ᠡᠴᠦᠰ ᠤᠨ ᠶᠠᠩᠬᠢᠷ  ︵ᠲᠡᠭᠡᠳᠦ︶
ᠨᠡᠶᠢᠲᠡᠯᠡᠭᠰᠡᠨ ᠴᠠᠭ᠄
2020/11/3
                                                        ᠭᠤᠤᠯ ᠦᠳᠡ ᠶᠢᠨ ᠭᠠᠯ ᠨᠠᠷᠠᠨ ᠠᠰ ᠲᠡᠭᠡᠷ᠎ᠡ ᠠᠴᠠ ᠲᠦᠬᠡᠨᠡᠭᠰᠡᠨ ᠠᠭᠠᠬᠢᠮ᠎ᠠ ᠵᠤᠨ ᠤ ᠪᠦᠭᠴᠢᠮ ᠬᠠᠯᠠᠭᠤᠨ᠂ ᠠᠮᠢᠳᠠᠨ ᠭᠤᠤᠯᠳᠠᠨ ᠪᠦᠬᠦᠨ ᠢ ᠠᠮᠢᠰᠬᠤᠭ᠎ᠠ ᠠᠪᠤᠭᠤᠯᠬᠤ ᠦᠬᠡᠢ ᠬᠡᠮᠡᠷᠬᠡᠨ ᠠᠷᠭ᠎ᠠ ᠠᠭᠠᠰᠢ ᠶᠢ ᠨᠢ ᠠᠯᠳᠠᠷᠠᠭᠤᠯᠤᠨ᠎ᠠ᠃ᠬᠡᠳᠡᠰᠤ ᠪᠠᠨ ᠴᠢᠷᠦᠭᠰᠡᠨ ᠡᠮ᠎ᠡ ᠶᠠᠩᠬᠢᠷ ᠬᠠᠷᠭᠠᠨ᠎ᠠ ᠮᠤᠳᠤᠨ ᠤ ᠰᠡᠶᠢᠮᠡᠬᠡᠷ ᠰᠡᠬᠦᠳᠡᠷ ᠢ ᠡᠷᠢᠯᠬᠢᠯᠡᠨ ᠠᠮᠢ ᠲᠡᠮᠡᠴᠡᠨ᠎ᠡ᠃ ᠰᠠᠶᠢᠬᠠᠨ ᠬᠠᠨ ᠤ ᠪᠠᠨ ᠰᠠᠷᠢᠳᠠᠭ ᠤᠷᠬᠢᠯ ᠤᠨ ᠪᠡᠷᠬᠡ ᠪᠠᠷᠳᠠᠭ᠎ᠠ ᠬᠢᠬᠡᠳ ᠢᠨᠠᠭ ᠬᠠᠶᠢᠷ᠎ᠠ ᠠᠯᠢ ᠪᠠᠶᠢᠭᠰᠠᠨ ᠢᠶᠠᠨ ᠬᠠᠷᠠᠮ ᠦᠬᠡᠢ ᠡᠷᠬᠦᠳᠡᠭ ᠲᠡᠭᠡ ᠶᠠᠩᠬᠢᠷ ᠤᠨ ᠢᠶᠠᠨ ᠬᠠᠮᠠᠭᠠᠯᠠᠯ ᠢᠶᠠᠷ ᠲᠦᠡᠭᠬᠡᠵᠤ ᠠᠮᠢ ᠭᠤᠤᠯ ᠲᠠᠢ ᠯᠡ ᠦᠯᠡᠳᠡᠭᠰᠡᠨ ᠡᠨᠡ ᠭᠠᠭᠴᠠ ᠡᠮ᠎ᠡ ᠶᠠᠩᠬᠢᠷ᠂ ᠤᠳᠤ ᠲᠠᠪᠤ ᠠᠷᠪᠠᠨ ᠡᠳᠦᠷ ᠲᠠᠢ ᠪᠤᠯ ᠵᠢᠷᠭᠠᠯ ᠵᠤᠪᠠᠯᠠᠩ ᠬᠤᠤᠰᠯᠠᠭᠰᠠᠨ ᠡᠨᠡ ᠬᠦ᠋ ᠡᠷᠢᠶᠡᠨ ᠪᠠᠷᠠᠭᠠᠨ ᠶᠢᠷᠳᠢᠨᠴᠤ ᠳᠤ ᠵᠠᠶᠠᠭᠠᠬᠤ ᠪᠤᠯᠤᠭᠰᠠᠨ ᠡᠩᠬᠦᠷᠡᠢ ᠦᠷ᠎ᠡ ᠪᠠᠨ ᠬᠡᠵᠤ ᠵᠤᠪᠠᠵᠤ ᠵᠦᠳᠡᠨ ᠶᠠᠪᠤᠭ᠎ᠠ ᠠᠵᠠᠢ᠃ᠲᠡᠷᠡ ᠰᠡᠬᠦᠳᠡᠷ ᠲᠠᠭᠠᠨ ᠡᠷᠬᠢᠴᠨᠨ᠎ᠡ᠃ ᠤᠳᠤ ᠢᠳᠡᠬᠡᠳ ᠠᠮᠳᠠ ᠦᠬᠡᠢ᠂ ᠬᠡᠪᠳᠡᠬᠡᠳ ᠨᠤᠶᠢᠷ ᠦᠬᠡᠢ ᠪᠤᠯᠵᠠᠢ᠃ ᠤᠰᠤ᠂ ᠲᠡᠶᠢᠮᠤ ᠡ︕ ᠤᠳᠤ ᠲᠤᠰᠤᠯ ᠤᠰᠤ ᠴᠤ ᠬᠡᠰᠡᠨ ᠤᠯᠤᠭᠠᠳ ᠤᠭᠤᠴᠢᠬᠤ ᠨᠢ ᠬᠦᠬᠡᠷᠦᠬᠦᠢ ᠡᠬᠡ ᠦᠷ᠎ᠡ ᠬᠤᠶᠠᠷ ᠤᠨ ᠠᠮᠢ ᠭᠤᠤᠯ ᠢ ᠠᠪᠤᠷᠠᠬᠤ ᠴᠤᠷ ᠤᠨ ᠭᠠᠭᠴᠠ ᠭᠤᠷᠢᠳᠠᠯ ᠪᠤᠯᠤᠭᠰᠠᠨ ᠨᠢ ᠦᠨᠡᠨᠳᠡᠢ᠃ ᠤᠰᠤᠨ ᠳᠤ ᠶᠠᠪᠤᠳᠠᠭ ᠵᠠᠮ ᠢᠶᠠᠨ ᠡᠮ᠎ᠡ ᠶᠠᠩᠬᠢᠷ ᠲᠤᠳᠤ ᠠᠴᠠ ᠲᠤᠳᠤ ᠴᠡᠬᠡᠵᠢᠯᠡᠵᠤ ᠪᠠᠶᠢᠨ᠎ᠠ᠃ ᠨᠢᠳᠤ ᠪᠠᠨ ᠠᠨᠢᠭᠠᠳ ᠶᠠᠪᠤᠭᠰᠠᠨ ᠴᠤ ᠠᠳᠡᠭᠡ ᠦᠬᠡᠢ ᠬᠦᠷᠬᠦ ᠯᠡ ᠭᠠᠵᠠᠷ᠃ ᠲᠡᠬᠡᠪᠡᠴᠤ ᠲᠡᠷᠡ ᠵᠠᠮ ᠢᠶᠠᠷ ᠲᠡᠷᠡ ᠭᠠᠵᠠᠷ ᠤᠭᠳᠤ ᠤᠴᠢᠵᠤ ᠪᠤᠯᠬᠤ ᠦᠬᠡᠢ ᠬᠡᠳᠡᠭ ᠢᠶᠠᠨ ᠲᠡᠷᠡ ᠨᠡᠩ ᠴᠤ ᠲᠤᠳᠤ ᠠᠴᠠ ᠲᠤᠳᠤ ᠮᠡᠳᠡᠨ᠎ᠡ᠃ᠭᠤᠷᠪᠠᠨ ᠡᠳᠦᠷ ᠤᠨ ᠯᠡ ᠡᠮᠤᠨ᠎ᠡ᠂ ᠲᠡᠭᠡ ᠶᠠᠩᠬᠢᠷ ᠤᠨ ᠢᠶᠠᠨ ᠲᠠᠭᠠᠭᠤᠯᠤᠯ ᠬᠠᠮᠠᠭᠠᠯᠠᠯ ᠢᠶᠠᠷ ᠲᠡᠷᠡ ᠯᠡ ᠵᠠᠮ ᠢᠶᠠᠷ ᠦᠳᠡ ᠶᠢᠨ ᠤᠰᠤᠨ ᠳᠠᠭᠠᠨ ᠶᠠᠪᠤᠭᠰᠠᠨ ᠢᠶᠠᠨ ᠪᠠᠳᠤ ᠴᠡᠬᠡᠵᠢᠯᠡᠵᠤ ᠪᠠᠶᠢᠨ᠎ᠠ ᠰᠢᠣ ᠳ᠋ᠠ᠃᠁ ᠲᠡᠷᠡ ᠤᠰᠤ ᠤᠤᠭᠤᠬᠤ ᠠᠭᠱᠠᠨ ᠳᠤ ᠯᠡ ᠲᠤᠤᠷᠠᠳᠤ ᠤᠷᠤᠰᠬᠠᠯ ᠤᠨ ᠲᠠᠨᠳᠡᠴᠡ ︽ᠱᠤᠷ᠂ ᠱᠤᠷ᠂ ᠱᠤᠷ ᠁︾ ᠬᠡᠬᠦ ᠰᠤᠨᠢᠨ ᠴᠢᠮᠡᠭᠡ ᠠᠨᠢᠷ ᠲᠤᠭᠤᠯᠳᠠᠵᠤ ᠪᠠᠶᠢᠭᠰᠠᠨ ᠢᠶᠠᠨ ᠶᠡᠷᠦ ᠠᠴᠠ ᠦᠨᠦᠷᠳᠦᠭᠳᠡᠵᠤ ᠦᠵᠡᠭᠡ ᠦᠬᠡᠢ ᠨᠢᠯᠤᠭᠤᠨ ᠮᠠᠭᠤᠬᠠᠢ ᠦᠨᠦᠷ ᠬᠠᠮᠠᠷ ᠭᠠᠳᠠᠮ᠎ᠠ ᠰᠡᠩᠬᠢᠨᠡᠵᠡᠢ᠃ ᠪᠠᠶᠢᠳᠠᠯ ᠬᠡᠴᠡᠬᠦᠳᠡᠭᠰᠡᠨ ᠢ ᠬᠤᠷᠴᠠ ᠰᠡᠷᠡᠯ  ᠢᠶᠠᠷ ᠢᠶᠠᠨ ᠪᠠᠷᠤᠭᠯᠠᠭᠰᠠᠨ ᠬᠤᠤᠰ ᠶᠠᠩᠬᠢᠷ ᠵᠡᠷᠬᠡᠳᠡ ᠪᠠᠨ ᠴᠤᠴᠢᠮᠠᠭ ᠡᠷᠬᠢᠵᠤ ᠪᠤᠷᠤ ᠮᠦᠷ ᠢᠶᠠᠷ ᠢᠶᠠᠨ ᠪᠤᠴᠠᠨ ᠬᠠᠷᠠᠶᠢᠪᠠ  ᠃︽ᠭᠤᠸᠠ ᠯᠠ᠂ ᠱᠠ ᠯᠠ ᠁︾ ᠶᠡᠷᠦ ᠰᠤᠨᠤᠰᠴᠤ ᠦᠡᠭᠬᠡᠷᠡᠭᠡ ᠦᠬᠡᠢ ᠰᠤᠨᠢᠬᠠᠨ ᠲᠠᠭᠤᠨ ᠢᠶᠠᠷ ᠤᠷᠢᠯᠠᠯᠳᠤᠭᠰᠠᠨ ᠬᠤᠶᠠᠷ ᠬᠦᠯ ᠲᠠᠢ ᠬᠠᠷ᠎ᠠ ᠲᠤᠯᠤᠭᠠᠶᠢᠳᠤ ᠭᠤᠵᠤᠭᠤᠷ ᠠᠮᠢᠳᠠᠳ ᠠᠷᠤ ᠠᠴᠠ ᠨᠢ ᠨᠡᠬᠡᠨ ᠢᠷᠡᠬᠦ ᠪᠦᠬᠡᠳ ︽ᠲᠦᠡᠭ ᠲᠠᠩ︾ ᠬᠡᠮᠡᠬᠦ ᠨᠦᠰᠡᠷ ᠲᠠᠭᠤᠨ ᠦᠷᠬᠦᠯᠵᠢᠯᠡᠬᠡᠳ ᠪᠠᠰᠠ ᠨᠢᠬᠡ ᠰᠤᠨᠢᠬᠠᠨ ᠦᠨᠦᠷ ᠲᠠᠢ ᠬᠦᠬᠡ ᠴᠡᠩᠬᠡᠷ ᠤᠳᠤᠭ᠎ᠠ ᠪᠠᠶᠢᠨ ᠲᠠᠬᠢᠨ ᠰᠤᠭᠤᠨᠠᠭᠯᠠᠨ᠎ᠠ᠃ᠠᠭᠤᠯᠠᠨ ᠤ ᠪᠠᠷᠳᠠᠭ᠎ᠠ᠂ ᠮᠤᠳᠤᠨ ᠤ ᠢᠭ᠌ᠴᠢ ᠳᠤ ᠰᠤᠴᠢᠮᠠᠭ ᠬᠦᠶᠤᠳᠡᠯ ᠢᠶᠠᠷ ᠢᠶᠠᠨ ᠬᠤᠷᠤᠮ ᠵᠠᠭᠤᠷ᠎ᠠ ᠭᠤᠵᠤᠭᠤᠷ  ᠤᠳ ᠠᠴᠠ ᠨᠡᠯᠢᠶᠡᠳ ᠵᠠᠶᠢᠳᠠᠨ ᠠᠮᠵᠢᠬᠰᠠᠨ ᠪᠤᠯᠪᠠᠴᠤ᠂ ᠦᠵᠡᠳᠡᠯ᠎ᠡ ᠡᠮ᠎ᠡ ᠶᠠᠩᠬᠢᠷ ᠤᠨ ᠬᠡᠳᠡᠰᠤ ᠭᠠᠵᠠᠷ ᠴᠢᠷᠦᠭᠳᠡᠮ᠎ᠡ ᠪᠤᠯᠵᠤ᠂ ᠲᠤᠷᠭᠠᠨ ᠬᠦᠶᠤᠳᠠᠯ ᠨᠢ ᠮᠡᠳᠡᠭᠳᠡᠮ᠎ᠡ ᠰᠤᠯᠠᠷᠠᠭᠠᠳ᠂ ᠠᠮᠢᠰᠬᠤᠭ᠎ᠠ ᠨᠢ ᠪᠦᠭᠯᠡᠷᠡᠨ ᠰᠦᠢᠯᠬᠢᠯᠡᠵᠤ ᠡᠬᠢᠯᠡᠯ᠎ᠡ᠃ ᠬᠠᠨᠢ ᠶᠢᠨ ᠢᠶᠠᠨ ᠵᠤᠪᠠᠯ ᠵᠦᠳᠡᠷᠡᠯ ᠢ ᠰᠡᠳᠬᠢᠯ ᠢᠶᠠᠷ ᠢᠶᠠᠨ ᠮᠡᠳᠡᠷᠡᠭᠰᠡᠨ ᠲᠡᠭᠡ ᠶᠠᠩᠬᠢᠷ᠂ ᠵᠤᠬᠬᠢᠨ ᠬᠦᠯᠢᠬᠡᠯᠵᠡᠬᠦ᠂ ᠪᠠᠶᠡᠳᠡᠨ ᠨᠦᠷᠢᠬᠦ ᠬᠡᠬᠦᠴᠢᠯᠡᠨ ᠶᠠᠩᠵᠤ ᠶᠢᠨ ᠠᠷᠭ᠎ᠠ ᠠᠪᠤᠭᠰᠠᠨ ᠪᠤᠯᠪᠠᠴᠤ ᠶᠠᠮᠠᠷ ᠴᠤ ᠲᠤᠰᠠ ᠪᠤᠯᠤᠭ᠎ᠠ ᠦᠬᠡᠢ᠃ ᠡᠮ᠎ᠡ ᠶᠠᠩᠬᠢᠷ ᠤᠨ ᠬᠦᠯᠦᠰᠤ ᠤᠰᠤ ᠴᠢᠪ ᠴᠢᠪ ᠲᠤᠰᠤᠯᠠᠵᠤ᠂ ᠠᠶᠤᠨ ᠰᠤᠴᠢᠭᠰᠠᠨ ᠨᠢᠳᠤ ᠨᠢ ᠬᠦᠬᠡᠷᠦᠬᠦᠶᠢᠯᠡᠯᠳᠡᠢ ᠪᠦᠯᠳᠡᠬᠡᠨᠡᠨ᠎ᠡ᠃     ᠭᠤᠵᠣᠭᠤᠷ ᠬᠠᠷ᠎ᠠ ᠨᠤᠭᠤᠳ ᠢᠳᠡᠭ ᠢᠳᠡᠭ ᠢᠶᠠᠷ ᠤᠶᠢᠷᠠᠳᠤᠨ ᠢᠷᠡᠯ᠎ᠡ᠃ ︽ᠭᠤᠸᠠ ᠯᠠ᠂ ᠱᠠ ᠯᠠ ᠁︾ ᠤᠷᠢᠯᠠᠯᠳᠤᠬᠤ ᠲᠠᠭᠤᠨ ᠵᠤᠭᠰᠤᠭ᠎ᠠ ᠦᠬᠡᠢ᠃ ︽ᠲᠦᠡᠭ ᠲᠠᠩ᠂ ᠲᠦᠡᠭ ᠲᠠᠩ ᠁︾ ᠨᠦᠰᠡᠷ ᠲᠠᠭᠤᠨ ᠦᠷᠬᠦᠯᠵᠢᠯᠡᠨ᠎ᠡ᠃ᠡᠨᠡ ᠯᠡ ᠬᠤᠷᠳᠤᠴᠠ ᠪᠠᠷ ᠠᠮᠢ ᠭᠠᠷᠤᠨ᠎ᠠ ᠬᠡᠵᠤ᠂ ᠲᠡᠷᠡ ᠬᠤᠯᠠ ᠲᠡᠭᠷᠢ ᠤᠶᠢᠷ᠎ᠠ ᠪᠣᠯᠣᠭᠰᠠᠨ ᠬᠡᠳᠡᠭ ᠢ ᠲᠡᠭᠡ ᠶᠠᠩᠬᠢᠷ ᠡᠷᠡᠬᠦᠯ ᠤᠬᠠᠭᠠᠨ ᠳᠠᠭᠠᠨ ᠪᠤᠳᠤᠵᠤ ᠠᠮᠵᠢᠵᠠᠢ᠃ ᠲᠡᠷᠡ ᠦᠬᠦᠨ ᠬᠠᠭ᠋ᠤᠨ ᠠᠮᠢ ᠵᠢᠭᠤᠳᠠᠭ᠎ᠠ ᠨᠠᠰᠤᠨ ᠤ ᠬᠠᠨᠢ ᠶᠢᠨ ᠢᠶᠠᠨ ᠬᠦᠬᠡᠷᠦᠬᠦᠢ ᠲᠦᠷᠢ ᠶᠢ ᠬᠠᠷᠠᠵᠤ᠂ ᠶᠢᠷᠳᠢᠨᠴᠤ ᠶᠠᠮᠠᠷ ᠢ ᠮᠡᠳᠡᠬᠦ ᠵᠠᠪ ᠦᠬᠡᠢ ᠦᠬᠦᠯ ᠮᠦᠬᠦᠯ ᠳᠤ ᠲᠤᠯᠭᠠᠷᠠᠭᠰᠠᠨ ᠡᠩᠬᠦᠷᠡᠢ ᠦᠷ᠎ᠡ ᠪᠠᠨ ᠪᠤᠳᠤᠭᠠᠳ ᠡᠷ᠎ᠡ ᠪᠤᠯᠬᠤ ᠶᠢᠨ ᠬᠠᠷᠢᠭᠤᠴᠠᠯᠭ᠎ᠠ᠂ ᠡᠴᠢᠬᠡ ᠰᠠᠭᠤᠬᠤ ᠶᠢᠨ ᠡᠬᠦᠷᠬᠡ ᠪᠠᠨ ᠡᠷᠬᠡᠪᠰᠢ ᠬᠦᠢᠴᠡᠳᠬᠡᠬᠦ ᠴᠠᠭ ᠤᠳᠤ ᠪᠤᠯᠤᠭᠰᠠᠨ ᠬᠡᠳᠡᠭ ᠢᠶᠠᠨ ᠬᠡᠨ ᠢᠶᠠᠷ ᠴᠤ ᠬᠡᠯᠡᠬᠦᠯᠬᠦ ᠦᠬᠡᠢ ᠤᠬᠠᠭᠠᠷᠠᠵᠠᠢ᠃ᠲᠡᠳᠡ ᠠᠭᠤᠯᠠᠨ ᠪᠠᠯ ᠤᠨ ᠬᠠᠮᠤᠭ ᠢᠭ᠌ᠴᠢ ᠰᠠᠬᠤᠯᠢᠭ ᠬᠠᠷᠠᠭᠠᠨ᠎ᠠ ᠤᠯᠠᠭᠠᠪᠤᠷ ᠲᠠᠢ ᠭᠠᠵᠠᠷ ᠬᠦᠷᠴᠤ ᠢᠷᠡᠯ᠎ᠡ᠃ ᠤᠳᠤ ᠡᠬᠦᠨ ᠳᠤ ᠯᠡ ᠠᠷᠭ᠎ᠠ ᠬᠢᠬᠦ ᠴᠢᠬᠤᠯᠠ ᠲᠠᠢ ᠬᠡᠮᠡᠨ ᠰᠢᠢᠳᠦᠭᠰᠡᠨ ᠲᠡᠭᠡ ᠶᠠᠩᠬᠢᠷ ᠴᠢᠭᠯᠡᠯ ᠢᠶᠠᠨ ᠦᠬᠡᠷᠡᠴᠢᠯᠡᠵᠤ ᠂ ᠵᠡᠬᠦᠨ ᠵᠦᠭ ᠰᠢᠷᠭᠤᠯᠠᠨ ᠤᠷᠤᠭᠠᠳ ᠠᠷᠪᠠᠭᠠᠳ ᠮᠧᠲᠷ ᠶᠠᠪᠤᠭᠰᠠᠨ ᠢᠶᠠᠨ ᠵᠦᠳᠡᠬᠦᠤ ᠯᠡ ᠲᠠᠭᠠᠵᠤ ᠰᠦᠢᠯᠬᠢᠯᠡᠵᠤ ᠢᠷᠡᠭᠰᠡᠨ ᠡᠮ᠎ᠡ ᠶᠠᠩᠬᠢᠷ ᠢ ᠬᠦᠡᠭᠬᠡᠬᠡᠨ ᠶᠤᠪᠤᠷᠤᠮᠠᠭᠴᠠ᠂ ᠲᠡᠷᠡ ᠨᠢ ᠪᠡᠶ᠎ᠡ ᠳᠡᠭᠡᠨ ᠡᠵᠡᠨ ᠪᠤᠯᠵᠤ ᠲᠡᠶᠢᠯᠦᠯ ᠦᠬᠡᠢ ᠤᠯᠠᠭᠠᠪᠤᠷ ᠤᠨ ᠤᠭ ᠲᠤ ᠰᠢᠷᠭᠤᠴᠢᠨ ᠤᠨᠠᠪᠠ᠃ ᠲᠡᠭᠡ ᠶᠠᠩᠬᠢᠷ᠂ ᠡᠩᠬᠦᠷᠡᠢ ᠬᠠᠨᠢ ᠪᠠᠨ ᠬᠠᠶᠢᠷᠠᠯᠠᠵᠤ ᠰᠠᠨᠠᠭᠰᠠᠨ᠂ ᠰᠠᠯᠵᠤ ᠶᠠᠳᠠᠭᠰᠠᠨ ᠵᠦᠷᠢᠴᠡᠯᠳᠦ ᠰᠡᠳᠬᠢᠯᠭᠡ ᠪᠠᠷ ᠬᠡᠰᠡᠭ ᠵᠠᠭᠤᠷ᠎ᠠ ᠦᠨᠦᠷᠯᠡᠭᠡᠳ ᠬᠦᠯ ᠢᠶᠠᠨ ᠨᠢᠬᠡ ᠨᠢᠬᠡ ᠪᠠᠷ ᠵᠦᠬᠡᠬᠡᠨ ᠠᠭᠠᠵᠢᠮ ᠤᠬᠤᠷᠢᠭᠰᠠᠨ ᠢᠶᠠᠨ ᠬᠡᠨᠡᠳᠳᠡ ᠤᠭᠵᠤᠮ ᠡᠷᠬᠢᠵᠤ᠂ ᠮᠤᠳᠤ ᠰᠢᠭᠤᠢ ᠶᠢᠨ ᠲᠤᠮᠳᠠᠭᠤᠷ ᠰᠢᠷᠭᠤᠴᠢᠨ ᠵᠦᠭ ᠪᠤᠷᠤᠭᠤᠯᠠᠨ ᠲᠡᠬᠦᠯᠢᠭᠰᠡᠭᠡᠷ ᠤᠳᠠᠵᠤ ᠲᠦᠳᠡᠯ ᠦᠬᠡᠢ ᠠᠯᠠᠭ᠎ᠠ ᠪᠤᠯᠵᠠᠢ᠃ ᠡᠮ᠎ᠡ ᠶᠠᠩᠬᠢᠷ ᠬᠠᠶᠢᠷᠠᠳᠤ ᠢᠵᠢᠯᠢ ᠶᠢᠨ ᠢᠶᠠᠨ ᠬᠤᠶᠢᠨ᠎ᠠ ᠠᠴᠠ ᠶᠠᠪᠤᠬᠤ ᠬᠡᠮᠡᠨ ᠦᠨᠳᠡᠯᠵᠡᠭᠰᠡᠨ ᠪᠤᠯᠪᠠᠴᠤ᠂ ᠮᠠᠭᠤᠳᠠᠵᠤ ᠵᠦᠳᠡᠭᠰᠡᠨ ᠬᠦᠨᠳᠤ ᠪᠠᠶ᠎ᠡ ᠪᠠᠨ ᠡᠷᠬᠦᠵᠤ ᠲᠡᠶᠢᠯᠦᠯ ᠦᠬᠡᠢ ᠤᠭ ᠤᠷᠤᠨ ᠳᠠᠭᠠᠨ ᠨᠤᠭᠳᠤᠰᠬᠢᠵᠡᠢ᠃ ᠲᠡᠬᠦᠨ ᠤ ᠨᠤᠮᠤᠬᠠᠨ ᠪᠤᠷᠤ ᠨᠢᠳᠤᠨ ᠠᠴᠠ ᠪᠦᠳᠦᠬᠦᠨ ᠪᠦᠳᠦᠬᠦᠨ ᠨᠢᠯᠪᠤᠰᠤᠨ ᠲᠤᠰᠤᠯ ᠰᠤᠪᠤᠳ ᠤᠨ ᠬᠡᠯᠬᠢᠶ᠎ᠡ ᠰᠢᠣᠬᠠᠨ ᠪᠦᠮᠪᠦᠷᠢᠯ᠎ᠡ᠃ᠲᠡᠬᠡᠳᠡᠯ᠎ᠡ ᠮᠠᠭᠤᠬᠠᠢ ᠨᠢᠯᠤᠭᠤᠨ ᠦᠨᠦᠷ ᠨᠡᠩ ᠠᠶᠢᠬᠤᠪᠳᠤᠷ ᠪᠤᠯᠵᠤ᠂ ︽ᠭᠤᠸᠠ ᠯᠠ᠂ ᠱᠠ ᠯᠠ ᠁︾ ᠬᠡᠵᠤ ᠤᠷᠢᠯᠠᠯᠳᠤᠬᠤ ᠲᠠᠭᠤᠨ ᠵᠠᠬ᠎ᠠ ᠳᠤᠨᠢ ᠲᠤᠯᠵᠤ ᠢᠷᠡᠮᠡᠷ ᠪᠤᠯᠤᠯ᠎ᠠ᠃ ᠡᠮ᠎ᠡ ᠶᠠᠩᠬᠢᠷ ᠨᠢᠳᠤ ᠪᠠᠨ ᠠᠨᠢᠨ ᠠᠮᠢᠰᠬᠤᠯ  ᠢᠶᠠᠨ ᠲᠠᠷᠤᠭᠠᠳ᠂ ᠪᠦᠳᠦᠬᠦᠨ ᠬᠡᠳᠡᠰᠤ ᠪᠠᠨ ᠨᠢᠭᠤᠨ ᠲᠠᠯᠳᠠᠯᠠᠬᠤ ᠬᠡᠰᠡᠨ ᠰᠢᠭ ᠤᠯᠠᠭᠠᠪᠤᠷ ᠤᠨ ᠤᠭ ᠤᠷᠤᠭᠤ ᠠᠳᠤᠷᠢᠨ ᠰᠢᠷᠬᠢᠪᠡ᠃ᠲᠡᠷᠡ ᠲᠤᠳᠤᠷ᠎ᠠ ᠪᠠᠨ ︽ᠡᠴᠢᠬᠡ ᠲᠡᠭᠷᠢ ᠮᠢᠨᠢ᠂ ᠡᠬᠡ ᠲᠡᠯᠡᠬᠡᠢ ᠮᠢᠨᠢ︕  ᠨᠤᠳᠤᠭ ᠢᠶᠠᠨ ᠰᠠᠬᠢᠵᠤ ᠨᠤᠭᠤᠯᠤᠭᠤᠷ  ᠢᠶᠠᠨ ᠢᠳᠡᠬᠡᠳ᠂ ᠠᠮᠢ ᠭᠤᠤᠯ ᠢᠶᠠᠨ ᠯᠡ ᠡᠪᠯᠡᠬᠦᠯᠵᠤ ᠪᠠᠶᠢᠭ᠎ᠠ ᠦᠴᠦᠬᠡᠨ ᠦᠷ᠎ᠡ ᠪᠠᠨ ᠦᠷᠦᠬᠡᠯ ᠤᠨ ᠡᠷᠬᠡᠨ ᠳᠤ ᠤᠷᠤᠭᠤᠯᠵᠤ᠂ ᠦᠬᠦᠯ ᠤᠨ ᠵᠤᠪᠠᠯᠠᠩ ᠠᠮᠰᠠᠭᠤᠯᠤᠨ᠎ᠠ ᠬᠡᠵᠤ ᠤᠤ ᠳ᠋ᠠ︖ ᠬᠠᠯᠠᠭᠤᠨ ᠡᠩᠬᠡᠷ ᠪᠦᠯᠢᠶᠡᠨ ᠰᠢᠷᠦᠢ  ᠳᠤ ᠴᠢᠨᠢ ᠤᠨᠠᠵᠤ ᠢᠷᠡᠬᠦ ᠵᠠᠪ ᠪᠤᠯᠤᠭ᠎ᠠ ᠦᠬᠡᠢ ᠦᠷ᠎ᠡ ᠪᠠᠨ ᠬᠠᠷᠬᠢᠰ ᠲᠡᠭᠡᠷᠡᠮ ᠤᠨ ᠬᠠᠷ᠎ᠠ ᠰᠠᠪᠠᠷ ᠲᠤ ᠦᠷᠳᠦᠬᠦᠯᠦᠨ᠂ ᠬᠠᠨᠣᠵᠣ ᠴᠠᠳᠣᠰᠢ ᠦᠬᠡᠢ ᠬᠤᠪᠳᠤᠭ ᠰᠢᠨᠣᠯ ᠢ ᠨᠢ ᠲᠠᠶᠢᠯᠠᠬᠤ ᠬᠡᠵᠤ ᠤᠤ ᠳ᠋ᠠ ᠁ ᠬᠠᠨ ᠬᠠᠶᠢᠷᠬᠠᠨ ᠮᠢᠨᠢ ᠡ︕ ᠬᠠᠪᠴᠢᠯ ᠵᠢᠯᠠᠭ᠎ᠠ ᠮᠢᠨᠢ︾ ᠬᠡᠵᠤ ᠡᠮ᠎ᠡ ᠶᠠᠩᠬᠢᠷ ᠡᠮᠬᠡᠨᠢᠨ ᠵᠠᠯᠪᠠᠷᠢᠨ᠎ᠠ᠃︽ᠭᠤᠸᠠ ᠯᠡ᠂ ᠱᠠ ᠯᠠ ᠁ ᠭᠤᠸᠠ ᠯᠠ᠂ ᠱᠠ ᠯᠠ ᠁︾ ᠭᠤᠵᠤᠭᠤᠷ ᠬᠠᠷ᠎ᠠ ᠨᠤᠭᠤᠳ ᠦᠮᠡᠬᠡᠢ ᠨᠢᠯᠤᠭᠤᠨ ᠦᠨᠦᠷ ᠢᠶᠠᠨ ᠰᠡᠩᠬᠢᠨᠡᠬᠦᠯᠦᠭᠰᠡᠬᠡᠷ ᠡᠮ᠎ᠡ ᠶᠠᠩᠬᠢᠷ ᠠᠴᠠ ᠬᠡᠳᠦᠬᠡᠨ ᠠᠯᠬᠤᠮ ᠤᠨ ᠲᠡᠷᠳᠡᠭᠡ ᠤᠷᠢᠯᠠᠵᠤ ᠴᠢᠷᠠᠯᠠᠵᠤ ᠪᠠᠶᠢᠭᠰᠠᠨ ᠢᠶᠠᠨ ᠶᠠᠭᠤ ᠪᠤᠯᠤᠭᠰᠠᠨ ᠢ ᠪᠤᠤ ᠮᠡᠳᠡ ᠬᠡᠨᠡᠳᠳᠡ ᠡᠰᠡᠷᠬᠦ ᠴᠢᠭᠯᠡᠯ ᠢ ᠪᠠᠷᠢᠨ ᠬᠤᠷᠳᠤᠯᠠᠨ ᠬᠤᠯᠠᠳᠤᠯ᠎ᠠ᠃ᠡᠴᠢᠬᠡ ᠲᠡᠭᠷᠢ ᠡᠬᠡ ᠲᠡᠯᠡᠬᠡᠢ ᠮᠢᠨᠢ ᠡᠨᠡᠷᠢᠯ ᠬᠠᠶᠢᠷᠠᠯᠠᠵᠠᠢ᠃ ᠡᠨᠡᠯᠵᠤ ᠰᠢᠨᠠᠯᠤᠭᠰᠠᠨ ᠦᠷ᠎ᠡ ᠪᠠᠨ ᠦᠬᠦᠯ ᠤᠨ ᠲᠠᠮᠤ  ᠠᠴᠠ ᠠᠪᠤᠷᠠᠵᠠᠢ᠃ ᠦᠷ᠎ᠡ ᠪᠠᠨ ᠬᠡᠰᠡᠨ ᠡᠮ᠎ᠡ ᠶᠠᠩᠬᠢᠷ ᠶᠠᠭᠤ ᠪᠤᠯᠤᠭᠰᠠᠨ ᠴᠦ ᠵᠢᠭᠠᠬᠠᠨ ᠰᠠᠨᠠᠭ᠎ᠠ ᠠᠮᠠᠷᠠᠵᠤ ᠠᠪᠤᠯ᠎ᠠ ︽ᠲᠦᠡᠭ ᠲᠠᠩ᠂ ᠲᠦᠡᠭ ᠲᠠᠩ ᠁︾ ᠦᠨᠦ ᠨᠦᠰᠡᠷ ᠲᠠᠭᠤᠨ ᠡᠰᠡᠷᠬᠦ ᠲᠠᠯ᠎ᠠ ᠶᠢᠨ ᠬᠠᠳᠠᠨ ᠤ ᠲᠠᠨᠳᠡ ᠠᠴᠠ ᠲᠠᠬᠢᠨᠳᠠ ᠰᠤᠨᠤᠰᠳᠠᠪᠠ᠃︽ᠬᠠᠶᠢᠷᠠᠳᠤ ᠬᠠᠨᠢ — ᠲᠡᠭᠡ ᠶᠠᠩᠬᠢᠷ︾ ᠬᠡᠮᠡᠬᠦ ᠪᠤᠳᠤᠯ ᠰᠠᠶ᠋ᠢᠬᠠᠨ ᠠᠮᠤᠷᠵᠢᠵᠤ ᠠᠪᠤᠭᠰᠠᠨ ᠡᠮ᠎ᠡ ᠶᠠᠩᠬᠢᠷ ᠤᠨ ᠪᠤᠳᠤᠯ ᠳᠤ ᠬᠠᠷᠪᠤᠨ ᠤᠷᠤᠬᠤ ᠪᠠᠷ ᠲᠠᠬᠢᠭᠠᠳ ᠬᠠᠭᠠᠴᠠᠯ ᠵᠤᠪᠠᠯ ᠤᠨ ᠮᠠᠨᠠᠨ ᠪᠦᠬᠦ ᠰᠠᠨᠠᠭ᠎ᠠ ᠰᠡᠳᠬᠢᠯ ᠢ ᠨᠢ ᠪᠦᠷᠬᠦᠨ ᠢᠷᠡᠯ᠎ᠡ᠃ ᠲᠡᠷᠡ ᠬᠠᠳᠠᠭᠤᠵᠢᠨ ᠪᠤᠰᠤᠭᠠᠳ ᠠᠭᠤᠯᠠ ᠦᠬᠡᠳᠡ  ᠦᠭᠰᠤᠨ ᠬᠦᠴᠢᠷᠳᠡᠶᠢᠬᠡᠨ ᠱᠤᠭᠰᠢᠵᠤ᠂ ︽ᠲᠡᠷᠡ ᠮᠢᠨᠢ ᠶᠠᠭᠠᠬᠢᠭ᠎ᠠ ᠪᠤᠯ︖ ᠬᠠᠷ᠎ᠠ ᠠᠶᠤᠯ ᠠᠴᠠ ᠬᠡᠯᠳᠦᠷᠢᠭᠰᠡᠨ ᠪᠤᠯ ᠤᠤ︖︾ ᠬᠡᠮᠡᠨ ᠰᠠᠨᠠᠨ ᠰᠠᠨᠠᠨ ᠬᠤᠷᠳᠤᠯᠠᠨ᠎ᠠ᠃ ᠲᠡᠷᠡ ᠢᠭ᠌ᠴᠢ ᠤᠢ ᠮᠤᠳᠤᠨ ᠠᠴᠠ ᠰᠢᠷᠭᠤᠯᠠᠨ ᠭᠠᠷᠤᠮᠠᠭᠴᠠ᠂ ᠡᠰᠡᠷᠬᠦ ᠲᠠᠯ᠎ᠠ ᠶᠢᠨ ᠠᠭᠤᠯᠠ ᠦᠬᠡᠳᠡ ᠬᠦᠰᠡᠯ ᠭᠤᠷᠢᠳᠠᠯ ᠤᠨ ᠬᠠᠷᠠᠴᠠ ᠬᠦᠶᠦᠯᠬᠡᠯ᠎ᠡ᠃ᠦᠨᠡᠨ ᠢ ᠬᠡᠯᠡᠬᠦ ᠳᠤ ᠲᠡᠭᠡ ᠶᠠᠩᠬᠢᠷ ᠢᠭ᠌ᠴᠢ ᠬᠠᠷᠭᠠᠨ᠎ᠠ᠂ ᠰᠠᠬᠤᠯᠢᠭ ᠤᠯᠠᠭᠠᠪᠤᠷ ᠢᠶᠠᠷ ᠲᠠᠮᠵᠢᠨ ᠠᠰ ᠲᠡᠭᠡᠭᠰᠢ ᠤᠷᠬᠢᠯ ᠦᠬᠡᠳᠡ ᠶᠠᠪᠤᠪᠠᠯ ᠲᠠᠮᠡᠢ ᠬᠡᠳᠤᠨ ᠵᠠᠭᠤᠨ ᠠᠯᠬᠤᠮ ᠬᠦᠶᠦᠬᠦ ᠦᠬᠡᠢ ᠠᠭᠤᠯᠠ ᠶᠢ ᠲᠠᠪᠠᠨ ᠴᠢᠨᠠᠬᠰᠢ ᠭᠠᠷᠴᠤ ᠡᠰᠡᠨ ᠮᠡᠨᠳᠤ ᠠᠮᠢ ᠭᠠᠷᠴᠤ ᠪᠤᠯᠬᠤ ᠶᠢ ᠴᠠᠭᠠᠨ᠎ᠠ ᠨᠢ ᠭᠠᠷᠳᠠᠯ᠎ᠠ ᠮᠡᠳᠡᠵᠤ ᠪᠠᠶᠢᠯ᠎ᠠ᠃ ᠬᠡᠳᠡᠯ᠎ᠡ ᠲᠡᠬᠦᠨ ᠳᠤ ᠭᠠᠭᠴᠠ ᠬᠠᠷ᠎ᠠ ᠠᠮᠢ ᠪᠠᠨ ᠯᠡ ᠪᠤᠷᠤᠯᠠᠭᠤᠯᠬᠤ ᠤᠨᠴᠠ ᠡᠷᠬᠡ ᠬᠡᠵᠤ ᠶᠠᠭᠠᠬᠢᠭᠰᠠᠨ ᠴᠤ ᠪᠠᠶᠢᠵᠤ ᠴᠢᠳᠠᠭᠰᠠᠨ ᠦᠬᠡᠢ᠃ ᠬᠠᠷᠢᠨ ᠡᠮ᠎ᠡ ᠦᠷ᠎ᠡ ᠪᠠᠨ ᠬᠠᠮᠠᠭᠠᠯᠠᠬᠤ᠂ ᠡᠷᠦᠬᠡ ᠬᠡᠷ ᠲᠡᠭᠡᠨ ᠬᠠᠷᠢᠭᠤᠴᠠᠬᠤ ᠦᠨᠡᠨᠴᠢ ᠬᠠᠶᠢᠷ᠎ᠠ᠂ ᠠᠮᠢᠳᠠᠨ ᠭᠤᠤᠯᠳᠠᠨ ᠳᠤ ᠪᠤᠷᠬᠠᠨ ᠠᠴᠠ ᠵᠠᠶᠠᠭᠠᠭᠰᠠᠨ ᠠᠪᠢᠶᠠᠰ ᠯᠡ ᠲᠡᠬᠦᠨ ᠢ ᠤᠢ ᠮᠤᠳᠤ ᠰᠡᠶᠢᠷᠡᠭ ᠢᠯᠡ ᠭᠠᠵᠠᠷ ᠢ ᠰᠤᠩᠭᠤᠨ ᠪᠠᠷᠠᠭᠤᠨ ᠠᠭᠤᠯᠠ ᠶᠢᠨ ᠨᠠᠭᠠᠳᠤ ᠬᠠᠯᠴᠠᠭᠠᠢ ᠬᠠᠵᠠᠭᠤ ᠦᠬᠡᠳᠡ ᠬᠠᠷᠠᠶᠢᠯᠭᠠᠵᠤ᠂ ᠭᠤᠵᠤᠭᠤᠷ ᠤᠳ ᠤᠨ ᠬᠠᠷᠠᠯᠳᠠ ᠶᠢ ᠪᠡᠶ᠎ᠡ ᠵᠦᠭ ᠢᠶᠠᠨ ᠰᠢᠯᠵᠢᠬᠦᠯᠦᠨ ᠠᠪᠤᠭᠰᠠᠨ ᠪᠠᠶᠢᠵᠠᠢ᠃︽ᠠ  ︕ ᠲᠠ᠊ — ᠷᠠ ᠪᠠᠶᠢᠨ᠎ᠠ᠃ ᠬᠠᠨᠢ ᠮᠢᠨᠢ︕︾︽ᠢᠱᠢ︕ ᠴᠢ ᠮᠢᠨᠢ ᠶᠠᠭᠤ ᠬᠡᠳ ᠲᠠᠯᠳᠠᠭ᠎ᠠ ᠦᠬᠡᠢ ᠢᠯᠡ ᠭᠠᠵᠠᠷ ᠦᠬᠡᠳᠡ ᠬᠦᠷᠦᠳᠡᠭ ᠶᠤᠮ ᠳ᠋ᠠ︖ ᠲᠡᠷᠡ ᠭᠤᠵᠤᠭᠤᠷ ᠤᠳ ᠁ ᠠᠢ︕ ᠲᠡᠶᠢᠮᠤ ᠪᠢᠰᠢ ᠡ  ᠁ ᠡᠬᠡ ᠦᠷ᠎ᠡ ᠪᠢᠳᠡᠨ ᠢ ᠯᠡ ᠬᠡᠳ ᠁︾ ᠬᠡᠬᠦᠴᠢᠯᠡᠨ ᠡᠯᠳᠡᠪ ᠡᠰᠡᠨ ᠢᠶᠠᠷ ᠢᠭᠳᠦᠯᠡᠨ ᠪᠤᠳᠤᠭᠰᠠᠨ ᠡᠮ᠎ᠡ ᠶᠠᠩᠬᠢᠷ ᠤᠨ ᠲᠤᠷᠮᠤᠭᠤᠷ ᠨᠢᠳᠤᠨ ᠠᠴᠠ ᠲᠠᠬᠢᠭᠠᠳ ᠰᠤᠪᠤᠳ ᠤᠨ ᠬᠡᠯᠬᠢᠶ᠎ᠡ ᠰᠤᠪᠤᠷᠠᠨ ᠪᠠᠭᠤᠵᠠᠢ᠃
 
ᠢᠷᠡᠯᠲᠡ᠄ ᠲᠠᠭᠤᠳᠠᠭᠠᠴᠢ ᠠᠯᠳᠠᠨ᠋ᠧᠴᠢᠷ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号