ᠨᠤᠲᠤᠭ  ᠤᠨ  ᠮᠢᠨᠢ  ᠬᠠᠷᠭᠠᠨ᠎ᠠ
ᠨᠡᠶᠢᠲᠡᠯᠡᠭᠰᠡᠨ ᠴᠠᠭ᠄
2020/11/3
              ᠪᠠ᠊᠂ ᠣᠳᠽᠡᠷᠪᠢ ᠪᠣᠯ  ᠬᠥᠳᠡᠭᠡ ᠨᠤᠲᠤᠭ ᠲᠤ ᠲᠦᠷᠦᠵᠦ ᠦᠰᠦᠭᠰᠡᠨ ᠪᠤᠷᠤᠭᠵᠢᠭᠤᠨ ᠬᠠᠷ᠎ᠠ ᠪᠣᠷᠤ ᠬᠦᠦ ᠶᠤᠮᠰᠠᠨ᠃ ᠮᠢᠨᠦ ᠨᠤᠲᠤᠭ ᠲᠤ ᠬᠠᠪᠤᠷ ᠤᠨ ᠠᠭᠤᠷ ᠢ ᠬᠠᠮᠤᠭ ᠡᠷᠲᠡ ᠮᠡᠳᠡᠭᠡᠯᠡᠳᠡᠭ ᠨᠢ ᠳᠠᠷᠤᠢ ᠨᠤᠲᠤᠭ ᠤᠨ ᠡᠷᠳᠡᠨᠢ ᠬᠠᠷᠭᠠᠨ᠎ᠠ ᠪᠣᠯᠤᠨ᠎ᠠ᠃ᠨᠠᠷᠠᠨ ᠤ ᠭᠡᠷᠡᠯ᠂ ᠭᠠᠵᠠᠷ ᠤᠨ ᠰᠢᠮ᠎ᠡ᠂ ᠠᠭᠠᠷ ᠤᠰᠤ ᠨᠠᠶᠢᠷᠠᠮᠳᠠᠨ ᠵᠣᠬᠢᠴᠠᠭᠰᠠᠨ ᠤ ᠬᠦᠴᠦ ᠪᠠᠷ ᠨᠤᠲᠤᠭ ᠤᠨ ᠡᠷᠳᠡᠨᠢ ᠬᠠᠷᠭᠠᠨ᠎ᠠ ᠤᠷᠭᠤᠨ ᠳᠡᠯᠭᠡᠷᠡᠭᠡᠳ ᠨᠠᠷᠠᠲᠤ ᠡᠨᠡ ᠣᠷᠴᠢᠯᠠᠩ ᠢ ᠠᠮᠢᠯᠠᠯ ᠲᠠᠢ ᠦᠵᠡᠮᠵᠢ ᠰᠠᠶᠢᠲᠠᠢ ᠪᠣᠯᠭᠠᠳᠠᠭ ᠶᠤᠮ ᠡ᠃ᠪᠠᠭ᠎ᠠ ᠨᠠᠰᠤᠨ ᠳᠠᠭᠠᠨ ᠪᠢ ᠦᠷᠬᠦᠯᠵᠢ ᠠᠬ᠎ᠠ ᠲᠠᠢ ᠪᠠᠨ ᠬᠠᠮᠲᠦ ᠮᠠᠩᠬᠠᠨ ᠳᠤ ᠭᠠᠷᠴᠦ ᠠᠯᠠᠭᠳᠠᠭ᠎ᠠ ᠵᠤᠷᠠᠮ᠎ᠠ ᠬᠦᠭᠡᠭᠡᠵᠦ ᠭᠦᠶᠦᠵᠦ ᠶᠠᠪᠤᠬᠤ ᠳᠠᠭᠠᠨ ᠮᠠᠩᠬᠠᠨ ᠤ ᠣᠷᠣᠢ᠂ ᠵᠣ ᠶᠢᠨ ᠭᠥᠳᠥᠯ ᠳᠡᠭᠡᠷ᠎ᠡ ᠠᠴᠠ ᠬᠡᠰᠡᠭ ᠬᠡᠰᠡᠭ ᠰᠢᠷᠭᠠᠯ ᠥᠩᠭᠡ ᠲᠠᠢ ᠬᠠᠷᠭᠠᠨ᠎ᠠ ᠬᠡᠦᠬᠡᠳ ᠪᠢᠳᠡᠨ ᠢ ᠶᠠᠭ ᠳᠠᠯᠠᠯᠠᠵᠦ ᠪᠠᠶᠢᠬᠤ ᠮᠡᠲᠦ ᠨᠠᠶᠢᠭᠤᠨ ᠤᠷᠭᠤᠵᠤ᠂ ᠬᠠᠷᠭᠠᠨ᠎ᠠ ᠶᠢᠨ ᠬᠠᠵᠠᠭᠤ ᠳᠤ ᠨᠠᠷᠠᠨ ᠳᠤ ᠪᠡᠶ᠎ᠡ ᠪᠠᠨ ᠡᠭᠡᠭᠡᠵᠦ᠂ ᠬᠠᠷᠭᠠᠨ᠎ᠠ ᠪᠠᠨ ᠭᠠᠶᠢᠬᠠᠵᠤ  ᠱᠤᠬᠤᠭᠤᠷᠬᠠᠨ ᠬᠡᠪᠳᠡᠬᠦ ᠳᠤ ᠶᠠᠭᠤᠲᠠᠢ ᠵᠢᠷᠭᠠᠯᠲᠠᠢ ᠪᠠᠶᠢᠯ᠎ᠠ᠃ᠲᠡᠷᠡ ᠬᠦ ᠵᠢᠭᠳᠡ ᠲᠡᠭᠰᠢ ᠥᠳᠭᠡᠷᠡᠵᠦ᠂ ᠢᠭᠴᠤ ᠪᠤᠲᠠᠯᠢᠭ ᠮᠦᠷᠳᠡᠭᠡᠨ ᠡᠷᠭᠢᠨ ᠲᠣᠭᠤᠷᠢᠨ ᠤ ᠪᠠᠨ ᠦᠵᠡᠮᠵᠢ ᠠᠬᠤᠢ ᠠᠴᠠ ᠡᠷᠡᠰ ᠢᠯᠭᠠᠭᠳᠠᠭᠰᠠᠨ ᠰᠢᠷᠭᠠᠯ ᠥᠩᠭᠡ᠂ ᠦᠴᠦᠬᠡᠨ ᠴᠤ ᠭᠬᠢᠷ ᠪᠤᠷᠳᠠᠭ ᠦᠭᠡᠢ᠂ ᠬᠤᠯᠢᠴᠡ ᠦᠭᠡᠢ ᠰᠢᠵᠢᠷ ᠥᠩᠭᠡ ᠶᠢ ᠤᠳᠠᠭᠠᠨ ᠰᠢᠷᠳᠡᠵᠦ ᠤᠲᠠᠲᠠᠯ᠎ᠠ ᠱᠤᠬᠤᠭᠤᠷᠬᠠᠬᠤ ᠳᠠᠭᠠᠨ ᠪᠢ ᠥᠪᠡᠷ ᠤᠨ ᠡᠷᠬᠡ ᠦᠭᠡᠢ ᠥᠷᠦ ᠵᠢᠷᠦᠬᠡ ᠪᠠᠨ ᠨᠡᠪᠲᠡ ᠰᠢᠩᠭᠡᠭᠡᠴᠢᠭᠡᠶ᠎ᠡ ᠭᠡᠵᠦ ᠶᠡᠭᠡ ᠯᠡ ᠰᠠᠨᠠᠳᠠᠭ ᠠᠵᠠᠢ᠃ ᠴᠡᠴᠡᠭᠯᠡᠨ ᠳᠡᠯᠭᠡᠷᠡᠭᠡᠳ ᠵᠤᠯᠭᠠᠷᠠᠬᠤ ᠪᠤᠯᠲᠠᠯ᠎ᠠ ᠡᠭᠦᠷᠢᠳᠡ ᠰᠢᠷᠭᠠᠯ ᠥᠩᠭᠡ ᠪᠠᠷ ᠢᠶᠠᠨ ᠮᠦᠰᠢᠶᠡᠵᠦ ᠪᠠᠶᠢᠳᠠᠭ ᠴᠡᠪᠡᠷ ᠴᠢᠨᠠᠷ ᠢ ᠡᠴᠢᠭᠡ ᠲᠡᠭᠷᠢ ᠠᠴᠠ ᠭᠠᠭᠴᠠ ᠬᠦ ᠮᠢᠨᠦ ᠨᠤᠲᠤᠭ ᠤᠨ ᠡᠷᠳᠡᠨᠢ ᠬᠠᠷᠭᠠᠨ᠎ᠠ ᠳᠤ ᠯᠡ ᠰᠠᠶ᠋ᠢ ᠢᠪᠡᠭᠡᠭᠰᠡᠨ ᠪᠠᠶᠢᠵᠠᠢ᠃ ᠬᠠᠷᠭᠠᠨ᠎ᠠ ᠭᠡᠵᠦ ᠥᠳᠦᠨ ᠬᠡᠯᠪᠡᠷᠢᠲᠠᠢ ᠨᠡᠶᠢᠯᠡᠮᠡᠯ ᠬᠤᠣᠰ ᠵᠢᠵᠢᠭ ᠨᠠᠪᠴᠢ ᠲᠠᠢ᠂ ᠨᠠᠪᠴᠢ ᠶᠢᠨ ᠬᠢᠨᠢ ᠤᠭ ᠲᠤᠨᠢ ᠢᠮᠠᠭᠠᠨ ᠤ ᠡᠪᠡᠷ ᠰᠢᠭ ᠬᠤᠶᠠᠷ ᠰᠠᠯᠠᠭ᠎ᠠ ᠥᠷᠭᠡᠰᠦ ᠲᠠᠢ᠂ ᠳᠠᠩ ᠴᠡᠴᠡᠭ ᠳᠡᠯᠭᠡᠷᠡᠳᠡᠭ ᠪᠤᠲᠠᠯᠢᠭ ᠤᠷᠭᠤᠮᠠᠯ ᠪᠠᠶᠢᠵᠠᠢ᠃ ᠲᠡᠭᠦᠨ ᠤ ᠠᠮᠢ ᠨᠠᠰᠤ ᠤᠷᠲᠤ ᠪᠠᠶᠢᠳᠠᠭ ᠶᠤᠮ᠃ ᠬᠠᠪᠲᠠᠭᠠᠢ ᠨᠣᠭᠤᠭᠠᠨ ᠥᠩᠭᠡᠲᠡᠢ ᠵᠢᠵᠢᠭ ᠬᠢᠲᠤᠭ᠎ᠠ ᠬᠡᠯᠪᠡᠷᠢᠲᠦ ᠵᠢᠮᠢᠰ ᠰᠠᠭᠤᠨ᠎ᠠ᠃ ᠵᠢᠮᠢᠰ ᠨᠢ ᠪᠤᠯᠪᠠᠰᠤᠷᠠᠪᠠᠯ ᠤᠯᠠᠭᠠᠨ ᠬᠦᠷᠡᠩ ᠥᠩᠭᠡᠲᠡᠢ ᠪᠣᠯᠤᠨ᠎ᠠ᠃ ᠬᠠᠷᠭᠠᠨ᠎ᠠ ᠦᠨᠳᠦᠰᠦ ᠪᠠᠨ ᠬᠦᠷᠦᠰᠦᠨ ᠳᠤ ᠪᠠᠨ ᠬᠠᠳᠬᠤᠵᠤ᠂ ᠬᠦᠷᠦᠰᠦᠨ ᠳᠣᠣᠷᠠᠬᠢ ᠤᠰᠤ ᠶᠢ ᠪᠡᠶ᠎ᠡ ᠳᠡᠭᠡᠨ ᠰᠣᠷᠤᠵᠤ ᠠᠪᠳᠠᠭ ᠠᠴᠠ ᠭᠠᠩ ᠬᠠᠭᠤᠷᠠᠢ ᠳᠤ ᠲᠤᠶᠢᠯ ᠤᠨ ᠲᠡᠰᠪᠦᠷᠢᠲᠠᠢ᠃ ᠬᠦᠳᠡᠭᠡ ᠨᠤᠲᠤᠭ ᠲᠤ ᠪᠣᠯ ᠲᠦᠯᠡᠰᠢ ᠬᠢᠵᠦ ᠪᠣᠯᠳᠠᠭ᠂ ᠨᠡᠩ ᠴᠢᠬᠤᠯᠠ ᠨᠢ ᠡᠯᠡᠰᠦ ᠮᠠᠩᠬ᠎ᠠ ᠶᠢ ᠲᠣᠭᠳᠠᠪᠤᠷᠢᠵᠢᠭᠤᠯᠵᠤ ᠨᠣᠭᠤᠭᠤᠷᠠᠭᠤᠯᠬᠤ ᠳᠤ ᠶᠡᠭᠡ ᠬᠤᠪᠢ ᠨᠡᠮᠡᠷᠢ ᠦᠵᠡᠭᠦᠯᠳᠡᠭ ᠢᠶᠠᠷ ᠪᠠᠷᠠᠬᠤ ᠦᠭᠡᠢ ᠲᠡᠭᠦᠨ ᠤ ᠦᠨᠳᠦᠰᠦ ᠨᠢ ᠴᠦ ᠡᠮ ᠳᠤ ᠣᠷᠤᠳᠠᠭ ᠶᠤᠮ᠃ᠬᠠᠷᠭᠠᠨ᠎ᠠ ᠶᠢᠨ ᠮᠦᠴᠢᠷ ᠰᠠᠯᠠᠭ᠎ᠠ ᠨᠢ ᠨᠢᠭᠡ ᠨᠢᠭᠡ ᠪᠠᠷ ᠳᠡᠭᠡᠭᠰᠢ ᠰᠡᠷᠡᠶᠢᠵᠦ ᠤᠷᠭᠤᠬᠤ ᠮᠦᠷᠳᠡᠭᠡᠨ ᠶᠡᠷᠦ ᠠᠴᠠ ᠰᠠᠯᠵᠤ ᠰᠠᠯᠪᠠᠷᠠᠳᠠᠭ ᠦᠭᠡᠢ᠂ ᠰᠠᠨᠠᠭ᠎ᠠ ᠵᠣᠷᠢᠭ ᠨᠢᠭᠡᠲᠡᠢ ᠪᠠᠶᠢᠳᠠᠭ ᠵᠠᠩ ᠴᠢᠨᠠᠷ ᠨᠢ ᠶᠠᠭᠤᠲᠠᠢ ᠡᠷᠬᠢᠮ ᠪᠣᠢ︕ ᠲᠡᠷᠡ ᠭᠠᠵᠠᠷ ᠳᠡᠯᠡᠬᠡᠢ᠂ ᠤᠷᠭᠤᠵᠤ ᠲᠦᠯᠵᠢᠭᠰᠡᠨ ᠣᠷᠤᠨ ᠨᠤᠲᠤᠭ ᠲᠠᠭᠠᠨ ᠪᠦᠭᠡᠯᠢᠭ ᠦᠨᠳᠦᠰᠦ ᠪᠠᠨ ᠭᠦᠨ ᠬᠠᠳᠬᠤᠵᠤ᠂ ᠭᠤᠶᠣ ᠰᠠᠶᠢᠬᠠᠨ ᠨᠠᠪᠴᠢ ᠴᠡᠴᠡᠭ ᠢᠶᠠᠷ ᠢᠶᠠᠨ ᠨᠣᠭᠤᠭᠠᠨ ᠪᠠᠶᠢᠭᠠᠯᠢ ᠪᠠᠨ ᠴᠢᠮᠡᠵᠦ᠂ ᠡᠬᠡ ᠨᠤᠲᠤᠭ ᠤᠨ ᠮᠢᠨᠢ ᠠᠮᠢᠯᠠᠯ ᠤᠨ ᠰᠢᠳᠤᠷᠭᠤ ᠬᠠᠮᠠᠭᠠᠯᠠᠭᠴᠢ ᠪᠣᠯᠵᠦ ᠪᠠᠶᠢᠳᠠᠭ ᠡ︕ᠲᠠᠪᠤᠨ ᠰᠠᠷ᠎ᠠ ᠶᠢᠨ ᠨᠢᠭᠡᠨ ᠤ ᠠᠮᠠᠷᠠᠯᠲᠠ ᠪᠠᠷ ᠪᠢ ᠭᠡᠷ ᠲᠡᠭᠡᠨ ᠬᠠᠷᠢᠵᠦ ᠨᠢᠭᠡᠨ ᠡᠳᠦᠷ ᠠᠪᠤ ᠪᠠᠨ ᠣᠷᠤᠯᠠᠨ ᠬᠦᠳᠡᠭᠡ ᠬᠡᠭᠡᠷ᠎ᠡ ᠬᠤᠨᠢ ᠬᠠᠷᠢᠭᠤᠯᠬᠤ ᠪᠠᠷ ᠭᠠᠷᠪᠠ᠃ ᠬᠠᠪᠤᠷ ᠤᠨ ᠤᠷᠢᠨ ᠰᠠᠶ᠋ᠢ ᠡᠬᠢᠯᠡᠵᠦ ᠪᠠᠶᠢᠭ᠎ᠠ ᠤᠴᠢᠷ ᠠᠴᠠ ᠨᠠᠷᠢᠨ ᠨᠣᠭᠤᠭ᠎ᠠ ᠡᠪᠡᠰᠦ ᠠᠷᠠᠢ ᠭᠡᠵᠦ ᠰᠣᠶᠣᠭᠠᠯᠠᠨ ᠥᠩᠭᠡ ᠦᠵᠡᠮᠵᠢ ᠰᠠᠶᠢᠬᠠᠨ ᠪᠦᠷᠢᠳᠦᠭᠡᠳᠦᠢ ᠪᠠᠶᠢᠬᠤ ᠳᠤ ᠭᠠᠭᠴᠠ ᠬᠦ ᠨᠤᠲᠤᠭ ᠤᠨ ᠡᠷᠳᠡᠨᠢ  ᠬᠠᠷᠭᠠᠨ᠎ᠠ ᠨᠠᠪᠴᠢᠯᠠᠵᠤ ᠨᠣᠭᠤᠭᠠᠷᠠᠭᠠᠳ᠂ ᠰᠢᠪᠠᠭᠤᠨ ᠳᠡᠭᠳᠡᠭᠡᠬᠡᠢ ᠰᠢᠭ ᠠᠩᠭᠢᠷ ᠰᠢᠷ᠎ᠠ ᠴᠡᠴᠡᠭ ᠪᠠᠭᠰᠠᠶᠢᠨ ᠳᠡᠯᠭᠡᠷᠡᠵᠦ ᠪᠠᠶᠢᠯ᠎ᠠ᠃ ᠪᠢ ᠪᠠᠭ᠋ᠠᠷᠬᠠᠨ ᠬᠠᠶᠢᠷᠠᠯᠠᠵᠤ ᠭᠠᠷ ᠢᠶᠠᠨ ᠬᠠᠳᠬᠤᠭᠤᠯᠴᠢᠬᠠᠬᠤ ᠪᠠᠨ ᠥᠯᠦ ᠬᠠᠶᠢᠬᠤᠷᠤᠨ᠂ ᠨᠢᠭᠡ ᠰᠢᠷᠬᠡᠭ ᠢ ᠲᠠᠰᠤᠲᠠᠨ ᠠᠪᠤᠭᠠᠳ ᠲᠡᠭᠦᠨ ᠤ ᠬᠤᠪᠢᠷᠠᠰᠢ ᠦᠭᠡᠢ ᠰᠢᠷ᠎ᠠ ᠥᠩᠭᠡ᠂ ᠨᠤᠭᠤᠷᠠᠰᠢ ᠦᠭᠡᠢ ᠬᠠᠲᠠᠨ ᠵᠣᠷᠢᠭ᠂ ᠬᠠᠪᠤᠷ ᠪᠤᠯᠤᠭᠰᠠᠭᠠᠷ ᠯᠡ ᠬᠠᠮᠤᠭ ᠠᠴᠠ ᠲᠡᠷᠢᠭᠦᠨ ᠳᠤ ᠠᠮᠢᠯᠠᠳᠠᠭ ᠠᠮᠢᠵᠢᠷᠠᠯ ᠤᠨ ᠬᠦᠴᠦᠨ ᠢ ᠨᠢ ᠪᠠᠭ᠋ᠠᠷᠬᠠᠨ ᠰᠢᠨᠵᠢᠵᠦ ᠰᠠᠭᠤᠯ᠎ᠠ᠃ᠨᠤᠲᠤᠭ ᠲᠤ ᠮᠢᠨᠢ ᠬᠡᠳᠦᠨ ᠵᠢᠯ ᠠᠲᠠᠷ ᠬᠠᠭᠠᠯᠪᠤᠷᠢᠯᠠᠭᠰᠠᠨ ᠠᠴᠠ ᠪᠣᠯᠵᠦ᠂ ᠡᠯᠡᠰᠦᠨ ᠰᠢᠭᠤᠷᠭ᠎ᠠ ᠪᠣᠰᠬᠤ ᠪᠣᠯᠪᠠ᠃ ᠡᠨᠡ ᠦᠶᠡᠰ ᠮᠠᠨ ᠤ ᠨᠤᠲᠤᠭ ᠤᠨ ᠬᠢᠨ ᠮᠣᠳᠤ ᠵᠠᠶᠢᠯᠠᠬᠤ ᠪᠠ ᠬᠠᠷᠭᠠᠨ᠎ᠠ ᠲᠠᠷᠢᠬᠤ  ᠬᠦᠳᠡᠯᠭᠡᠭᠡᠨ ᠦᠷᠨᠢᠭᠦᠯᠵᠦ ᠡᠬᠢᠯᠡᠪᠡ᠃ ᠨᠤᠲᠤᠭ ᠤᠨ ᠬᠦᠮᠦᠰ ᠡᠨᠡ ᠦᠶᠡᠰ ᠠᠴᠠ ᠡᠬᠢᠯᠡᠵᠦ ᠬᠠᠷᠭᠠᠨ᠎ᠠ ᠪᠠᠨ ᠨᠡᠩ ᠴᠦ ᠬᠠᠶᠢᠷᠠᠯᠠᠵᠤ ᠬᠠᠮᠠᠭᠠᠯᠠᠬᠤ ᠪᠣᠯᠤᠭᠰᠠᠨ ᠪᠦᠭᠡᠳ ᠪᠣᠷᠤ ᠬᠦᠦ ᠪᠢ ᠴᠦ ᠬᠠᠷᠭᠠᠨ᠎ᠠ ᠪᠠᠨ ᠬᠤᠭᠤᠯᠵᠤ ᠲᠠᠰᠤᠲᠠᠬᠤ ᠠᠴᠠ ᠨᠡᠩ ᠴᠦ ᠬᠢᠴᠢᠶᠡᠳᠡᠭ ᠪᠣᠯᠤᠭᠰᠠᠨ ᠶᠤᠮ  ᠃ᠡᠩ ᠦᠭᠡᠢ ᠪᠠᠶᠢᠭᠠᠯᠢ ᠶᠢᠨ ᠲᠤᠭ᠎ᠠ ᠦᠭᠡᠢ ᠠᠷᠪᠢᠨ ᠤᠷᠭᠤᠮᠠᠯ ᠠᠴᠠ ᠲᠣᠭᠤᠵᠤ ᠪᠠᠭ᠋ᠠᠷᠬᠠᠭᠰᠠᠨ ᠨᠢ ᠭᠠᠭᠴᠠ ᠬᠦ ᠨᠤᠲᠤᠭ ᠤᠨ ᠡᠷᠳᠡᠨᠢ ᠬᠠᠷᠭᠠᠨ᠎ᠠ ᠶᠢ ᠮᠠᠷᠲᠠᠵᠤ ᠴᠢᠳᠠᠬᠤ ᠦᠭᠡᠢ᠂ ᠮᠠᠷᠲᠠᠵᠤ ᠴᠦ ᠪᠣᠯᠳᠠᠭ ᠦᠭᠡᠢ ᠨᠢ ᠪᠠᠰᠠ ᠤᠴᠢᠷ  ᠲᠠᠢ ᠶᠤᠮ ᠡ᠃ ᠮᠠᠩᠬᠠᠨ ᠳᠤᠮᠳᠠᠬᠢ ᠭᠤᠸ᠎ᠠ ᠬᠡᠦᠬᠡᠨ ᠬᠠᠷᠭᠠᠨ᠎ᠠ ᠠᠴᠠ ᠨᠤᠲᠤᠭ ᠤᠨ ᠠᠷᠠᠳ ᠤᠨ ᠬᠠᠭᠤᠴᠢ ᠵᠣᠭᠤᠭ ᠂ ᠬᠦᠭᠡᠷᠦᠭᠦᠢ ᠬᠡᠦᠬᠡᠳ ᠤᠨ ᠪᠠᠶᠠᠷᠲᠦ ᠢᠨᠢᠶᠡᠲᠦ᠂ ᠮᠢᠨᠦ ᠠᠪᠤ ᠶᠢᠨ ᠡᠷᠬᠢᠮ ᠰᠤᠷᠭᠠᠯ ᠥᠪᠡᠷ ᠤᠨ ᠡᠷᠬᠡ ᠦᠭᠡᠢ ᠡᠷᠭᠢᠴᠡᠭᠦᠯᠦᠭᠳᠡᠨ᠎ᠡ᠂᠂᠂᠂ᠡᠪᠦᠭᠡ ᠭᠡᠵᠦ ᠦᠯᠢᠭᠡᠷ ᠲᠡᠦᠬᠡ ᠶᠢ ᠰᠠᠶᠢᠨ ᠶᠠᠷᠢᠳᠠᠭ ᠯᠡ ᠬᠦᠮᠦᠨ᠃ ᠦᠷᠬᠦᠯᠵᠢ ᠠᠬ᠎ᠠ ᠳᠡᠭᠦᠦ ᠪᠢᠳᠡ ᠵᠢᠷᠭᠤᠭᠤᠯᠠ ᠳᠤ ᠬᠠᠷᠭᠠᠨ᠎ᠠ ᠶᠢᠨ ᠦᠯᠢᠭᠡᠷ ᠢᠶᠠᠷ ︽ᠭᠤᠸ᠎ᠠ ᠰᠠᠶᠢᠬᠠᠨ ᠪᠣᠯ ᠪᠣᠷᠤᠭᠵᠢᠭᠤᠨ ᠪᠠᠶᠢᠳᠠᠭ᠃ ᠦᠨᠡᠨ ᠶᠣᠰᠤ ᠪᠣᠯ ᠪᠣᠷᠤᠭᠵᠢᠭᠤᠨ ᠪᠠᠶᠢᠳᠠᠭ᠃ ᠪᠣᠷᠤᠭᠵᠢᠭᠤᠨ᠂ ᠭᠤᠸ᠎ᠠ ᠰᠠᠶᠢᠬᠠᠨ ᠯᠡ ᠪᠣᠯ ᠬᠦᠮᠦᠰ ᠤᠨ ᠰᠡᠳᠭᠢᠯ ᠢ ᠬᠦᠳᠡᠯᠭᠡᠵᠦ ᠴᠢᠳᠠᠳᠠᠭ᠃ ᠬᠠᠷᠭᠠᠨ᠎ᠠ ᠶᠢᠨ ᠪᠣᠷᠤᠭᠵᠢᠭᠤᠨ ᠭᠤᠸ᠎ᠠ ᠰᠢᠷᠭᠠᠯ ᠴᠡᠴᠡᠭᠡᠰ ᠨᠢ ᠰᠣᠪᠤᠳ ᠤᠨ ᠭᠢᠯᠪᠠᠭ᠎ᠠ ᠰᠢᠭ᠋ ᠬᠦᠮᠦᠰ ᠤᠨ ᠰᠡᠳᠬᠢᠯ ᠢ ᠠᠮᠤᠷᠵᠢᠭᠤᠯᠳᠠᠭ᠂᠂᠂᠂︾ ᠭᠡᠵᠦ ᠬᠠᠭᠤᠴᠢᠯᠠᠵᠤ ᠶᠠᠷᠢᠳᠠᠭ ᠰᠠᠨ᠃ᠪᠢ ᠠᠪᠤ ᠪᠠᠨ ᠳᠠᠭᠠᠵᠤ ᠬᠦᠳᠡᠭᠡ ᠬᠡᠭᠡᠷ᠎ᠡ ᠠᠷᠭᠠᠯ ᠲᠡᠭᠦᠭᠦ ᠪᠠᠷ ᠭᠠᠷᠤᠭᠠᠳ ᠬᠠᠷᠭᠠᠨ᠎ᠠ ᠶᠢᠨ ᠦᠷᠦᠭᠡᠰᠦᠨ ᠳᠤ ᠬᠤᠷᠤᠭᠤ ᠪᠠᠨ ᠬᠠᠳᠬᠤᠭᠤᠯᠤᠨ ᠤᠬᠢᠯᠠᠵᠤ ᠶᠠᠪᠤᠭᠰᠠᠨ ᠦᠯᠢᠭᠡᠷ ᠲᠠᠢ ᠪᠦᠭᠡᠳ ᠬᠤᠷᠤᠰᠴᠦ ᠶᠠᠪᠤᠭᠰᠠᠨ ᠴᠦ ᠲᠡᠦᠬᠡ  ᠲᠠᠢ ᠶᠤᠮ  ᠃ ᠨᠤᠲᠤᠭ ᠤᠨ ᠮᠢᠨᠢ ᠬᠠᠷᠭᠠᠨ᠎ᠠ ᠠᠮᠢᠯᠠᠯ ᠤᠨ ᠬᠦᠴᠦᠨ ᠲᠠᠢ ᠤᠷᠭᠤᠮᠠᠯ ᠪᠠᠶᠢᠳᠠᠭ ᠠᠴᠠ ᠶᠤᠮ  ︖ ᠬᠠᠲᠠᠭᠤ ᠪᠡᠷᠬᠡ ᠰᠠᠷ᠎ᠠ ᠡᠲᠦᠷ ᠲᠤ ᠠᠪᠤ ᠮᠢᠨᠢ ᠬᠠᠷᠭᠠᠨ᠎ᠠ ᠶᠢᠨ ᠬᠠᠯᠠ ᠶᠢ ᠠᠮᠰᠠᠵᠤ ᠶᠠᠪᠤᠭᠰᠠᠨ ᠲᠡᠦᠬᠡ ᠲᠠᠢ ᠪᠠᠶᠢᠭᠰᠠᠨ ᠠᠴᠠ ᠪᠣᠯᠪᠠ︖ ᠨᠠᠲᠠᠲᠤ ︽ᠬᠠᠷᠭᠠᠨ᠎ᠠ︾ ᠭᠡᠰᠡᠨ ᠨᠡᠷ᠎ᠡ ᠬᠠᠶᠢᠷᠠᠯᠠᠭᠰᠠᠨ ᠰᠢᠦ᠃ ᠥᠨᠦᠳᠦᠷ ᠡᠬᠡ ᠪᠠᠶᠢᠭᠠᠯᠢ ᠶᠢᠨ ᠨᠠᠨᠳᠢᠨ ᠬᠡᠰᠡᠭ ᠢ ᠬᠦᠷᠲᠡᠵᠦ᠂ ᠡᠪᠦᠭᠡ ᠶᠢᠨ ᠮᠢᠨᠢ ᠦᠯᠢᠭᠡᠷ ᠤᠨ ᠤᠳᠬ᠎ᠠ ᠤᠴᠢᠷ ᠢ ᠤᠶᠢᠯᠭᠠᠬᠤ ᠪᠣᠯᠤᠭᠰᠠᠨ ᠳᠠᠭᠠᠨ ᠪᠢ ᠨᠤᠲᠤᠭ ᠤᠨ ᠡᠷᠳᠡᠨᠢ ᠬᠠᠷᠭᠠᠨ᠎ᠠ ᠪᠠᠨ ᠦᠨᠡᠨ ᠰᠡᠳᠭᠢᠯ ᠠᠴᠠ ᠪᠠᠨ ᠬᠠᠶᠢᠷᠠᠯᠠᠬᠤ ᠪᠣᠯᠤᠭᠰᠠᠨ ᠶᠤᠮ  ᠃ᠶᠠᠭ ᠡᠶᠢᠮᠦ ᠠᠴᠠ ᠥᠪᠡᠷ ᠤᠨ ᠪᠡᠶ᠎ᠡ ᠪᠠᠨ ᠬᠠᠷᠭᠠᠨ᠎ᠠ ᠠᠳᠠᠯᠢ ᠰᠦᠰᠦᠯᠢᠭ ᠬᠠᠲᠠᠭᠤ᠂ ᠨᠤᠲᠤᠭ ᠤᠰᠤᠨ ᠳᠠᠭᠠᠨ ᠡᠭᠡᠯᠢᠲᠠᠢ ᠮᠦᠷᠳᠡᠭᠡᠨ ᠲᠦᠷᠦᠭᠰᠡᠨ ᠨᠤᠲᠤᠭ ᠢᠶᠠᠨ ᠭᠡᠵᠦ ᠬᠦᠮᠦᠵᠢᠭᠳᠡᠬᠦ ᠶᠢ ᠡᠷᠢᠯ ᠬᠦᠰᠡᠯ ᠪᠣᠯᠭᠠᠵᠤ ᠢᠷᠡᠭᠰᠡᠨ ᠶᠤᠮ  ᠃ᠴᠠᠭ ‍ᠤᠨ‌‍ᠰᠠᠶᠢᠬᠠᠨ ᠵᠤᠨ᠂ ᠨᠠᠰᠤᠨ ᠤ ᠰᠠᠶᠢᠬᠠᠨ ᠨᠠᠮᠤᠷ︕ ᠮᠠᠨᠳᠤᠵᠤ ᠪᠠᠶᠢᠭ᠎ᠠ ᠴᠠᠭ ᠦᠶ᠎ᠡ᠂ ᠦᠲᠡᠯᠡᠵᠦ ᠶᠠᠪᠤᠭ᠎ᠠ ᠨᠠᠰᠤᠨ ᠳᠤ ᠨᠤᠲᠤᠭ ᠤᠨ ᠮᠢᠨᠢ ᠬᠠᠷᠭᠠᠨ᠎ᠠ ᠥᠪᠡᠷ ᠤᠨ ᠡᠷᠬᠡ ᠦᠭᠡᠢ ᠪᠤᠳᠤᠭᠳᠠᠵᠤ᠂  ᠲᠣᠭᠤᠰᠤᠲᠦ ᠡᠨᠡ ᠶᠢᠷᠳᠢᠨᠴᠦ ᠳᠤ ᠲᠣᠭᠤᠰᠤ ᠬᠦᠳᠡᠯᠭᠡᠵᠦ ᠶᠠᠪᠤᠬᠤ ᠳᠠᠭᠠᠨ ᠡᠨᠡ ᠪᠡᠶ᠎ᠡ ᠪᠠᠨ ᠬᠠᠷᠭᠠᠨ᠎ᠠ ᠰᠢᠭ᠋ ᠬᠠᠲᠠᠨ ᠵᠣᠷᠢᠭ ᠲᠠᠢ᠂ ᠲᠠᠯᠠᠢ ᠰᠢᠭ᠋ ᠳᠡᠯᠭᠡᠷ ᠡᠷᠳᠡᠮ ᠢᠶᠠᠷ ᠴᠢᠮᠡᠵᠦ᠂ ᠰᠢᠯᠦᠭ ᠤᠶᠠᠩᠭ᠎ᠠ ᠪᠠᠨ ᠪᠢᠴᠢᠵᠦ ᠶᠠᠪᠤᠶ᠎ᠠ ᠳ᠋ᠠ︕ᠬᠠᠷᠭᠠᠨ᠎ᠠ ᠨᠤᠲᠤᠭ ᠤᠨ ᠮᠢᠨᠢ ᠡᠷᠳᠡᠨᠢ ᠬᠡᠰᠢᠭ᠂ ᠰᠣᠨᠤᠰᠴᠦ ᠶᠠᠪᠤᠭᠰᠠᠨ ᠡᠪᠦᠭᠡ ᠶᠢᠨ ᠮᠢᠨᠢ ᠦᠯᠢᠭᠡᠷ ᠲᠡᠦᠬᠡ᠂ ᠤᠬᠢᠯᠠᠵᠤ ᠶᠠᠪᠤᠭᠰᠠᠨ ᠪᠠᠭ᠎ᠠ ᠨᠠᠰᠤᠨ ᠤ ᠮᠢᠨᠢ ᠮᠠᠷᠲᠠᠭᠳᠠᠰᠢ ᠦᠭᠡᠢ ᠳᠤᠷᠠᠳᠬᠠᠯ᠂  ᠬᠤᠷᠸ᠎ᠠ ᠶᠢᠷᠳᠢᠨᠴᠦ ᠳᠤ ᠢᠨᠢᠶᠡᠵᠦ ᠶᠠᠪᠤᠬᠤ ᠮᠠᠷᠭᠠᠰᠢ ᠶᠢᠨ ᠮᠢᠨᠢ ᠠᠮᠢ ᠨᠠᠰᠤ ᠶᠤᠮ ᠡ︕                                                         ᠳᠥᠡᠭᠯᠢᠶᠣᠣ ᠮᠣᠩᠭᠤᠯ ᠥᠨᠳᠥᠰᠥᠳᠡᠨ ᠤ  ᠲᠤᠮᠳᠠᠳᠥ ᠰᠤᠷᠭᠠᠭᠤᠯᠢ ᠶᠢᠨ                                                         ᠮᠣᠩᠭᠤᠯ   ᠬᠡᠯᠡᠨ     ᠤ    ᠵᠢᠭᠠᠨ    ᠰᠤᠷᠭᠠᠬᠤ   ᠲᠤᠭᠤᠶᠢᠯᠠᠩ                                                             姓名:敖斯尔        15750560906  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号