬᠡ ᠤᠳᠤᠭ᠎ᠠ ᠲᠠᠢ ᠬᠦᠨᠳᠡᠯᠡᠨ ᠶᠠᠭᠤᠮᠠᠨ  ᠳᠤ ᠬᠢᠯᠪᠠᠷᠬᠠᠨ ᠰᠦᠪᠡᠯᠡᠭᠳᠡᠬᠦ ᠶᠢ ᠪᠤᠤ ᠬᠡᠯᠡ ᠬᠢᠷᠠᠬᠠᠢ ᠨᠢᠳᠤ ᠲᠠᠢ ᠨᠢᠬᠡᠨ ᠳᠤᠨᠢ ᠢᠰᠢᠬᠡᠯᠡᠭᠰᠡᠨ ᠬᠡᠳᠡᠭ ᠢᠶᠠᠨ ᠰᠡᠷᠡᠭᠳᠡᠪᠡᠯ ᠨᠡᠩ ᠴᠤ ᠪᠠᠷᠠᠭᠰᠠᠨ ᠬᠡᠷᠡᠭ ᠪᠤᠯᠤᠨ᠎ᠠ ᠬᠡᠵᠤ ᠰᠡᠷᠬᠡᠭ ᠤᠬᠠᠭᠠᠨ ᠳᠠᠭᠠᠨ ᠰᠡᠳᠬᠢᠨ ᠪᠤᠳᠤᠵᠤ ᠠᠮᠵᠢᠭᠰᠠᠨ ᠪᠠᠶᠢᠵᠠᠢ᠃ ᠵᠠᠮ ᠤᠨ ᠶᠡᠬᠡᠨᠭᠬᠢ ᠬᠠᠭᠠᠰ ᠢ ᠬᠤᠷᠤᠭᠠᠵᠤ᠂ ᠴᠠᠭ ᠨᠡᠯᠢᠶᠡᠳ ᠢ ᠦᠷᠡᠭᠰᠡᠨ ᠪᠤᠯᠪᠠᠴᠤ ᠡᠨᠡ ᠤᠳᠠᠭ᠎ᠠ ᠡᠮ᠎ᠡ ᠶᠠᠩᠬᠢᠷ ᠲᠡᠳᠤᠢ ᠶᠠᠳᠠᠷᠠᠭ᠎ᠠ ᠦᠬᠡᠢ᠃ ᠤᠳᠤ ᠤᠢ ᠮᠤᠳᠤ ᠰᠡᠶᠢᠷᠡᠭᠵᠢᠭᠰᠡᠨ ᠠᠪᠠᠴᠦ ᠠᠰᠬ᠎ᠠ ᠬᠠᠳᠠ ᠰᠡᠭᠦᠶᠢᠯᠴᠡᠭᠡᠳ ᠪᠠᠷᠳᠠᠭ᠎ᠠ ᠪᠡᠷᠬᠡ ᠶᠡᠭᠡ ᠪᠤᠯᠵᠠᠢ᠃ ᠡᠮ᠎ᠡ ᠶᠠᠩᠬᠢᠷ ᠤᠨ ᠪᠤᠳᠤᠯ ᠰᠡᠳᠬᠢᠯᠬᠡ ᠲᠠᠯᠪᠢᠭᠤᠷᠠᠨ ᠲᠡᠭᠰᠢᠷᠡᠵᠤ᠂ ︽ᠲᠠᠪᠢᠭᠠᠳ ᠯᠡ ᠠᠯᠬᠤᠮ ᠲᠠᠢ ᠪᠤᠯ ᠠᠭᠤᠯᠠ ᠲᠠᠪᠠᠨ᠎ᠠ ᠁ ᠬᠦᠬᠡᠷᠦᠬᠦᠢ ᠡᠬᠡ ᠦᠷ᠎ᠡ ᠪᠢᠳᠡ ᠭᠤᠷᠪᠠᠭᠤᠯᠠ ᠮᠠᠷᠭᠠᠰᠢ ᠶᠢᠨ ᠨᠠᠷᠠ ᠶᠢ ᠡᠰᠡᠨ ᠮᠡᠨᠳᠤ ᠬᠠᠷᠠᠬᠤ ᠨᠢ ᠁︾ ᠬᠡᠵᠤ ᠪᠤᠳᠤᠬᠤ ᠪᠠᠷ ᠲᠤᠷᠮᠤᠯᠵᠠᠭᠰᠠᠨ ᠬᠤᠶᠠᠷ ᠨᠢᠳᠤᠨ ᠳᠤᠨᠢ ᠮᠦᠨ ᠯᠡ ᠨᠢᠯᠪᠤᠰᠤ ᠪᠦᠷᠬᠦᠵᠡᠢ᠃ ᠭᠤᠵᠤᠭᠤᠷ ᠤᠳ ᠮᠠᠭᠤᠳᠠᠵᠤ ᠲᠤᠶᠢᠯᠳᠠᠭᠰᠠᠨ ᠨᠢ ᠢᠯᠡᠷᠬᠡᠢ ᠪᠤᠯᠵᠤ᠂ ᠬᠦᠬᠡ ᠤᠳᠤᠭᠠᠳᠤ ᠬᠦᠨᠳᠡᠯᠡᠨ ᠲᠦᠡᠭᠽᠢ  ᠪᠠᠨ ᠠᠯᠪᠠ ᠶᠢᠨ ᠲᠡᠳᠦᠢ ᠲᠤᠤᠭᠠᠷᠭᠠᠵᠤ ᠪᠠᠶᠢᠪᠠ᠃ ᠡᠮ᠎ᠡ ᠶᠠᠩᠬᠢᠷ ᠠᠭᠤᠯᠠ ᠲᠠᠪᠠᠨ ᠴᠢᠨᠠᠭᠰᠢ ᠭᠠᠷᠬᠤ ᠶᠢ ᠶᠠᠭᠠᠷᠠᠭᠰᠠᠨ ᠦᠬᠡᠢ᠃ ︽ᠭᠤᠵᠤᠭᠤᠷ ᠤᠳ ᠴᠤᠬᠤᠮ ᠶᠠᠭᠤ ᠶᠠᠭᠠᠬᠢᠬᠤ ᠬᠡᠵᠤ ᠁ ᠪᠠᠰᠠ ᠶᠠᠮᠠᠷ ᠵᠠᠯᠢ ᠮᠡᠭᠡ ᠭᠠᠷᠭᠠᠬᠤ ᠪᠤᠯ︖︾ ᠬᠡᠰᠡᠨ ᠰᠢᠭ ᠬᠤᠶᠢᠰᠢ ᠡᠷᠬᠢᠨ ᠠᠵᠢᠶᠠᠷᠠᠪᠠ᠃ ᠭᠤᠵᠤᠭᠤᠷ ᠤᠳ ᠤᠨᠵᠢᠢᠵᠤ ᠯᠠᠪᠳᠠᠶᠢᠨ ᠵᠤᠭᠰᠤᠵᠠᠭᠠᠵᠤ ᠪᠠᠶᠢᠬᠰᠠᠨ ᠢᠶᠠᠨ ᠪᠦᠬᠦᠳᠡᠬᠡᠷ ᠭᠠᠵᠠᠷ ᠨᠠᠭᠠᠯᠳᠤᠨ ᠬᠡᠪᠳᠡᠴᠢᠬᠡᠪᠡ᠃ ︽ᠮᠠᠭᠤ ᠴᠢᠳᠬᠦᠷ ᠤᠳ ᠤᠨ ᠲᠡᠩᠬᠡᠬᠡ ᠲᠠᠮᠢᠷ ᠨᠢ ᠲᠠᠭᠤᠰᠤᠭᠰᠠᠨ ᠪᠠᠶᠢᠯᠬᠦᠢ᠂ ᠤᠳᠤ ᠶᠠᠭᠠᠬᠢᠵᠦ ᠴᠢᠳᠠᠬᠤᠪ ᠁︾ ᠬᠡᠵᠤ ᠡᠮ᠎ᠡ ᠶᠠᠩᠬᠢᠷ ᠡᠮᠵᠡᠭᠬᠡᠨ ᠪᠤᠳᠤᠯ ᠳᠠᠭᠠᠨ ᠪᠠᠶᠠᠰᠤᠨ ᠪᠠᠶᠢᠳᠠᠯ᠎ᠠ ᠦᠨᠦ ᠬᠦᠬᠡ ᠴᠡᠩᠬᠡᠷ ᠤᠳᠤᠭ᠎ᠠ ᠶᠠᠭ ᠯᠡ ᠬᠤᠯᠠ ᠶᠢᠨ ᠬᠤᠯᠠᠬᠢ ᠠᠶᠢᠯ ᠤᠳ ᠤᠨ ᠤᠷᠤᠢ ᠠᠴᠠ ᠰᠤᠭᠤᠨᠠᠭᠯᠠᠬᠤ ᠴᠡᠩᠬᠡᠷ ᠤᠳᠤᠭ᠎ᠠ ᠰᠢᠳᠬᠠᠨ ᠵᠡᠷᠬᠡ ᠪᠠᠷ ᠰᠤᠭᠤᠨᠠᠭᠯᠠᠭᠰᠠᠨ ᠢᠶᠠᠨ ᠬᠦᠨᠳᠡᠯᠡᠨ ᠲᠦᠡᠭᠽᠢ ᠨᠦᠭᠦᠳ ᠵᠢᠭᠳᠡ ᠪᠠᠷ ︽ᠲᠦᠡᠭ ᠲᠠᠩ᠂ ᠲᠦᠡᠭ ᠲᠠᠩ ᠁︾ ᠬᠡᠵᠤ ᠴᠢᠬᠢ ᠶᠢ ᠨᠢ ᠲᠤᠷᠬᠢᠳᠠᠯ᠎ᠠ ᠫᠠᠷᠴᠢᠬᠢᠨᠠᠨ ᠲᠤᠤᠭᠠᠷᠤᠭᠠᠳ ︽ᠰᠢᠤ ᠰᠢᠤ ᠁︾ ᠬᠡᠮᠡᠨ ᠠᠭᠠᠷ ᠢ ᠵᠦᠰᠦᠨ ᠢᠰᠬᠡᠷᠤᠨ ᠱᠤᠤᠬᠢᠭᠠᠳ ︽ᠨᠢᠱ ᠲᠢᠱ ᠁︾ ᠬᠡᠯᠴᠡᠨ ᠠᠭᠤᠯᠠ ᠬᠠᠳᠠ ᠶᠢ ᠨᠦᠬᠡᠯᠡᠨ ᠰᠦᠪᠡᠯᠡᠪᠡ᠃ ᠠᠷᠭ᠎ᠠ ᠴᠦᠬᠦᠭᠰᠡᠨ ᠴᠢᠳᠬᠦᠷ ᠤᠳ᠂ ᠮᠠᠭᠤ ᠰᠠᠶᠢᠨ ᠵᠠᠯᠢ ᠮᠡᠬᠡᠳᠡᠨ ᠨᠦᠭᠦᠳ ᠤᠬᠠᠭᠠᠨ ᠵᠠᠷᠤᠵᠤ ᠲᠠᠬᠦᠨ ᠢ ᠰᠠᠭᠠᠳᠤᠭᠤᠯᠤᠭᠠᠳ ᠡᠴᠦᠰ ᠤᠨ ᠪᠤᠷᠤᠩᠬᠤᠢ ᠲᠠᠭᠠᠷᠢᠯᠳᠠ ᠬᠢᠵᠤ ᠪᠠᠶᠢᠬᠤ ᠶᠢ ᠮᠡᠳᠡᠭᠰᠡᠨ ᠶᠠᠩᠬᠢᠷ᠂ ᠲᠡᠶᠢᠰᠤᠨ ᠢᠶᠠᠨ ᠲᠠᠩᠴᠤ ᠬᠦᠡᠭᠬᠡᠪᠴᠢᠯᠡᠭᠰᠡᠨ ᠢᠶᠠᠨ ᠤᠳᠤ ᠰᠠᠶ᠋ᠢ ᠤᠬᠠᠭᠠᠷᠠᠭᠠᠳ ᠤᠬᠤᠰᠬᠢᠨ ᠡᠷᠬᠢᠨ ᠵᠢᠭᠤᠳᠠᠬᠤ ᠬᠡᠳᠡᠯ᠎ᠡ ᠪᠤᠷᠤᠭᠤ ᠲᠠᠯ᠎ᠠ ᠶᠢᠨ ᠭᠤᠶ᠎ᠠ ᠨᠢ ︽ᠵᠢᠮ︾ ᠬᠡᠬᠦ ᠶᠢᠨ ᠵᠡᠷᠬᠡ ᠪᠡᠶ᠎ᠡ ᠪᠠᠨ ᠡᠵᠡᠮᠳᠡᠵᠤ ᠲᠡᠶᠢᠯᠤᠯ ᠦᠬᠡᠢ ᠠᠷᠤᠭᠰᠢ ᠬᠠᠨᠳᠠᠷᠤᠨ ᠤᠨᠠᠭᠠᠳ ᠬᠡᠳᠤ ᠬᠡᠳᠤ ᠦᠡᠭᠬᠦᠷᠢᠪᠡ᠃ ᠶᠠᠩᠬᠢᠷ ᠦᠨᠦ ᠯᠡ ᠶᠠᠭᠤᠮᠠᠨ ᠳᠤ ᠰᠦᠪᠡᠯᠡᠭᠳᠡᠵᠡᠢ᠃ ᠠᠷᠢᠭᠤᠨ ᠤᠯᠠᠭᠠᠨ ᠴᠢᠰᠤ ᠨᠢ ᠠᠰᠬᠠᠵᠤ ᠴᠢᠳᠬᠤᠮ᠎ᠠ ᠤᠷᠤᠰᠬᠤ ᠶᠢ ᠬᠠᠷᠠᠭᠰᠠᠨ ᠡᠮ᠎ᠡ ᠶᠠᠩᠬᠢᠷ ᠡᠪᠡᠳᠬᠦ ᠪᠠᠨ ᠲᠡᠰᠪᠦᠷᠢᠯᠡᠨ ᠰᠢᠷᠬ᠎ᠠ  ᠪᠠᠨ ᠲᠤᠯᠢᠶᠠᠪᠠ᠃ ︽ᠭᠤᠸᠠ ᠯᠠ ᠱᠠ ᠯᠠ ᠁︾ ᠬᠡᠵᠤ ᠬᠦᠭᠡᠷᠦᠯᠳᠦᠨ ᠤᠷᠢᠯᠠᠯᠳᠤᠬᠤ ᠲᠠᠭᠤᠨ ᠠᠯᠢ ᠴᠤ ᠤᠳᠠᠭ᠎ᠠ ᠠᠴᠠ ᠲᠠᠭᠡᠷᠡᠳᠡᠨ ᠭᠤᠵᠤᠭᠤᠷ ᠴᠢᠳᠬᠦᠷ ᠤᠳ ᠶᠠᠩᠬᠢᠷ ᠦᠬᠡᠳᠡ ᠦᠬᠦᠯᠳᠡᠨ ᠭᠦᠶᠦᠯᠳᠦᠪᠡ᠃ ᠠᠵᠠ ᠪᠠᠷ ᠦᠨᠦ ᠶᠠᠭᠤᠮ᠎ᠠ ᠶᠠᠰᠤᠨ ᠳᠤᠨᠢ ᠰᠢᠷᠭᠤᠭᠰᠠᠨ ᠦᠬᠡᠢ ᠪᠤᠯᠬᠤᠷ ᠡᠮ᠎ᠡ ᠶᠠᠩᠬᠢᠷ ᠬᠠᠳᠠᠭᠤᠵᠢᠨ ᠪᠤᠰᠴᠤ ᠲᠠᠬᠢᠨ ᠵᠢᠭᠤᠳᠠᠬᠤ ᠬᠡᠮᠡᠳᠡᠯ᠎ᠡ ︽ᠡ ᠠ ᠁︾ ᠬᠡᠮᠡᠬᠦ ᠡᠷᠢᠶᠠᠨ ᠰᠠᠭᠠᠷᠠᠯ ᠴᠤᠴᠢᠮᠠᠭ ᠲᠠᠭᠤᠨ ᠭᠤᠵᠤᠭᠤᠷ ᠤᠳ ᠤᠨ ᠲᠡᠨᠳᠡ ᠠᠴᠠ ᠠᠬᠢᠨ ᠲᠤᠭᠤᠯᠳᠠᠪᠠ᠃ ᠶᠠᠩᠬᠢᠷ ᠬᠦᠶᠦᠬᠦ ᠬᠡᠰᠡᠨ ᠢᠶᠠᠨ ᠪᠤᠯᠢᠵᠤ ᠰᠡᠷᠡᠮᠵᠢᠳᠡᠶᠢᠬᠡᠨ ᠠᠵᠢᠭᠯᠠᠪᠠᠯ ᠬᠠᠷᠢᠨ ᠢᠯᠡᠯᠳᠡ ᠳᠠᠭᠠᠨ ᠰᠣᠭᠳᠣᠭᠤᠷᠠᠭᠰᠠᠨ ᠨᠢᠬᠡ ᠴᠢᠳᠬᠦᠷ ᠨᠢ ᠬᠠᠳᠠᠨ ᠠᠴᠠ ᠪᠦᠮᠪᠦᠷᠢᠬᠦ ᠴᠢᠯᠠᠭᠤ ᠰᠢᠭ᠋ ᠯᠡ ᠲᠤᠷᠤᠭᠰᠢ ᠦᠡᠭᠬᠦᠷᠢᠳᠤᠵᠤ ᠪᠠᠶᠢᠭᠰᠠᠨ ᠠᠵᠠᠢ᠃ ᠨᠦᠬᠦᠬᠡ ᠴᠢᠳᠬᠦᠷ ᠤᠳ ᠨᠢ ︽ᠦ ᠠ ᠁︾ ᠬᠡᠯᠴᠡᠨ ᠦᠨᠦᠬᠢ ᠶᠢᠨ ᠢᠶᠠᠨ ᠵᠦᠭ ᠤᠨᠠᠵᠤ ᠲᠤᠰᠤᠨ ᠭᠦᠶᠦᠯᠳᠦᠪᠡ᠃ ᠬᠦᠬᠡᠷᠦᠬᠦᠢ ᠶᠠᠩᠬᠢᠷ ᠤᠨ ᠮᠢᠬ᠎ᠠ ᠶᠢ ᠢᠳᠡᠬᠦ ᠬᠡᠰᠡᠨ ᠰᠢᠨᠤᠬᠠᠢ ᠴᠢᠳᠬᠦᠷ ᠤᠳ ᠨᠢᠬᠡ ᠶᠢᠨ ᠢᠶᠠᠨ ᠴᠢᠰᠤ ᠶᠢ ᠦᠵᠡᠭᠡᠳ ᠰᠠᠶ᠋ᠢ ᠰᠠᠨᠠᠭ᠎ᠠ ᠨᠢ ᠠᠮᠠᠷᠠᠵᠤ ᠰᠡᠳᠬᠢᠯ ᠨᠢ ᠮᠤᠬᠤᠵᠠᠢ᠃ ᠡᠮ᠎ᠡ ᠶᠠᠩᠬᠢᠷ ᠬᠦᠨ ᠬᠡᠭᠴᠢ ᠠᠮᠢᠰᠬᠤᠵᠤ ᠠᠪᠤᠭᠠᠳ ᠰᠢᠷᠬ᠎ᠠ ᠲᠠᠢ ᠬᠦᠯ ᠢᠶᠠᠨ ᠴᠢᠷᠦᠭᠰᠡᠬᠡᠷ ᠠᠭᠤᠢ ᠵᠦᠭ ᠢᠶᠠᠨ — ᠦᠷ᠎ᠡ ᠦᠬᠡᠳᠡ ᠪᠠᠨ ᠨᠢᠯᠪᠤᠰᠤ ᠠᠰᠬᠠᠷᠠᠭᠤᠯᠤᠨ ᠲᠡᠮᠡᠤᠯᠪᠡ ᠁                           ᠵᠣᠬᠢᠶᠠᠭᠴᠢ ᠶᠢᠨ ᠲᠣᠪᠴᠢ ᠲᠠᠨᠢᠯᠴᠠᠭᠤᠯᠭ᠎ᠠ        ᠲᠦᠯᠦᠭᠡᠨ ᠤ ᠨᠡᠷ᠎ᠡ — ᠠᠯᠳᠠᠨ᠋ᠧᠴᠢᠷ᠂ ᠲᠦᠷᠦᠯ ᠣᠭᠰᠠᠭ᠎ᠠ — ᠲᠡᠭᠷᠢ ᠲᠠᠭᠤᠳᠠᠭᠠᠴᠢ᠃ ᠬᠠᠷ᠎ᠠ ᠪᠠᠷᠰ ᠵᠢᠯ ᠲᠠᠢ᠂ ᠠᠷᠣ ᠬᠤᠷᠴᠢᠨ ᠳᠤ ᠨᠣᠳᠤᠭ ᠲᠠᠢ᠂ ᠵᠡᠭᠦᠨ ᠪᠠᠭᠠᠷᠢᠨ ᠳᠤ ᠠᠵᠢᠯ ᠲᠠᠢ᠃ ᠬᠦᠳᠡᠭᠡ ᠳᠤ ᠮᠠᠯᠴᠢᠨ ᠤ ᠬᠦᠦ ᠪᠣᠯᠣᠨ ᠵᠠᠶᠠᠭᠠᠵᠦ᠂ ᠬᠤᠳᠠ ᠳᠤ ᠣᠶᠣᠳᠠᠨ ᠪᠣᠯᠣᠨ ᠰᠣᠶᠣᠭᠠᠯᠵᠠᠵᠦ᠂ ᠲᠦᠷᠦ ᠳᠤ ᠠᠯᠪᠠᠳᠠᠨ ᠪᠣᠯᠣᠨ ᠭᠢᠯᠠᠷᠠᠭᠤᠯᠵᠠᠢ᠃      ᠠᠵᠢᠯ ᠤᠨ ᠰᠡᠯᠡᠭᠦᠦ᠂ ᠠᠨᠳᠠ ᠶᠢᠨ ᠣᠴᠠᠷᠠᠯ ᠢᠶᠠᠷ ᠨᠣᠮ ᠵᠣᠬᠢᠶᠠᠯ ᠬᠡᠮᠡᠨ ᠰᠡᠴᠡᠷᠬᠡᠵᠦ᠂ ᠠᠷᠢᠬᠢᠨ ᠤ ᠰᠢᠷᠡᠭᠡ᠂ ᠠᠶᠢᠯ ᠤᠨ ᠨᠠᠶᠢᠷ ᠢᠶᠠᠷ ᠱᠤᠭ ᠶᠦᠮᠦᠷ ᠭᠡᠳ ᠬᠦᠭᠡᠷᠦᠵᠦ ᠶᠠᠪᠣᠭᠰᠠᠨ ᠢᠶᠠᠨ 2011 ᠣᠨ ᠳᠤ ᠦᠭᠦᠯᠡᠯᠭᠡ ᠲᠣᠭᠤᠵᠢᠰ ᠤᠨ ᠲᠡᠭᠦᠪᠦᠷᠢ ᠭᠡᠵᠦ ︽ᠣᠶᠠᠰᠣᠨ ᠬᠠᠶᠢᠯᠠᠬᠤ ᠣᠶᠠᠬᠠᠨ ᠬᠠᠪᠣᠷ︾ ᠢᠶᠠᠨ ᠣᠯᠵᠠᠷᠬᠠᠨ ᠬᠡᠪᠯᠡᠭᠦᠯᠵᠦ ︵ᠲᠣᠰ ᠲᠡᠭᠦᠪᠦᠷᠢ ᠨᠢ ︿ᠲᠠᠪᠣᠨ ᠨᠢᠭᠡ ᠢᠨᠵᠧᠨᠧᠷᠢᠩ﹀ ᠤᠨ ᠱᠠᠩᠨᠠᠯ ᠲᠣᠰᠴᠠᠢ︶  ᠃ 2013 ᠣᠨ  ᠳᠤ ᠱᠤᠭ ᠶᠦᠮᠦᠷ ᠤᠨ ᠵᠢᠭᠠᠬᠠᠨ ᠲᠣᠪᠬᠢᠮᠠᠯ ︽ᠢᠨᠢᠶᠡᠳᠦ ᠲᠠᠢ ᠠᠮᠢᠳᠣᠷᠠᠯ — ᠠ᠊ ᠭᠡ ᠭᠡ ᠶᠢᠨ ᠠᠯᠢᠶ᠎ᠠ ᠵᠣᠭᠤᠭ︾ ᠢᠶᠠᠨ ᠣᠩᠰᠢᠭᠴᠢᠳ ᠤᠨ ᠠᠯᠠᠭᠠᠨ ᠳᠤ ᠡᠷᠭᠦᠨ ᠪᠠᠷᠢᠵᠠᠢ᠃ ᠲᠣᠭᠤᠵᠢ ︽ᠪᠢᠴᠢᠬᠠᠨ ᠲᠠᠭᠠᠭᠠᠮᠠᠯ︾ ᠨᠢ ᠣᠩᠰᠢᠭᠴᠢᠳ ᠤᠨ ᠲᠣᠮᠳᠠ ᠨᠡᠯᠢᠶᠡᠳ ᠵᠦᠭᠡᠷᠬᠡᠨ ᠨᠦᠯᠦᠭᠡ ᠲᠣᠰᠬᠠᠯ ᠲᠠᠢ ᠪᠠᠶᠢᠵᠦ᠂ 2014 ᠣᠨ ᠳᠤ ᠣᠯᠠᠭᠠᠨᠬᠠᠳᠠ ᠬᠤᠳᠠ ᠶᠢᠨ ᠠᠩᠬᠠᠳᠣᠭᠴᠢ ᠣᠳᠠᠭᠠᠨ ᠤ ᠵᠠᠯᠠᠭᠤ ᠵᠣᠬᠢᠶᠠᠯᠴᠢᠳ ᠤᠨ ᠣᠷᠣᠯᠳᠣᠭᠠᠨ ᠤ ᠲᠣᠭᠤᠵᠢᠰ  ᠤᠨ ᠲᠡᠷᠢᠭᠦᠨ ᠱᠠᠩ ᠢᠶᠠᠷ ᠮᠢᠯᠢᠶᠠᠯᠭᠠᠵᠠᠢ᠃   ᠦᠪᠦᠷ ᠮᠣᠩᠭᠤᠯ ᠤᠨ ᠵᠣᠬᠢᠶᠠᠯᠴᠢᠳ ᠤᠨ ᠡᠪᠯᠡᠯ ᠤᠨ ᠭᠡᠰᠢᠭᠦᠨ᠂ ᠣᠯᠠᠭᠠᠨᠬᠠᠳᠠ ᠬᠤᠳᠠ ᠶᠢᠨ ᠵᠣᠬᠢᠶᠠᠯᠴᠢᠳ  ᠤᠨ ᠡᠪᠯᠡᠯ ᠤᠨ ᠭᠡᠰᠢᠭᠦᠨ᠂ ᠪᠠᠭᠠᠷᠢᠨ ᠵᠡᠭᠦᠨ ᠬᠤᠰᠢᠭᠤᠨ ᠤ ᠮᠣᠩᠭᠤᠯ ᠣᠯᠠᠮᠵᠢᠯᠠᠯᠳᠣ ᠰᠣᠶᠣᠯ ᠤᠨ ᠨᠡᠶᠢᠭᠡᠮᠯᠢᠭ  ᠤᠨ ᠲᠡᠳ᠋ ᠨᠠᠷᠢᠨ ᠪᠢᠴᠢᠭ ᠤᠨ ᠲᠠᠷᠤᠭ᠎ᠠ᠂ ᠠᠯᠪᠠᠨ ᠭᠡᠷ ᠤᠨ ᠡᠷᠬᠢᠯᠡᠭᠴᠢ᠂ ᠣᠳᠬ᠎ᠠ ᠣᠷᠯᠢᠭ ᠤᠨ ᠬᠤᠪᠢᠶᠠᠷᠢ ᠨᠡᠶᠢᠭᠡᠮᠯᠢᠭ ᠤᠨ ᠲᠡᠳ᠋ ᠲᠡᠷᠢᠭᠦᠯᠡᠭᠴᠢ ᠵᠡᠷᠭᠡ ᠨᠡᠶᠢᠭᠡᠮ ᠨᠡᠶᠢᠳᠡ ᠶᠢᠨ ᠲᠣᠰᠢᠶᠠᠯ ᠤᠳ ᠢ ᠬᠠᠪᠰᠣᠷᠭᠠᠨ ᠬᠠᠷᠢᠭᠤᠴᠠᠵᠣ ᠪᠣᠢ᠃   ᠰᠣᠷᠭᠠᠭᠤᠯᠢ᠂ ᠭᠠᠴᠠᠭ᠎ᠠ ᠰᠣᠮᠣ᠂ ᠬᠤᠰᠢᠭᠤ ᠪᠠᠶᠢᠭᠤᠯᠭ᠎ᠠ ᠪᠠᠷ ᠠᠵᠢᠯᠯᠠᠵᠦ ᠦᠩᠭᠡᠷᠡᠭᠰᠡᠨ ᠪᠦᠭᠡᠳ ᠣᠳᠣ ᠬᠤᠰᠢᠭᠤ ᠦᠨᠳᠦᠰᠦᠳᠡᠨ ᠱᠠᠰᠢᠨ ᠰᠣᠷᠳᠠᠬᠤᠨ ᠤ ᠲᠣᠪᠴᠢᠶ᠎ᠠ ᠳᠤ ᠠᠯᠪᠠᠯᠠᠵᠦ ᠪᠣᠢ᠃        
 
ᠢᠷᠡᠯᠲᠡ᠄ ᠲᠠᠭᠤᠳᠠᠭᠠᠴᠢ ᠠᠯᠳᠠᠨ᠋ᠧᠴᠢᠷ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号