ᠡᠴᠦᠰ ᠤᠨ ᠶᠠᠩᠬᠢᠷ  ︵ᠲᠤᠮᠳᠠᠳᠤ︶
ᠨᠡᠶᠢᠲᠡᠯᠡᠭᠰᠡᠨ ᠴᠠᠭ᠄
2020/11/3
ᠲᠡᠭᠡ ᠶᠠᠩᠬᠢᠷ ᠤᠳᠤ ᠲᠠᠪᠢᠭᠠᠳ ᠯᠡ ᠠᠯᠬᠤᠮ ᠢ ᠲᠡᠰᠪᠦᠷᠢᠯᠡᠬᠡᠳ ᠲᠠᠪᠬᠢᠭᠠᠳ ᠯᠡ ᠪᠠᠶᠢᠪᠠᠯ ᠪᠠᠷᠠᠭᠤᠨ ᠠᠭᠤᠯᠠ ᠶᠢ ᠲᠠᠪᠠᠭᠠᠳ ᠴᠠᠭᠠᠰᠢ ᠭᠠᠷᠤᠭᠰᠠᠭᠠᠷ ᠠᠮᠢᠳᠤ ᠦᠯᠡᠳᠡᠬᠦ ᠨᠢ ᠲᠠᠮᠵᠢᠭ ᠦᠬᠡᠢ᠃ ᠬᠡᠳᠡᠯ᠎ᠡ ᠲᠡᠭᠡ ᠶᠠᠩᠬᠢᠷ ᠤᠨ ᠬᠤᠷᠳᠤᠴᠠ ᠶᠡᠷᠦ ᠶᠢᠨ ᠴᠠᠭ ᠠᠴᠠ ᠲᠠᠩᠴᠤ ᠤᠳᠠᠭᠠᠨ ᠪᠤᠯᠤᠭᠰᠠᠨ ᠬᠡᠳᠡᠭ ᠢ ᠡᠮ᠎ᠡ ᠶᠠᠩᠬᠢᠷ ᠠᠨᠳᠠᠯ ᠦᠬᠡᠢ ᠠᠵᠢᠵᠤ ᠮᠡᠳᠡᠭᠰᠡᠨ ᠪᠤᠯᠪᠠᠴᠤ ᠠᠯᠢ ᠬᠡᠳᠦᠶᠢᠨ ᠤ ᠦᠬᠡᠢ ᠬᠡᠷᠦᠵᠤ ᠢᠷᠡᠭᠰᠡᠨ ᠭᠤᠵᠤᠭᠤᠷ ᠤᠳ ᠤᠨ ᠨᠦᠰᠡᠷ ᠲᠠᠭᠤ  ᠲᠠᠢ ᠶᠠᠭᠤᠮᠠᠨ ᠳᠤ ᠬᠡᠳᠡᠰᠤ ᠪᠠᠨ ᠰᠦᠪᠡᠯᠡᠬᠦᠯᠦᠨ ᠬᠦᠨᠳᠤ ᠰᠢᠷᠠᠭᠳᠤᠭᠰᠠᠨ ᠬᠡᠳᠡᠭ ᠢ ᠲᠡᠷᠡ ᠬᠡᠷᠬᠢᠨ ᠮᠡᠳᠡᠬᠦ ᠠᠵᠠᠢ︕ᠲᠡᠭᠡ ᠶᠠᠩᠬᠢᠷ᠂ ᠠᠭᠤᠯᠠ ᠲᠠᠪᠠᠨ ᠠᠮᠢ ᠭᠠᠷᠤᠨ᠎ᠠ ᠬᠡᠭᠴᠢ ᠴᠢᠳᠠᠰᠢ ᠦᠬᠡᠢ ᠬᠡᠷᠡᠭ ᠬᠡᠳᠡᠭ ᠢᠶᠠᠨ ᠲᠤᠳᠤᠷᠬᠠᠢ ᠮᠡᠳᠡᠵᠤ ᠪᠠᠶᠢᠪᠠᠴᠤ ᠲᠡᠩᠬᠡᠬᠡ ᠲᠠᠮᠢᠷ ᠢᠶᠠᠨ ᠰᠢᠪᠬᠠᠨ ᠰᠢᠪᠬᠠᠨ᠂ ᠬᠠᠶᠢᠷ᠎ᠠ᠂ ᠠᠮᠢᠳᠤᠷᠠᠯ᠂ ᠬᠠᠨᠢ᠂ ᠦᠷ᠎ᠡ ᠶᠢᠨ ᠢᠶᠠᠨ ᠲᠦᠯᠦᠬᠡ ᠨᠢᠬᠡ ᠮᠢᠨᠦ᠋ᠲ ᠨᠢᠬᠡ ᠰᠧᠺᠦ᠋ᠨ᠋ᠳ᠋ ᠴᠤ ᠵᠤᠭᠰᠤᠵᠤ ᠪᠤᠯᠬᠤ ᠦᠬᠡᠢ ᠬᠡᠳᠡᠭ ᠢᠶᠠᠨ ᠨᠡᠩ ᠲᠤᠳᠤᠷᠬᠠᠢ ᠮᠡᠳᠡᠵᠤ ᠪᠠᠶᠢᠯ᠎ᠠ᠃︽ᠪᠤᠰᠢᠭᠤ᠂ ᠪᠤᠰᠢᠭᠤ  ᠃ ᠪᠤᠰᠢᠭᠤᠯᠠ ᠡ︕︾ ᠡᠮ᠎ᠡ ᠶᠠᠩᠬᠢᠷ ᠤᠨ ᠵᠢᠷᠦᠬᠡ ︽ᠫᠤᠯ ᠫᠤᠯ︾ ᠲᠦᠭᠰᠢᠵᠤ᠂ ᠢᠵᠢᠯᠢ ᠶᠢᠨ ᠢᠶᠠᠨ ᠦᠬᠦᠯ ᠤᠨ ᠬᠠᠷ᠎ᠠ ᠠᠶᠤᠯ ᠠᠴᠠ ᠮᠤᠯᠳᠤᠷᠠᠨ ᠭᠠᠷᠬᠤ ᠶᠢ ᠬᠦᠰᠡᠨ ᠬᠦᠰᠡᠨ ᠲᠠᠭᠠᠳᠬᠠᠨ᠎ᠠ᠃︽ᠲᠦᠡᠭ᠂ ᠲᠠᠩ︾᠃ ᠨᠦᠰᠡᠷ ᠲᠠᠭᠤᠨ ᠲᠠᠬᠢᠭᠠᠳ ᠭᠠᠷᠤᠯ᠎ᠠ᠃ ᠨᠦᠰᠡᠷ ᠲᠠᠭᠤᠨ ᠭᠠᠷᠤᠭᠰᠠᠨ ᠵᠦᠭ ᠠᠴᠠ ᠬᠦᠬᠡ ᠤᠳᠤᠭ᠎ᠠ ᠰᠣᠭᠤᠨᠠᠭ ᠲᠠᠳᠠᠨ ᠠᠭᠠᠷ ᠲᠤ ᠰᠢᠩᠬᠡᠨ ᠵᠠᠮᠬᠠᠷᠠᠵᠤ ᠪᠠᠶᠢᠯ᠎ᠠ᠃ ᠲᠡᠭᠡ ᠶᠠᠩᠬᠢᠷ ᠭᠤᠳᠤᠴᠢᠨ ᠤᠨᠠᠪᠠ᠃ ᠵᠦᠪᠳᠡᠢ ᠬᠠ ᠨᠢ ᠰᠦᠪᠡᠯᠡᠭᠳᠡᠬᠡᠳ ᠬᠠᠯᠠᠭᠤᠨ ᠴᠢᠰᠤ ᠨᠢ ᠰᠠᠳᠠᠭᠠᠨᠠᠨ ᠤᠷᠤᠰᠴᠠᠢ᠃ ᠲᠡᠷᠡ ᠡᠪᠡᠳᠬᠦ  ᠪᠠᠨ ᠲᠡᠰᠪᠦᠷᠢᠯᠡᠨ᠂ ᠬᠦᠴᠦᠯᠡᠨ ᠪᠠᠶᠢᠵᠤ ᠰᠢᠨ᠎ᠡ ᠰᠢᠷᠬ᠎ᠠ ᠪᠠᠨ ᠪᠤᠰᠢᠭᠤᠬᠠᠨ ᠲᠤᠯᠢᠶᠠᠭᠰᠠᠨ ᠪᠤᠯᠪᠠᠴᠤ ᠴᠢᠰᠤ ᠪᠠᠨ ᠲᠤᠭᠳᠠᠪᠦᠷᠢᠵᠢᠭᠤᠯᠵᠤ ᠲᠡᠶᠢᠯᠦᠬᠡ ᠦᠬᠡᠢ᠃ ᠭᠤᠵᠤᠭᠤᠷ ᠤᠳ ᠬᠤᠮᠢᠨ ᠢᠷᠡᠵᠤ᠂ ᠵᠠᠷᠢᠮ ᠨᠢ ᠲᠡᠬᠦᠨ ᠠᠴᠠ ᠭᠤᠴᠢᠭᠠᠳ ᠯᠡ ᠠᠯᠬᠤᠮ ᠤᠨ ᠵᠠᠶᠢᠳᠠᠢ ᠤᠶᠢᠷᠠᠳᠤᠨ ᠢᠷᠡᠭᠰᠡᠨ ᠪᠠᠶᠢᠯ᠎ᠠ᠃ᠲᠡᠭᠡ ᠶᠠᠩᠬᠢᠷ ᠬᠠᠮᠤᠭ ᠬᠦᠴᠦ ᠪᠠᠨ ᠰᠢᠪᠬᠠᠨ ᠪᠠᠶᠢᠵᠤ ᠲᠡᠯᠳᠡᠷᠬᠢᠯᠡᠨ ᠪᠤᠰᠪᠠ᠃ ᠭᠤᠷᠪᠠᠨ ᠬᠦᠯ ᠢᠶᠠᠷ ᠢᠶᠠᠨ ᠲᠤᠭᠤᠯᠳᠠᠨ ᠠᠰᠬ᠎ᠠ ᠬᠠᠳᠠᠨ ᠤ ᠡᠪ ᠵᠠᠢ ᠶᠢ ᠦᠵᠡᠨ ᠲᠡᠮᠡᠤᠯᠬᠦ ᠪᠠᠷ ᠢᠶᠠᠨ ᠲᠡᠮᠡᠣᠯᠵᠤ ᠯᠡ ᠪᠠᠶᠢᠪᠠ᠃ ᠶᠠᠳᠠᠵᠤ ᠴᠦᠬᠦᠭᠰᠡᠨ ᠦᠨᠦ ᠭᠤᠵᠤᠭᠤᠷ ᠤᠳ ᠠᠭᠤᠷᠯᠠᠭᠰᠠᠨ ᠪᠤᠯᠤᠯᠳᠠᠢ ︽ᠭᠤᠸᠠ ᠯᠠ ᠭᠤᠸᠠ ᠯᠡ︾ ᠬᠡᠮᠡᠨ ᠶᠡᠬᠡᠳᠡ ᠤᠷᠢᠯᠠᠯᠳᠤᠭᠰᠠᠭᠠᠷ ᠭᠠᠵᠠᠷ ᠨᠠᠭᠠᠯᠳᠤᠨ ᠬᠡᠪᠳᠡᠵᠡᠬᠡᠵᠤ᠂ ᠦᠨᠦ ᠴᠡᠩᠬᠡᠷ ᠬᠦᠬᠡ ᠤᠳᠤᠭ᠎ᠠ ᠲᠠᠢ ᠨᠠᠷᠢᠨ ᠲᠦᠡᠭᠽᠢ  ᠪᠠᠨ ︽ᠲᠦᠡᠭ ᠲᠠᠩ ᠁︾ ᠦᠬᠡᠢ ᠦᠷᠬᠦᠯᠵᠢᠯᠡᠨ ᠲᠤᠤᠭᠠᠷᠭᠠᠯ᠎ᠠ᠃ᠲᠡᠭᠡ ᠶᠠᠩᠬᠢᠷ ᠲᠠᠬᠢᠨᠳᠠ ᠪᠦᠳᠦᠴᠢᠨ ᠤᠨᠠᠪᠠ᠃ ᠲᠡᠷᠡ ᠰᠢᠷᠬᠠᠨ ᠬᠠᠯᠠᠭᠤᠨ ᠳᠠᠭᠠᠨ ᠲᠤᠤᠷ᠎ᠠ ᠨᠢ ᠪᠤᠰᠬᠤ ᠶᠢ ᠭᠤᠷᠢᠯᠠᠭᠰᠠᠨ ᠪᠤᠯᠪᠠᠴᠤ᠂ ᠲᠦᠷᠪᠡᠨ ᠬᠦᠯ ᠤᠨ ᠬᠢᠨᠢ ᠠᠯᠢ ᠨᠢᠬᠡᠨ ᠴᠤ ᠲᠡᠬᠦᠨ ᠳᠤ ᠵᠠᠷᠤᠭᠳᠠᠬᠤ ᠪᠠᠨ ᠪᠤᠯᠢᠵᠠᠢ᠃ ᠲᠡᠷᠡ ᠲᠤᠯᠤᠭᠠᠢ ᠪᠠᠨ ᠠᠭᠠᠵᠢᠮᠬᠠᠨ ᠡᠷᠭᠦᠬᠦ ᠳᠤ ᠬᠤᠶᠠᠷ ᠬᠦᠯ ᠲᠠᠢ ᠭᠤᠵᠤᠭᠤᠷ ᠴᠢᠳᠬᠦᠷ ᠤᠳ ᠤᠨ ᠦᠰᠦ ᠦᠭᠡᠢ ᠣᠯᠠᠭᠠᠨ ᠨᠢᠭᠤᠷ ᠪᠦᠷᠳᠦᠯᠵᠡᠨ ᠬᠠᠷᠠᠭᠳᠠᠨ᠎ᠠ᠃ ᠵᠢᠪᠡᠬᠦᠤ ᠨᠢ ᠬᠦᠷᠦᠭᠰᠡᠨ ᠲᠡᠭᠡ ᠶᠠᠩᠬᠢᠷ ᠲᠤᠯᠤᠭᠠᠢ ᠪᠠᠨ ᠲᠠᠭᠠᠭᠠᠵᠤ ᠲᠡᠶᠢᠯᠬᠦ ᠦᠬᠡᠢ ᠭᠠᠵᠠᠷ ᠲᠠᠷᠡᠯᠡᠪᠡ᠃ ᠲᠡᠷᠡ ᠨᠢᠳᠤ ᠪᠠᠨ ᠠᠭᠠᠵᠢᠮᠬᠠᠨ ᠠᠨᠢᠯ᠎ᠠ᠃ ᠤᠳᠤ ᠦᠬᠦᠯ ᠬᠡᠳᠡᠭ ᠶᠠᠭᠤᠮ᠎ᠠ ᠲᠡᠬᠦᠨ ᠢ ᠰᠦᠷᠳᠡᠬᠦᠯᠵᠤ ᠲᠡᠶᠢᠯᠬᠦ ᠪᠠᠨ ᠪᠤᠯᠢᠵᠠᠢ᠃ᠲᠡᠬᠡᠬᠦ ᠳᠤ ᠶᠢᠷᠳᠢᠨᠴᠤ ᠳᠤ ᠢᠷᠡᠵᠤ ᠵᠠᠪᠳᠤᠭ᠎ᠠ ᠦᠬᠡᠢ ᠬᠦᠬᠡᠷᠦᠬᠦᠢ ᠦᠷ᠎ᠡ ᠨᠢ ᠪᠤᠳᠤᠭᠳᠠᠯ᠎ᠠ᠃ ᠦᠷ᠎ᠡ ᠶᠢ ᠨᠢ ᠬᠡᠵᠤ ᠡᠬᠦᠷᠳᠦᠵᠤ ᠶᠠᠪᠤᠭ᠎ᠠ ᠨᠠᠰᠤᠨ ᠤ ᠬᠠᠨᠢ ᠨᠢ ᠦᠬᠡᠶᠢᠯᠡᠭᠳᠡᠯ᠎ᠡ᠃ ᠲᠡᠷᠡ ᠨᠢᠳᠤ ᠪᠠᠨ ᠬᠦᠴᠦᠯᠡᠨ ᠨᠡᠬᠡᠬᠡᠪᠡ᠃ ᠬᠠᠮᠤᠭ ᠡᠴᠦᠰ ᠤᠨ ᠬᠦᠴᠦᠨ ᠴᠢᠳᠠᠯ ᠢᠶᠠᠨ ᠰᠢᠪᠬᠠᠨ ᠪᠠᠶᠢᠵᠤ᠂ ᠲᠤᠯᠤᠭᠠᠢ ᠢᠶᠠᠨ ᠲᠠᠬᠢᠨᠳᠠ ᠡᠷᠬᠦᠯ᠎ᠡ᠃ ᠪᠦᠬᠦ ᠪᠡᠶ᠎ᠡ ᠨᠢ ᠰᠠᠯᠭᠠᠨᠠᠨ ᠴᠡᠴᠡᠷᠬᠢᠯᠡᠵᠤ᠂ ᠬᠦᠯᠦᠰᠤᠨ ᠳᠤ ᠲᠡᠪᠳᠦᠭᠰᠡᠨ ᠨᠠᠷᠢᠬᠠᠨ ᠬᠦᠵᠦᠬᠦᠤ ᠨᠢ ᠲᠤᠯᠤᠭᠠᠢ ᠶᠢ ᠨᠢ ᠲᠠᠭᠠᠭᠠᠵᠤ ᠶᠠᠳᠠᠮ᠎ᠠ ᠨᠠᠶᠢᠭᠤᠵᠤ ᠪᠠᠶᠢᠪᠠ  ᠃ ᠡᠰᠡᠷᠬᠦ ᠲᠠᠯ᠎ᠠ ᠶᠢᠨ ᠠᠭᠤᠯᠠ ᠶᠢᠨ ᠪᠠᠷᠳᠠᠭᠠᠳᠤ ᠤᠷᠬᠢᠯ ᠪᠦᠷᠳᠦᠯᠵᠡᠨ ᠪᠠᠶᠢᠭᠰᠠᠨ ᠢᠶᠠᠨ ᠲᠤᠳᠤ ᠬᠠᠷᠠᠭᠳᠠᠯ᠎ᠠ᠃ ᠲᠡᠷᠡ ︽ᠠ︕ ᠠᠮᠠᠷᠠᠭ ᠬᠠᠨᠢ ᠮᠢᠨᠢ ᠲᠡᠨᠳᠡ ᠯᠡ ᠠᠮᠤᠷ ᠲᠦᠪᠰᠢᠨ ᠪᠠᠶᠢᠵᠤ᠂ ᠬᠦᠬᠡᠷᠦᠬᠦᠢ ᠦᠷ᠎ᠡ ᠶᠢ ᠮᠢᠨᠢ ᠁︾ ᠬᠡᠵᠤ ᠪᠤᠳᠤᠵᠤ ᠠᠮᠵᠢᠳᠠᠯ᠎ᠠ ᠶᠠᠮᠠᠷ ᠨᠢᠬᠡᠨ ᠬᠦᠨᠳᠤ ᠨᠦᠰᠡᠷ ᠶᠠᠭᠤᠮ᠎ᠠ ᠲᠤᠯᠤᠭᠠᠢ ᠤᠷᠤᠭᠤ ᠨᠢ ︽ᠲᠦᠱ︾ ᠬᠢᠳᠡᠯ᠎ᠡ ᠵᠠᠯᠠᠷᠠᠨ ᠪᠠᠭᠤᠵᠠᠢ ᠁ᠤᠰᠤᠨ ᠳᠤ ᠶᠠᠪᠤᠬᠤ ᠵᠠᠮ ᠢᠶᠠᠨ ᠪᠤᠷᠤᠭᠤᠯᠠᠵᠤ᠂ ᠤᠤᠯ ᠵᠠᠮ ᠠᠴᠠ ᠲᠠᠪᠢᠭᠠᠳ ᠠᠯᠬᠤᠮ ᠤᠨ ᠲᠡᠭᠡᠬᠦᠷ ᠪᠤᠯᠠᠭ ᠤᠨ ᠡᠬᠢᠨ ᠳᠤ ᠤᠴᠢᠬᠤ ᠪᠠᠷ ᠡᠮ᠎ᠡ ᠶᠠᠩᠬᠢᠷ ᠪᠤᠳᠤᠯᠭ᠎ᠠ ᠲᠤᠭᠳᠠᠪᠠ᠃ ᠵᠠᠮ ᠮᠦᠷ ᠦᠬᠡᠢ ᠲᠡᠭᠡᠷ᠎ᠡ ᠪᠠᠨ ᠠᠶᠤᠮᠰᠢᠭᠳᠠᠢ ᠬᠡᠳᠡᠭ ᠢ ᠲᠤᠳᠤᠷᠬᠠᠢ ᠮᠡᠳᠡᠪᠡᠴᠤ᠂ ᠲᠡᠬᠦᠨ ᠠᠴᠠ ᠦᠬᠡᠷ᠎ᠠ ᠲᠤᠬᠢᠳᠠᠢ ᠠᠷᠭ᠎ᠠ ᠲᠡᠬᠦᠨ ᠳᠤ ᠤᠯᠳᠠᠭᠰᠠᠨ ᠦᠬᠡᠢ᠃ ᠲᠡᠷᠡ ᠬᠦᠨᠳᠤ ᠬᠡᠳᠡᠰᠤ ᠪᠠᠨ ᠴᠢᠷᠴᠤ᠂ ᠬᠦᠯᠦᠰᠤ ᠤᠰᠤ ᠪᠠᠨ ᠭᠤᠭᠤᠵᠢᠭᠤᠯᠤᠭᠰᠠᠭᠠᠷ ᠮᠦᠴᠡ ᠬᠢᠷᠢᠳᠡᠢ ᠵᠠᠮᠨᠠᠭᠠᠳ ᠲᠦᠡᠭᠬᠡᠵᠤ ᠤᠰᠤᠨ ᠤ ᠪᠠᠷ᠎ᠠ ᠦᠵᠡᠯ᠎ᠡ᠃ᠤᠰᠤ᠂ ᠵᠦᠪᠬᠡᠨ ᠤᠰᠤ ᠲᠡᠳᠦᠢ ᠯᠡ ᠪᠢᠰᠢ ᠪᠠᠶᠢᠵᠠᠢ᠃ ᠬᠠᠷᠢᠨ ᠪᠠᠯ ᠪᠤᠷᠠᠮ᠂ ᠠᠮᠢᠳᠤ ᠶᠢᠨ ᠷᠠᠰᠢᠶᠠᠨ ᠬᠡᠪᠡᠯ ᠨᠢᠬᠡ ᠯᠡ ᠦᠬᠡ ᠡ︕ ᠬᠤᠷᠤᠮᠬᠠᠨ ᠵᠠᠭᠤᠷ᠎ᠠ ᠬᠤᠪᠳᠤᠭᠯᠠᠨ ᠤᠤᠭᠤᠭᠰᠠᠨ ᠳᠠᠭᠠᠨ ᠪᠡᠶ᠎ᠡ ᠪᠠᠨ ᠵᠢᠮᠡᠯᠡᠵᠤ ᠠᠪᠤᠭᠰᠠᠨ ᠡᠮ᠎ᠡ ᠶᠠᠩᠬᠢᠷ ᠬᠤᠤᠷᠳᠠᠨ ᠲᠠᠶᠢᠰᠤᠨ — ᠭᠤᠵᠣᠭᠤᠷ ᠴᠢᠳᠬᠦᠷ ᠤᠳ ᠪᠠᠰᠠ ᠬᠦᠷᠦᠬᠡᠳ ᠢᠷᠡᠬᠦ ᠴᠤ ᠪᠢᠯᠡ ᠤᠤ ᠬᠡᠰᠡᠨ ᠰᠢᠭ ᠤᠷᠴᠢᠨ ᠲᠤᠭᠤᠷᠢᠨ ᠢᠶᠠᠨ ᠰᠡᠷᠡᠮᠵᠢᠳᠡᠶᠢᠬᠡᠨ ᠠᠵᠢᠪᠠ᠃ᠲᠡᠷᠡ ᠬᠠᠨᠳᠠᠯ᠎ᠠ ᠤᠤᠭᠤᠵᠤ ᠠᠪᠤᠭᠠᠳ ᠵᠢᠭᠠᠬᠠᠨ ᠠᠮᠢᠰᠬᠤᠭ᠎ᠠ ᠠᠪᠴᠢᠬᠠᠭᠠᠳ ᠪᠤᠴᠠᠬᠤ ᠪᠠᠷ ᠲᠦᠯᠦᠪᠯᠡᠵᠡᠢ᠃ ᠲᠡᠬᠦᠨ ᠤ ᠨᠢᠳᠤ ᠪᠠᠨ ᠠᠨᠢᠵᠤ ︽ᠦᠷ᠎ᠡ ᠮᠢᠨᠢ᠂ ᠤᠳᠤ ᠴᠤ ᠪᠢᠳᠡ ᠬᠠᠳᠠᠵᠤ ᠦᠬᠦᠬᠦ ᠬᠠᠳᠠᠭᠤ ᠠᠶᠤᠯ ᠠᠴᠠ ᠮᠤᠯᠳᠤᠷᠠᠯ᠎ᠠ ᠰᠢᠤ ᠁︾ ᠬᠡᠵᠤ ᠰᠡᠳᠬᠢᠯ ᠲᠠᠯᠪᠢᠭᠤᠷᠠᠨ ᠪᠤᠳᠤᠵᠤ ᠠᠮᠵᠢᠬᠤ ᠶᠢᠨ ᠬᠢᠨᠢ ᠵᠠᠪᠰᠠᠷ ᠦᠨᠦ ᠰᠤᠨᠢᠬᠠᠨ ᠴᠢᠮᠡᠭᠡ᠂ ᠡᠳᠡᠬᠡᠳ ᠦᠨᠦᠷ ᠤᠤᠯ ᠤᠨ ᠤᠰᠤᠨ ᠤ ᠭᠠᠵᠠᠷ ᠤᠷᠴᠢᠮ ᠠᠴᠠ ᠲᠠᠬᠢᠨᠳᠠ ᠰᠤᠨᠤᠷ ᠢ ᠨᠢ ᠲᠤᠷᠬᠢᠭᠤᠯᠤᠨ ᠰᠠᠷᠠᠯ ᠢ ᠨᠢ ᠬᠦᠨᠳᠡᠵᠤ ᠢᠷᠡᠯ᠎ᠡ᠃ ︽ᠠᠶᠤᠯ᠂ ᠬᠠᠷ᠎ᠠ ᠠᠶᠤᠯ︾ ᠬᠦᠮᠦᠷᠢᠨ ᠢᠷᠡᠭᠰᠡᠨ ᠬᠡᠳᠡᠭ ᠢ ᠢᠵᠢᠯᠢ ᠪᠠᠨ ᠠᠯᠳᠠᠭᠰᠠᠨ ᠬᠠᠷᠠᠰᠠᠯᠳᠤ ᠤᠴᠠᠷᠠᠯ ᠨᠢ ᠲᠡᠬᠦᠨ ᠳᠤ ᠲᠤᠳᠤᠷᠬᠠᠢ ᠬᠡᠯᠡᠵᠤ ᠦᠭᠴᠤ ᠪᠠᠶᠢᠯ᠎ᠠ᠃ ᠭᠤᠵᠤᠭᠤᠷ ᠴᠢᠳᠬᠦᠷ ᠤᠳ ᠲᠤ ᠪᠠᠰᠠ ᠯᠡ ᠰᠡᠷᠡᠭᠳᠡᠵᠡᠢ᠃ ᠡᠮ᠎ᠡ ᠶᠠᠩᠬᠢᠷ ᠤᠬᠤᠰᠬᠢᠨ ᠡᠷᠬᠢᠯ᠎ᠡ᠃ ᠤᠤᠯ ᠤᠨ ᠤᠰᠤᠨ ᠤ ᠭᠠᠵᠠᠷ ᠠᠳᠡ ᠠᠴᠠ ᠲᠠᠪᠢᠭᠠᠳ ᠯᠡ ᠠᠯᠬᠤᠮ ᠵᠠᠶᠢᠳᠠᠢ ᠪᠠᠶᠢᠳᠠᠭ ᠪᠤᠯᠬᠤᠷ ᠠᠭᠠᠵᠢᠭᠤᠯᠠᠵᠤ ᠡᠰᠡ ᠪᠤᠯᠤᠨ᠎ᠠ᠃ ᠲᠡᠷᠡ ᠬᠠᠷᠭᠠᠨ᠎ᠠ ᠤᠯᠠᠭᠠᠪᠦᠷ ᠤᠨ ᠢᠭ᠌ᠴᠢ ᠰᠠᠬᠤᠯᠢᠭ ᠢ ᠨᠢ ᠠᠰᠢᠭᠯᠠᠨ ᠬᠠᠵᠠᠭᠤ ᠲᠡᠰᠢᠭᠤᠯᠤᠨ ᠲᠡᠭᠡᠭᠰᠢ ᠲᠡᠮᠡᠤᠯᠪᠡ᠃︽ᠭᠤᠸᠠ ᠯᠡ ᠱᠠ ᠯᠠ᠂ ᠭᠤᠸᠠ ᠯᠠ ᠱᠠ ᠯᠠ ᠁︾᠃ ᠶᠠᠩᠬᠢᠷ ᠤᠨ ᠵᠢᠭᠤᠳᠠᠨ ᠲᠤᠳᠠᠭᠠᠭᠰᠠᠨ ᠢ ᠤᠯᠵᠤ ᠬᠠᠷᠠᠭᠰᠠᠨ ᠭᠤᠵᠤᠭᠤᠷ ᠤᠳ ᠨᠢᠭᠤᠨ ᠲᠠᠯᠳᠠᠯᠠᠬᠤ ᠪᠠᠨ ᠪᠣᠯᠢᠭᠠᠳ ᠤᠷᠢᠯᠠᠨ ᠪᠠᠷᠬᠢᠯᠳᠤᠭᠰᠠᠭᠠᠷ ᠰᠢᠭᠤᠳ ᠨᠢᠬᠡᠨ ᠢᠷᠡᠵᠤ ᠪᠠᠶᠢᠭ᠎ᠠ ᠨᠢ ᠲᠤᠳᠤᠷᠬᠠᠢ᠃ ᠤᠳᠤ ᠠᠮᠠᠷᠠᠭ ᠬᠠᠨᠢ — ᠲᠡᠭᠡ ᠶᠠᠩᠬᠢᠷ ᠤᠨ ᠬᠢᠨᠢ ᠬᠠᠮᠠᠭᠠᠯᠠᠯ ᠪᠦᠪᠠᠶᠢᠯᠠᠯ ᠲᠡᠬᠦᠨ ᠳᠤ ᠪᠠᠶᠢᠬᠤ ᠦᠬᠡᠢ ᠪᠤᠯᠤᠭᠰᠠᠨ᠃ ᠡᠩᠬᠦᠷᠡᠢ ᠦᠷ᠎ᠡ ᠪᠠᠨ ᠡᠰᠡᠨ ᠮᠠᠨᠳᠤ ᠲᠦᠷᠦᠵᠤ ᠦᠰᠬᠡᠬᠦ ᠲᠠᠷᠬᠠᠨ ᠡᠬᠦᠷᠬᠡ ᠲᠤᠷᠤᠢ ᠪᠠᠭᠤᠷᠠᠢ ᠭᠠᠭᠴᠠ ᠪᠡᠶ᠎ᠡ ᠳᠤᠨᠢ ᠲᠤᠯᠭᠠᠷᠠᠭᠰᠠᠨ ᠢ ᠡᠮ᠎ᠡ ᠶᠠᠩᠬᠢᠷ ᠲᠤᠳᠤ ᠠᠴᠠ ᠲᠤᠳᠤ ᠮᠡᠳᠡᠨ᠎ᠡ᠃ ᠲᠡᠬᠡᠬᠦ ᠪᠠᠷ ᠲᠡᠬᠦᠨ ᠤ ᠬᠦᠶᠤᠳᠡᠯ ᠠᠯᠢ ᠴᠤ ᠤᠳᠠᠭ᠎ᠠ ᠲᠠᠢ ᠨᠢ ᠠᠳᠠᠯᠢᠳᠬᠠᠰᠢ ᠦᠬᠡᠢ ᠬᠤᠷᠳᠤᠨ ᠪᠠᠶᠢᠭᠰᠠᠨ ᠪᠦᠬᠡᠳ ᠲᠡᠭᠡᠷ᠎ᠡ ᠤᠳᠠᠭ᠎ᠠ — ᠲᠡᠭᠡ ᠶᠠᠩᠬᠢᠷ ᠤᠨ ᠠᠳᠡᠭᠰᠡᠨ ᠲᠡᠷᠡ ᠤᠳᠠᠭ᠎ᠠ ᠠᠴᠠ ᠴᠤ ᠲᠦᠷᠬᠡᠨ ᠪᠤᠯᠤᠭᠰᠠᠨ  ᠨᠢ ᠭᠠᠶᠢᠬᠠᠯᠳᠠᠢ ᠪᠠᠶᠢᠪᠠ᠃︽ᠲᠦᠡᠭ ᠲᠠᠩ᠂ ᠲᠦᠡᠭ ᠲᠠᠩ ᠁︾ ᠭᠤᠵᠤᠭᠤᠷ ᠴᠢᠳᠬᠦᠷ ᠤᠳ ᠤᠨ ᠬᠦᠬᠡ ᠤᠳᠤᠭ᠎ᠠ ᠲᠠᠢ ᠬᠦᠨᠳᠡᠯᠡᠨ ᠲᠦᠡᠭᠽᠢ ᠡᠷᠦᠢ ᠬᠤᠷᠤᠢ ᠦᠬᠡᠢ ᠲᠤᠤᠭᠠᠷᠤᠨ᠂ ᠲᠡᠬᠦᠨ ᠠᠴᠠ ᠨᠢ ᠰᠤᠭᠤᠷᠠᠨ ᠭᠠᠷᠤᠭᠰᠠᠨ ᠬᠦᠴᠦᠳᠤ ᠶᠠᠭᠤᠮ᠎ᠠ ᠬᠠᠵᠠᠭᠤ ᠬᠠᠪᠢᠷᠭ᠎ᠠ ᠪᠠᠷ ᠨᠢ ︽ᠰᠢᠣ ᠰᠢᠤ ᠁︾ ᠢᠰᠬᠡᠷᠤᠨ ᠦᠡᠭᠬᠡᠷᠡᠬᠦ ᠪᠦᠬᠡᠳ ᠬᠠᠳᠠ ᠪᠤᠳᠠᠨ ᠲᠡᠭᠡᠷ᠎ᠡ ᠭᠠᠯ ᠭᠠᠷᠳᠠᠯ᠎ᠠ ︽ᠨᠢᠱ ᠲᠢᠱ︾ ᠪᠤᠳᠠᠷᠠᠨ ᠲᠤᠰᠤᠨ᠎ᠠ᠃ ︽ᠡᠨᠡ ᠶᠠᠭᠤᠮᠠᠨ ᠳᠤ ᠰᠦᠪᠡᠯᠡᠭᠳᠡᠪᠡᠯ ᠴᠤ ᠁︾ ᠬᠡᠬᠦ ᠠᠴᠠ ᠡᠮ᠎ᠡ ᠶᠠᠩᠬᠢᠷ ᠤᠨ ᠪᠦᠬᠦ ᠪᠡᠶ᠎ᠡ ᠨᠢ ᠲᠠᠭᠵᠢᠰᠬᠢᠨ ᠠᠪᠤᠭᠰᠠᠨ ᠪᠤᠯᠪᠠᠴᠤ ᠬᠠᠷᠢᠨ ᠬᠤᠷᠳᠤᠴᠠ ᠨᠢ ᠤᠯᠠᠮ  ᠠᠴᠠ ᠤᠯᠠᠮ ᠴᠢᠩᠭᠠᠷᠠᠵᠤ ᠢᠷᠡᠯ᠎ᠡ᠃ ︽ᠬᠠᠨ ᠬᠠᠶᠢᠷᠬᠠᠨ ᠮᠢᠨᠢ᠂ ᠬᠠᠪᠴᠢᠯ ᠵᠢᠯᠠᠭ᠎ᠠ ᠮᠢᠨᠢ ᠁ ᠬᠠᠶᠢᠷᠠᠯᠠᠨ ᠪᠠᠭᠳᠠᠭᠠᠵᠤ ᠦᠵᠡ ᠡ ᠁ ᠬᠡᠮ ᠦᠬᠡᠢ ᠬᠦᠬᠡᠷᠦᠬᠦᠨ ᠦᠷ᠎ᠡ ᠳᠤ ᠮᠢᠨᠢ ᠬᠡᠷ ᠪᠤᠯᠤᠨ ᠰᠡᠬᠦᠶᠢᠵᠤ ᠦᠯᠦᠬᠡᠢ ᠪᠤᠯᠤᠨ ᠪᠦᠪᠡᠶᠢᠯᠡ ᠳ᠋ᠠ ᠁ ᠬᠠᠨ ᠬᠠᠶᠢᠷᠬᠠᠨ ᠮᠢᠨᠢ᠂ ᠬᠠᠪᠴᠢᠯ ᠵᠢᠯᠠᠭ᠎ᠠ ᠮᠢᠨᠢ ᠡ ᠁︾ᠬᠤᠤᠷ ᠤᠨ ᠦᠨᠳᠤᠰᠤ ᠬᠤᠶᠠᠷ ᠬᠦᠯ ᠲᠠᠢ ᠴᠢᠳᠬᠦᠷ ᠤᠳ ᠠᠴᠠ ᠲᠤᠳᠠᠭᠠᠵᠤ ᠭᠠᠷᠴᠤ ᠪᠤᠯᠳᠠᠭ ᠯᠡ ᠪᠠᠶᠢᠬᠰᠠᠨ ᠴᠤ ᠬᠦᠬᠡ ᠤᠳᠤᠭ᠎ᠠ ᠲᠠᠢ ᠬᠦᠨᠳᠡᠯᠡᠨ ᠲᠦᠡᠭᠽᠢ ᠠᠴᠠ ᠱᠤᠤᠬᠢᠵᠤ ᠢᠷᠡᠬᠦ ᠲᠡᠷᠡ ᠶᠠᠭᠤᠮ᠎ᠠ ᠬᠠᠳᠠ ᠴᠢᠯᠠᠭᠤ ᠶᠢ ᠨᠦᠬᠡᠯᠡᠨ ᠰᠦᠪᠡᠯᠡᠵᠤ᠂ ᠬᠠᠷᠭᠠᠨ᠎ᠠ ᠪᠤᠳᠠᠷᠭᠠᠨ᠎ᠠ ᠶᠢ ᠬᠤᠭᠤᠯᠤᠨ ᠬᠤᠪᠬᠤᠯᠠᠳᠠᠭ ᠬᠤᠶᠢᠨ᠎ᠠ ᠲᠡᠬᠦᠨ ᠠᠴᠠ ᠴᠤ ᠬᠡᠷᠬᠢᠨ ᠵᠢᠭᠤᠳᠠᠵᠤ ᠭᠠᠷᠬᠤ ᠪᠢᠯᠡ︖ ᠲᠡᠭᠡᠭᠡᠳ ᠲᠡᠷᠡ ᠨᠢ ᠬᠠᠷᠭᠠᠨ᠎ᠠ ᠤᠯᠠᠭᠠᠪᠤᠷ ᠤᠨ ᠦᠵᠦᠬᠦᠷ ᠢᠶᠠᠷ ᠬᠠᠷᠠᠶᠢᠯᠠᠨ ᠦᠡᠭᠬᠡᠷᠡᠵᠤ᠂ ᠬᠠᠪᠴᠢᠯ ᠭᠤᠤ ᠶᠢᠨ ᠲᠡᠬᠡᠬᠦᠷ  ᠦᠰᠦᠷᠬᠢᠯᠡᠨ ᠭᠠᠷᠴᠢᠬᠠᠳᠠᠭ ᠠᠷᠳᠠᠭ ᠲᠦᠷᠬᠡᠨ ᠬᠦᠶᠤᠳᠠᠯ ᠲᠠᠢ ᠠᠷᠤ ᠬᠡᠷ ᠤᠨ ᠬᠢᠨᠢ ᠠᠪᠤᠷᠭᠤ ᠲᠦᠰᠢᠭ — ᠠᠮᠠᠷᠠᠭ ᠬᠠᠨᠢ ᠶᠢ ᠨᠢ ᠴᠤ ᠬᠠᠮᠢᠶ᠎ᠠ ᠨᠠᠮᠢᠶ᠎ᠠ ᠦᠬᠡᠢ ᠰᠦᠪᠡᠯᠡᠨ ᠨᠦᠬᠡᠯᠡᠬᠡᠳ ᠬᠠᠯᠠᠭᠤᠨ ᠴᠢᠰᠤ ᠶᠢ ᠨᠢ ᠰᠤᠷᠤᠨ ᠲᠠᠭᠤᠰᠬᠠᠵᠤ᠂ ᠬᠠᠷᠠᠮᠰᠠᠯᠳᠠᠢ ᠪᠠᠷ ᠴᠠᠭᠠᠳᠤ ᠶᠢᠷᠳᠢᠨᠴᠤ  ᠳᠤ ᠶᠠᠪᠤᠭᠤᠯᠤᠭᠰᠠᠨ ᠬᠠᠷ᠎ᠠ ᠬᠤᠤᠷᠳᠠᠢ ᠬᠠᠳᠠᠭᠤ ᠶᠠᠭᠤᠮ᠎ᠠ ᠬᠡᠭᠴᠢ ᠶᠢ ᠡᠮ᠎ᠡ ᠶᠠᠩᠬᠢᠷ ᠶᠠᠭᠠᠬᠢᠭᠰᠠᠨ ᠴᠤ ᠮᠠᠷᠳᠠᠵᠤ ᠴᠢᠳᠠᠬᠤ ᠦᠬᠡᠢ ᠪᠠᠳᠤ ᠴᠡᠬᠡᠵᠢᠯᠡᠵᠤ ᠪᠠᠶᠢᠨ᠎ᠠ ᠰᠢᠣ ᠳ᠋ᠠ᠃ ᠤᠳᠤ ᠲᠡᠬᠦᠨ ᠤ ᠲᠠᠷᠢᠬᠢᠨ ᠳᠤ ︽ᠠᠷᠭ᠎ᠠ᠂ ᠠᠷᠭ᠎ᠠ ᠤᠬᠠᠭᠠᠨ︾ ᠬᠡᠰᠡᠨ ᠶᠠᠭᠤᠮ᠎ᠠ ᠯᠡ ᠭᠠᠵᠠᠷ ᠠᠪᠤᠨ ᠡᠷᠬᠢᠯᠳᠤᠵᠤ ᠪᠠᠶᠢᠪᠠ ᠁ ᠲᠡᠷᠡ ᠦᠪᠡᠷ ᠤᠨ ᠲᠦᠷᠦᠵᠤ ᠦᠰᠦᠭᠰᠡᠨ ᠠᠭᠤᠯᠠᠨ ᠠᠭᠤᠢ ᠪᠠᠨ ᠰᠠᠨᠠᠵᠤ ᠤᠯᠤᠯ᠎ᠠ᠃ ︽ᠲᠡᠶᠢᠮᠤ ᠡ᠂ ᠲᠡᠨᠳᠡ ᠤᠴᠢᠶ᠎ᠠ︕ ᠲᠡᠷᠡ ᠪᠤᠯ ᠦᠶ᠎ᠡ  ᠶᠢᠨ ᠦᠶ᠎ᠡ ᠪᠠᠷ ᠢᠶᠠᠨ ᠬᠡᠣᠬᠡᠳ ᠠᠴᠢᠨᠠᠷ ᠢᠶᠠᠨ ᠦᠷᠡᠵᠢᠬᠦᠯᠵᠤ ᠦᠰᠭᠡᠳᠡᠭ ᠦᠯᠦᠬᠡᠢ — ᠲᠡᠯᠳᠡ ᠨᠢᠭᠤᠴᠠᠭᠠᠢ ᠲᠠᠷᠬᠠᠨ ᠤᠷᠤᠨ ᠶᠤᠮ᠃ ᠬᠤᠷᠳᠣᠨ ᠣᠴᠢᠶ᠎ᠠ︕︾ᠲᠡᠷᠡ ᠠᠭᠤᠯᠠᠨ ᠠᠭᠤᠢ ᠨᠢ ᠠᠳᠡ ᠠᠴᠠ ᠲᠠᠪᠤᠨ ᠵᠠᠭᠤᠨ ᠠᠯᠬᠤᠮ ᠤᠨ ᠵᠠᠶᠢᠳᠠᠢ ᠯᠡ ᠪᠠᠶᠢᠳᠠᠭ ᠠᠭᠤᠯᠠᠨ ᠪᠤᠯᠳᠤᠭᠤᠷ ᠤᠨ ᠠᠷᠤ ᠬᠠᠵᠠᠭᠤ ᠳᠤ ᠤᠪᠤᠶᠢᠵᠤ ᠭᠠᠷᠤᠭᠰᠠᠨ ᠪᠢᠴᠢᠬᠠᠨ ᠬᠠᠳᠠᠨ ᠳᠤ ᠪᠠᠶᠢᠷᠢᠰᠢᠵᠤ᠂ ᠶᠠᠭ ᠲᠡᠷᠡ ᠪᠤᠯᠳᠤᠭᠤᠷ ᠢ ᠰᠢᠬᠠᠬᠰᠠᠨ ᠤᠷᠤᠭᠰᠢ ᠬᠠᠷᠠᠭᠰᠠᠨ ᠡᠬᠦᠳᠡ ᠲᠠᠢ ᠪᠤᠯᠬᠤᠷ ᠲᠤᠩ ᠨᠢᠭᠤᠴᠠ ᠲᠠᠯᠳᠠ ᠭᠠᠵᠠᠷ ᠪᠠᠶᠢᠵᠠᠢ ᠃ ᠡᠷᠬᠢᠨ ᠲᠤᠭᠤᠷᠢᠨ ᠢᠶᠠᠷ ᠨᠢ ᠤᠯᠢᠶᠠᠰᠤᠨ ᠮᠤᠳᠤ ᠵᠢᠭᠳᠡᠷᠡᠬᠡᠳ ᠬᠠᠷᠠᠭ᠎ᠠ ᠰᠡᠷᠡᠯ ᠤᠨ ᠬᠠᠯᠬᠠᠪᠴᠢ ᠪᠤᠯᠤᠭᠰᠠᠨ ᠪᠦᠬᠡᠳ ᠲᠡᠨᠳᠡ ᠬᠦᠷᠳᠡᠯᠡᠬᠢ ᠵᠠᠮ ᠨᠢ ᠪᠡᠷᠬᠡ ᠪᠠᠷᠳᠠᠭ᠎ᠠ ᠶᠡᠭᠡ ᠲᠠᠢ ᠪᠦᠬᠡᠳ ᠤᠢ ᠮᠤᠳᠤ ᠰᠠᠬᠤᠯᠢᠭ ᠪᠤᠯᠬᠤᠷ ᠪᠡᠶ᠎ᠡ ᠲᠠᠯᠳᠠᠯᠠᠬᠤ ᠰᠠᠶᠢᠨ ᠲᠠᠯ᠎ᠠ ᠲᠠᠢ ᠪᠠᠶᠢᠳᠠᠭ ᠠᠵᠠᠢ᠃ ᠨᠡᠩ ᠴᠤ ᠠᠭᠤᠢ ᠶᠢᠨ ᠤᠶᠢᠷᠠᠯᠴᠠᠭᠠᠬᠢ ᠬᠤᠷᠢᠭᠠᠳ ᠠᠯᠬᠤᠮ  ᠤᠨ ᠵᠠᠮ ᠢ ᠢᠷᠡᠵᠤ ᠦᠡᠭᠬᠡᠷᠡᠭᠰᠡᠨ ᠦᠬᠡᠢ ᠠᠮᠢᠳᠠᠳ ᠪᠤᠯ ᠶᠠᠭᠠᠬᠢᠭᠰᠠᠨ ᠴᠤ ᠡᠷᠢᠵᠤ ᠤᠯᠬᠤ ᠦᠬᠡᠢ ᠪᠠᠶᠢᠳᠠᠭ ᠪᠦᠬᠡᠳ ᠬᠤᠶᠠᠷ ᠬᠦᠯ ᠲᠠᠢ ᠭᠤᠵᠤᠭᠤᠷ ᠤᠳ ᠲᠤ ᠪᠤᠯ ᠨᠡᠩ ᠴᠤ ᠲᠡᠶᠢᠮᠤ ᠬᠢᠯᠪᠠᠷᠬᠠᠨ ᠣᠯᠣᠭᠠᠳ ᠠᠪᠴᠢᠬᠠᠬᠤ ᠯᠡ ᠠᠵᠤ ᠪᠢᠰᠢ ᠪᠠᠶᠢᠯ᠎ᠠ᠃︽ᠲᠦᠡᠭ ᠲᠠᠩ ᠁︾ ᠦᠨᠤ ᠨᠦᠰᠡᠷ ᠲᠠᠭᠤᠨ ᠲᠠᠰᠤᠷᠠᠭ᠎ᠠ ᠦᠬᠡᠢ ᠲᠤᠭᠤᠯᠳᠠᠨ ︽ᠰᠢᠤ ᠰᠢᠤ ᠁︾ ᠬᠡᠮᠡᠨ ᠠᠭᠠᠷ ᠲᠡᠭᠷᠢ ᠳᠤ ᠡᠯᠢᠨ ᠬᠠᠯᠢᠨ ᠴᠤᠤᠷᠢᠶ᠎ᠠ ᠲᠠᠳᠠᠭᠠᠳ ︽ᠲᠢᠱ ᠨᠢᠱ︾ ᠬᠢᠳᠡᠯ᠎ᠡ ᠠᠭᠤᠯᠠ ᠬᠠᠳᠠᠨ ᠳᠤ ᠬᠠᠶᠢᠷ᠎ᠠ ᠨᠠᠶᠢᠷ ᠦᠬᠡᠢ ᠴᠤᠷᠬᠢᠨ ᠪᠠᠭᠤᠨ᠎ᠠ᠃ᠡᠮ᠎ᠡ ᠶᠠᠩᠬᠢᠷ ᠡᠨᠡ ᠪᠦᠬᠦᠨ ᠠᠴᠠ ᠠᠶᠤᠵᠤ ᠰᠦᠷᠳᠡᠬᠦ ᠴᠤ ᠦᠬᠡᠢ ᠪᠤᠯᠵᠠᠢ᠃ ᠲᠡᠬᠦᠨ ᠤ ᠪᠦᠬᠦ ᠪᠡᠶ᠎ᠡ ᠬᠦᠯᠦᠷᠡᠨ᠂ ᠬᠦᠵᠦᠬᠦᠣ ᠨᠢ ᠭᠤᠷᠤᠶᠢᠨ ᠰᠤᠨᠵᠤ᠂ ᠬᠦᠯ ᠨᠢ ᠨᠠᠷᠢᠰᠤᠨ ᠵᠢᠷᠢᠯᠵᠡᠬᠡᠳ᠂ ᠬᠡᠳᠡᠰᠤ ᠨᠢ ᠤᠯᠠᠮ ᠠᠴᠠ ᠪᠦᠳᠦᠬᠦᠷᠡᠨ ᠲᠤᠮᠤᠷᠠᠵᠤ᠂ ᠡᠮ᠎ᠡ ᠶᠠᠩᠬᠢᠷ ᠲᠤ ᠯᠡ ᠪᠠᠶᠢᠳᠠᠭ ᠭᠤᠸ᠎ᠠ ᠦᠵᠡᠰᠬᠦᠯᠡᠩ ᠭᠠᠯᠪᠢᠷ ᠲᠦᠷᠬᠦ ᠨᠢ ᠦᠴᠦᠬᠡᠨ ᠴᠤ ᠬᠠᠷᠠᠭᠳᠠᠬᠤ ᠪᠠᠨ ᠪᠤᠯᠢᠵᠠᠢ᠃ ᠬᠡᠳᠡᠯ᠎ᠡ ᠲᠡᠬᠦᠨ ᠳᠤ ᠡᠨᠡ ᠪᠦᠬᠦᠨ ᠢ ᠠᠩᠵᠠᠭᠠᠷᠠᠬᠤ ᠵᠠᠪ ᠴᠢᠯᠦᠬᠡ ᠬᠡᠵᠤ ᠬᠠᠨᠣᠰᠠ  ᠠᠴᠠ ᠪᠠᠶᠢᠬᠤ ᠪᠢᠯᠠ᠃ᠶᠠᠩᠬᠢᠷ ᠪᠢᠴᠢᠬᠠᠨ ᠪᠤᠯᠳᠤᠭᠤᠷ ᠢ ᠤᠷᠢᠶᠠᠭᠠᠳ ᠭᠠᠷᠤᠯ᠎ᠠ᠃ ᠭᠤᠵᠤᠭᠤᠷ ᠤᠳ ᠵᠠᠭᠤᠭᠠᠳ ᠠᠯᠬᠤᠮ ᠤᠨ ᠴᠠᠭᠠᠨ᠎ᠠ ᠤᠷᠢᠯᠠᠨ ᠬᠠᠰᠬᠢᠷᠴᠤ ᠪᠠᠶᠢᠬᠤ ᠶᠢ ᠶᠠᠩᠬᠢᠷ ᠬᠤᠷᠴᠠ ᠰᠡᠷᠡᠯ ᠢᠶᠠᠷ ᠢᠶᠠᠨ ᠮᠡᠳᠡᠵᠤ ᠪᠠᠶᠢᠯ᠎ᠠ᠃ ᠤᠳᠤ ᠲᠡᠭᠡᠭᠰᠢ ᠦᠭᠰᠤᠨ ᠨᠠᠶᠠ ᠶᠡᠷᠡᠨ ᠠᠯᠬᠤᠮ ᠲᠠᠢ ᠪᠤᠯ ᠠᠭᠤᠢ ᠳᠤ ᠬᠦᠷᠴᠢᠬᠡᠨ᠎ᠡ᠃ ᠡᠮ᠎ᠡ ᠶᠠᠩᠬᠢᠷ ᠬᠦᠨ ᠬᠡᠭᠴᠢ ᠠᠮᠢᠰᠬᠤᠵᠤ ᠠᠪᠤᠭᠠᠳ ︽ᠬᠦᠬᠡᠷᠦᠬᠦᠢ ᠦᠷ᠎ᠡ ᠮᠢᠨᠢ᠂ ᠶᠢᠷᠳᠢᠨᠴᠦ ᠶᠢᠨ ᠨᠠᠷᠠ ᠶᠢ ᠦᠵᠡᠬᠦ ᠬᠤᠪᠢ ᠲᠠᠢ ᠠᠵᠠᠢ ᠁︾ ᠬᠡᠮᠡᠨ ᠪᠤᠳᠤᠬᠤ ᠪᠠᠷ ᠬᠠᠯᠠᠭᠤᠨ ᠨᠢᠯᠪᠤᠰᠤ ᠨᠢ ᠤᠷᠤᠰᠬᠤ ᠠᠯᠳᠠᠭᠠᠳ ᠬᠠᠮᠤᠭ ᠪᠡᠶ᠎ᠡ ᠨᠢ ᠲᠠᠯᠪᠢᠭᠤᠷᠠᠵᠤ ᠢᠷᠡᠵᠡᠢ᠃ᠭᠤᠵᠤᠭᠤᠷ ᠴᠢᠳᠬᠦᠷ ᠤᠳ ᠠᠭᠤᠯᠠᠨ ᠪᠤᠯᠳᠤᠭᠤᠷ ᠢ ᠤᠷᠢᠶᠠᠭᠠᠳ ᠭᠠᠷᠴᠤ ᠢᠷᠡᠬᠦ ᠦᠶ᠎ᠡ ᠳᠤ ᠡᠮ᠎ᠡ ᠶᠠᠩᠬᠢᠷ ᠠᠯᠢ ᠬᠡᠳᠤᠶᠢᠨᠡᠢ ᠠᠭᠤᠯᠠᠨ ᠠᠭᠤᠢ ᠳᠠᠭᠠᠨ ᠠᠮᠤᠷ ᠲᠠᠶᠢᠪᠤᠡᠭ ᠬᠦᠷᠦᠬᠡᠳ ᠢᠷᠡᠴᠢᠬᠡᠭᠰᠡᠨ ᠪᠠᠶᠢᠯ᠎ᠠ᠃ ᠭᠤᠵᠤᠭᠤᠷ ᠤᠳ  ᠤᠨ ︽ᠭᠤᠸᠠ ᠯᠠ ᠱᠠ ᠯᠠ ᠁︾ ᠬᠡᠬᠦ ᠡᠭᠳᠡᠬᠦᠤ ᠬᠦᠷᠬᠡᠮ᠎ᠡ ᠭᠠᠰᠠᠩ ᠲᠠᠭᠤᠨ ᠠᠭᠤᠢ ᠶᠢᠨ ᠤᠶᠢᠷᠠᠯᠴᠠᠭ᠎ᠠ ᠰᠤᠨᠤᠰᠳᠠᠨ ᠪᠠᠶᠢᠬᠰᠠᠨ ᠢᠶᠠᠨ ᠢᠳᠡᠭ ᠢᠳᠡᠭ ᠢᠶᠠᠷ ᠴᠢᠨᠠᠭᠰᠢᠯᠠᠯ᠎ᠠ᠃ ᠲᠡᠳᠡ ᠶᠠᠩᠬᠢᠷ ᠤᠨ ᠪᠡᠷ᠎ᠡ ᠶᠢ ᠠᠯᠳᠠᠴᠢᠬᠠᠭᠠᠳ ᠡᠷᠢᠯ ᠪᠤᠯᠵᠤ ᠪᠠᠶᠢᠭ᠎ᠠ ᠠᠵᠣᠭᠤ᠃ᠶᠠᠩᠬᠢᠷ ᠤᠳᠤ ᠰᠠᠶ᠋ᠢ ᠶᠠᠳᠠᠷᠠᠭᠰᠠᠨ ᠢᠶᠠᠨ ᠮᠡᠳᠡᠯ᠎ᠡ᠃ ᠪᠦᠬᠦ ᠪᠡᠶ᠎ᠡ ᠨᠢ ᠲᠠᠭᠵᠢᠨ ᠴᠡᠴᠡᠷᠡᠬᠦ ᠪᠦᠬᠡᠳ ᠬᠡᠳᠡᠰᠤ ᠨᠢ ᠦᠶ᠎ᠡ ᠦᠶ᠎ᠡ ᠮᠤᠰᠬᠢᠨ ᠡᠪᠡᠳᠴᠤ ᠪᠠᠶᠢᠯ᠎ᠠ᠃ ᠢᠰᠢᠬᠡᠯᠡᠬᠦ ᠴᠠᠭ ᠨᠢ ᠠᠷᠠᠢ ᠪᠤᠯᠤᠭ᠎ᠠ ᠦᠬᠡᠢ ᠪᠤᠯᠬᠤᠷ ᠡᠮ᠎ᠡ ᠶᠠᠩᠬᠢᠷ ᠲᠦᠷᠬᠡᠨ ᠬᠦᠶᠤᠯᠳᠡ ᠠᠴᠠ ᠪᠤᠯᠤᠯ᠎ᠠ ᠬᠡᠮᠡᠨ ᠪᠤᠳᠤᠭᠠᠳ ᠠᠭᠤᠢ ᠶᠢᠨ ᠲᠤᠳᠤᠷᠠᠬᠢ ᠬᠠᠭᠤᠷᠠᠢ ᠭᠠᠵᠠᠷ ᠬᠦᠯ ᠵᠢᠬᠢᠨ ᠬᠡᠪᠳᠡᠯ᠎ᠡ᠃ ᠬᠡᠳᠤᠢ ᠤᠳᠠᠭᠰᠠᠨ ᠢ ᠪᠤᠤ ᠮᠡᠳᠡ᠂ ᠤᠷᠢᠯᠠᠨ ᠬᠠᠰᠬᠢᠷᠬᠤ ᠲᠠᠭᠤᠨ ᠢᠶᠠᠷ ᠡᠮ᠎ᠡ ᠶᠠᠩᠬᠢᠷ ᠵᠦᠳᠡᠬᠦᠬᠡᠨ ᠰᠡᠷᠡᠪᠡ᠃ ᠶᠠᠳᠠᠷᠠᠨ ᠲᠤᠶᠢᠯᠳᠠᠭᠰᠠᠨ ᠲᠡᠷᠡ ᠪᠠᠷ ᠪᠦᠬᠡ ᠤᠨᠳᠠᠭᠰᠠᠨ ᠪᠠᠶᠢᠵᠠᠢ᠃ ᠨᠢᠯᠤᠭᠤᠨ ᠮᠠᠭᠤᠬᠠᠢ ᠦᠨᠦᠷ ᠶᠠᠭᠠᠬᠢᠬᠤ ᠶᠢᠨ ᠠᠷᠭ᠎ᠠ ᠦᠬᠡᠢ ᠬᠠᠮᠠᠷ ᠭᠠᠳᠠᠮ᠎ᠠ ᠦᠨᠦᠷᠳᠦᠭᠳᠡᠨ ︽ᠭᠤᠸᠠ ᠯᠠ ᠱᠠ ᠯᠠ ᠁︾ ᠬᠡᠳᠡᠭ ᠭᠤᠵᠤᠭᠤᠷ ᠤᠳ ᠤᠨ ᠡᠭᠳᠡᠬᠦᠤ ᠲᠠᠢ ᠲᠠᠭᠤᠨ ᠴᠢᠬᠢ ᠲᠠᠯᠠᠳᠤᠮ᠎ᠠ ᠤᠶᠢᠷᠠᠳᠴᠤ ᠢᠷᠡᠭᠰᠡᠨ ᠪᠠᠶᠢᠵᠤ ᠰᠢᠣ᠃ ᠶᠠᠩᠬᠢᠷ ᠠᠶᠤᠨ ᠰᠤᠴᠢᠭᠰᠠᠨ ᠬᠦᠴᠦᠨ ᠳᠡᠭᠡᠨ ᠭᠤᠰ ᠦᠰᠦᠷᠤᠨ ᠪᠣᠰᠪᠠ᠃ ᠲᠤᠷᠮᠤᠭᠤᠷ ᠬᠤᠶᠠᠷ ᠨᠢᠳᠤ ᠨᠢ ᠤᠷᠤᠨ ᠲᠤᠷᠤᠨ ᠦᠬᠡᠢ ᠬᠦᠯᠢᠪᠡᠯᠵᠡᠵᠤ᠂ ᠨᠠᠮᠠᠶᠢᠭᠰᠠᠨ ᠬᠤᠶᠠᠷ ᠴᠢᠬᠢ ᠨᠢ ᠠᠰ ᠲᠡᠭᠡᠭᠰᠢ ᠪᠠᠨ ᠰᠡᠷᠡᠶᠢᠵᠡᠢ᠃ ᠲᠡᠷᠡ ᠠᠭᠤᠢ  ᠠᠴᠠ ᠭᠠᠷᠴᠤ ᠰᠡᠷᠡᠮᠵᠢᠳᠡᠶᠢᠬᠡᠨ ᠠᠵᠢᠭᠯᠠᠪᠠ᠃ ᠭᠤᠵᠤᠭᠤᠷ ᠤᠳ ᠲᠠᠪᠢᠭᠠᠳ ᠯᠡ ᠠᠯᠬᠤᠮ ᠤᠨ ᠵᠠᠶᠢᠳᠠᠢ ᠲᠤᠤᠷ᠎ᠠ ᠬᠠᠵᠠᠭᠤ ᠳᠤᠨᠢ ᠬᠦᠷᠴᠤ ᠢᠷᠡᠴᠢᠬᠡᠬᠡᠳ ᠡᠬᠦᠷ ᠦᠬᠡᠳᠡ ᠨᠢ ᠵᠢᠭᠠᠨ ᠲᠤᠬᠢᠯᠴᠠᠨ ᠬᠦᠬᠡᠷᠦᠯᠳᠤᠵᠤ ᠪᠠᠶᠢᠪᠠ᠃ ᠲᠡᠷᠡ ᠤᠯᠠᠨ ᠲᠠᠨᠢᠯ ᠪᠣᠰᠣ ᠤᠭᠳᠤᠷ ᠲᠤᠭᠳᠤᠷ ᠤᠨ ᠲᠤᠮᠳᠠ ᠡᠳᠡᠬᠡᠳ ᠠᠰᠳᠠᠭᠠᠨ ᠠᠳᠠᠯ᠎ᠠ ᠪᠠᠨ ᠤᠨᠴᠠ ᠶᠢᠨ ᠲᠠᠰᠤᠯ ᠦᠷᠬᠦᠯᠵᠢ ᠶᠠᠭᠤᠮ᠎ᠠ ᠭᠤᠳᠣᠷᠠᠭᠰᠠᠨ ᠤᠨᠴᠠᠭᠠᠢ ᠨᠢᠬᠡᠨ ᠭᠤᠵᠤᠭᠤᠷ ᠬᠠᠷ᠎ᠠ ᠪᠠᠶᠢᠬᠤ ᠪᠠᠷ ᠨᠢ ᠯᠠᠪᠳᠠᠭᠤᠯᠠᠪᠠᠯ ᠬᠡᠴᠢᠨᠡᠬᠡᠨ ᠵᠢᠯ ᠢᠶᠠᠷ ᠡᠲᠦᠷ ᠤᠨ ᠮᠠᠷᠭᠠᠰᠢ ᠦᠪᠡᠷ ᠤᠨ ᠬᠢᠨᠢ ᠢᠵᠢᠯ ᠲᠦᠷᠦᠯᠳᠡᠨ ᠢᠮᠠᠭᠠᠳ ᠢ ᠠᠳᠤᠭᠤᠯᠠᠵᠤ ᠶᠠᠪᠤᠳᠠᠭ ᠨᠤᠮᠤᠬᠠᠨ ᠬᠠᠷ᠎ᠠ ᠪᠠᠶᠢᠯ᠎ᠠ᠃ ᠲᠡᠷᠡ ᠶᠡᠷᠦ ᠠᠴᠠ ᠶᠠᠩᠬᠢᠷ ᠲᠤ ᠬᠤᠤᠷ ᠬᠦᠷᠬᠡᠳᠡᠭ ᠦᠬᠡᠢ ᠪᠤᠯᠬᠤᠷ ᠲᠡᠳ᠋ᠨ ᠬᠡᠨ ᠠᠯᠢᠨ ᠠᠴᠠ ᠪᠠᠨ ᠠᠶᠤᠵᠤ ᠰᠤᠴᠢᠬᠤ ᠦᠬᠡᠢ ᠡᠶ᠎ᠡ ᠨᠠᠶᠢᠷᠳᠠᠢ ᠪᠤᠯᠤᠭᠰᠠᠨ ᠶᠤᠮ᠃ ᠬᠡᠳᠡᠯ᠎ᠡ ᠲᠡᠷᠡ ᠦᠨᠦᠳᠦᠷ ᠶᠠᠭᠠᠬᠢᠬᠤ ᠳᠠᠭᠠᠨ ᠦᠬᠦᠯ ᠤᠨ ᠲᠠᠶᠢᠰᠤᠨ — ᠴᠢᠳᠬᠦᠷ ᠤᠳ ᠲᠢ ᠬᠠᠮᠰᠠᠨ ᠨᠠᠶᠢᠯᠡᠪᠡ︖ ︽ᠠ︕ ᠲᠡᠷᠡ ᠵᠠᠮ ᠲᠠᠭᠠᠭᠤᠯᠵᠤ ᠢᠷᠡᠵᠡᠢ᠃ ᠲᠡᠷᠡ ᠮᠠᠨ ᠢ ᠪᠠᠨ ᠬᠤᠳᠠᠯᠳᠤᠴᠢᠬᠠᠵᠠᠢ ᠁︾ ᠬᠡᠬᠦ ᠠᠴᠠ ᠶᠠᠩᠬᠢᠷ ᠤᠨ ᠠᠮᠠᠷᠠᠨ ᠲᠠᠶᠢᠪᠤᠷᠢᠰᠢᠬᠰᠠᠨ ᠪᠡᠶ᠎ᠡ ᠠᠬᠢᠭᠠᠳ ᠠᠬᠵᠢᠰᠬᠢᠨ ᠴᠡᠴᠡᠷᠬᠢᠯᠡᠵᠤ᠂ ᠰᠠᠶ᠋ᠢᠬᠠᠨ ᠰᠡᠪᠬᠢᠭᠰᠡᠨ ᠬᠦᠯᠦᠰᠤ ᠨᠢ ᠲᠠᠬᠢᠭᠠᠳ ᠴᠢᠭᠢᠭᠯᠡᠵᠡᠢ᠃ ︽ᠨᠣᠮᠣᠬᠠᠨ ᠬᠠᠷ᠎ᠠ ᠡ︕ ᠴᠢ ᠴᠤ ᠮᠦᠨ ᠴᠢᠳᠬᠦᠷ ᠪᠠᠶᠢᠵᠠᠢ ᠁︾᠃ ᠲᠡᠷᠡᠬᠡᠨ ᠠᠬᠱᠠᠨ᠎ᠠ ᠶᠠᠩᠬᠢᠷ ᠤᠨ ᠲᠤᠷᠮᠤᠯᠵᠠᠬᠰᠠᠨ ᠪᠤᠷᠤ ᠨᠢᠳᠤᠨ ᠠᠴᠠ ᠬᠤᠷᠣᠰᠣᠯ ᠭᠤᠮᠤᠳᠠᠯ ᠤᠨ ᠨᠢᠯᠪᠤᠰᠤ ᠬᠤᠶᠠᠷ ᠵᠤᠷᠪᠤᠰᠯᠠᠨ ᠤᠷᠤᠰᠪᠠ᠃ ᠨᠢᠭᠤᠴᠠ ᠡᠬᠦᠷ ᠨᠢ ᠰᠡᠷᠡᠭᠳᠡᠭᠰᠡᠨ ᠨᠢ ᠭᠠᠷᠴᠠᠭ᠎ᠠ ᠦᠬᠡᠢ ᠪᠤᠯᠵᠠᠢ᠃ ᠤᠳᠤ ᠶᠠᠭᠠᠬᠢᠳᠠᠭ ᠪᠢᠯᠡ︖ ᠢᠰᠢᠬᠡ ᠲᠠᠢ ᠬᠡᠳᠡᠰᠤ ᠪᠠᠨ ᠴᠢᠷᠦᠬᠡᠳ ᠲᠣᠳᠠᠭᠠᠵᠦ ᠲᠡᠶᠢᠯᠬᠦ ᠦᠬᠡᠢ ᠨᠢ ᠮᠡᠳᠡᠬᠡᠵᠢ ᠶᠢᠨ ᠬᠡᠷᠡᠭ᠃ ︽ᠪᠠᠷᠰ ᠢ ᠠᠭᠤᠯᠠᠨ ᠠᠴᠠ ᠨᠢ ᠰᠠᠯᠭᠠᠬᠤ︾ ᠪᠤᠯ ᠲᠡᠭᠡᠳᠤ ᠠᠷᠭ᠎ᠠ ᠶᠤᠮ ᠰᠠᠨ᠃ ᠲᠡᠭᠡ ᠶᠠᠩᠬᠢᠷ ᠨᠢ ᠡᠨᠡ ᠠᠷᠭ᠎ᠠ ᠶᠢ ᠯᠡ ᠬᠡᠷᠡᠭᠯᠡᠬᠡᠳ ᠡᠬᠡ ᠦᠷ᠎ᠡ ᠬᠤᠶᠠᠭᠤᠯᠠ ᠶᠢ ᠠᠮᠢ ᠪᠠᠨ ᠦᠭᠴᠤ ᠪᠠᠶᠢᠭᠠᠳ  ᠠᠪᠤᠷᠠᠭᠰᠠᠨ ᠶᠤᠮ᠃ ᠤᠳᠤ ᠦᠪᠡᠷ ᠤᠨ ᠬᠢᠨᠢ ᠡᠬᠡᠯᠵᠢ ᠪᠤᠯᠵᠠᠢ᠃ ᠠᠮᠢ ᠪᠠᠨ ᠴᠦᠯᠡᠵᠤ ᠪᠠᠶᠢᠭᠠᠳ ᠴᠤ ᠬᠡᠰᠡᠨ ᠦᠷ᠎ᠡ ᠪᠠᠨ ᠠᠪᠤᠷᠠᠬᠤ ᠴᠠᠭ ᠶᠠᠭᠠᠬᠢᠬᠤ ᠶᠢᠨ ᠠᠷᠭ᠎ᠠ ᠦᠬᠡᠢ ᠲᠤᠯᠵᠤ ᠢᠷᠡᠯ᠎ᠡ᠃ ᠬᠡᠳᠡᠯ᠎ᠡ ᠡᠮ᠎ᠡ ᠶᠠᠩᠬᠢᠷ ᠤᠨ ᠢᠰᠢᠬᠡᠯᠡᠬᠦ ᠴᠠᠭ ᠨᠢ ᠪᠤᠯᠤᠭ᠎ᠠ ᠦᠬᠡᠢ᠂ ᠪᠠᠰᠠ ᠴᠤ ᠬᠡᠳᠤᠨ ᠡᠲᠦᠷ ᠤᠨ ᠵᠠᠢ  ᠲᠠᠢ ᠪᠠᠶᠢᠭᠰᠠᠭᠠᠷ᠃ ᠶᠠᠭᠠᠬᠢᠯᠳᠠᠢ ᠪᠢᠯᠡ︖ ᠭᠤᠵᠤᠭᠤᠷ ᠤᠳ ᠡᠭᠴᠡ ᠠᠰᠬ᠎ᠠ ᠬᠠᠳᠠᠨ ᠵᠠᠮ ᠢᠶᠠᠷ ᠠᠭᠤᠢ ᠳᠤ ᠤᠷᠤᠵᠤ ᠢᠷᠡᠳᠡᠯ᠎ᠡ ᠨᠠᠭᠠᠳᠤ ᠵᠠᠬ᠎ᠠ ᠳᠠᠭᠠᠨ ᠬᠠᠭᠠᠰ ᠮᠦᠴᠡ ᠬᠡᠷᠡᠭᠰᠡᠬᠦ ᠨᠢ ᠯᠠᠪᠳᠠᠢ᠃ ᠡᠨᠡ ᠬᠠᠭᠠᠰ ᠮᠦᠴᠡ ᠯᠡ ᠡᠮ᠎ᠡ ᠶᠠᠩᠬᠢᠷ ᠲᠤ ᠦᠯᠡᠳᠡᠭᠰᠡᠨ ᠦᠷ᠎ᠡ ᠶᠢᠨ ᠢᠶᠠᠨ ᠬᠠᠯᠠᠭᠤᠨ ᠠᠮᠢ ᠶᠢ ᠠᠪᠤᠷᠠᠬᠤ ᠠᠯᠳᠠ ᠠᠴᠠ ᠴᠤ ᠦᠨᠡᠳᠡᠢ ᠬᠤᠪᠤᠷᠬᠠᠨ ᠴᠠᠭ ᠪᠤᠯᠵᠤ ᠦᠯᠡᠳᠡᠵᠡᠢ᠃ ︽ᠢᠰᠢᠬᠡᠯᠡᠨ᠎ᠡ︕ ᠤᠷᠢᠳᠴᠢᠯᠠᠨ ᠢᠰᠢᠬᠡᠯᠡᠨ᠎ᠡ᠃︾ ᠡᠨᠡ ᠪᠤᠯ ᠴᠤᠷ ᠤᠨ ᠭᠠᠭᠴᠠ ᠠᠷᠭ᠎ᠠ ᠦᠬᠡᠢ ᠠᠴᠠ ᠰᠢᠬᠠᠬᠳᠠᠨ ᠭᠠᠷᠤᠭᠰᠠᠨ ︽ᠲᠡᠭᠡᠳᠤ︾ ᠠᠷᠭ᠎ᠠ᠃ ᠡᠮ᠎ᠡ ᠶᠠᠩᠬᠢᠷ ᠢ ᠪᠠᠶᠢᠴᠢᠬ᠎ᠠ ᠡᠷᠳᠡ ᠲᠡᠭᠡᠳᠤ ᠶᠢᠨ ᠬᠢᠨ ᠦᠶ᠎ᠡ  ᠳᠤ ᠴᠤ ᠭᠠᠷᠴᠤ ᠦᠡᠭᠬᠡᠷᠡᠭᠰᠡᠨ ᠦᠬᠡᠢ ᠵᠤᠷᠢᠭᠤᠳᠠ ᠤᠷᠢᠳᠴᠢᠯᠠᠨ ᠢᠰᠢᠬᠡᠯᠡᠬᠦ ᠹᠢᠽᠢᠦᠯᠤᠬᠢ ᠶᠢᠨ ᠬᠡᠨᠡᠨ ᠠᠵᠢᠯᠯᠠᠭ᠎ᠠ ᠶᠢ ᠲᠡᠷᠡ ᠠᠪᠬᠤ ᠪᠠᠷ ᠰᠢᠭᠤᠳᠴᠠᠢ᠃ ︽ᠡᠴᠢᠬᠡ ᠲᠡᠭᠷᠢ᠂ ᠡᠬᠡ ᠲᠡᠯᠡᠬᠡᠢ ᠮᠢᠨᠢ︕ ᠦᠷᠦᠰᠢᠶᠡᠵᠤ ᠬᠠᠶᠢᠷᠠᠯᠠ ᠁ ᠬᠠᠨ ᠬᠠᠶᠢᠷᠬᠠᠨ ᠬᠠᠪᠴᠢᠯ ᠵᠢᠯᠠᠭ᠎ᠠ ᠮᠢᠨᠢ ᠲᠡᠮᠵᠢᠵᠦ ᠲᠣᠰᠠᠯᠠ ᠁︾ ᠡᠮ᠎ᠡ ᠶᠠᠩᠬᠢᠷ ᠬᠠᠵᠠᠭᠤᠯᠠᠨ ᠬᠡᠪᠳᠡᠬᠡᠳ ᠲᠤᠭᠤᠭᠰᠢ ᠬᠦᠴᠦᠯᠡᠨ ᠲᠦᠯᠢᠵᠤ ᠡᠬᠢᠯᠡᠪᠡ᠃ ᠬᠠᠯᠠᠭᠤᠨ ᠨᠢᠯᠪᠤᠰᠤ ᠨᠢ ᠴᠢᠮᠡᠭᠡ ᠢᠮᠡᠭᠡ ᠦᠬᠡᠢ ᠪᠦᠮᠪᠦᠷᠢᠵᠤ᠂ ᠬᠦᠢᠳᠡᠨ ᠬᠦᠯᠦᠰᠤ ᠨᠢ ᠴᠢᠪ ᠴᠢᠪ ᠲᠤᠰᠤᠯᠠᠨ᠎ᠠ᠃ ︽ᠦᠷ᠎ᠡ ᠮᠢᠨᠢ᠂ ᠬᠦᠬᠡᠷᠦᠬᠦᠢ ᠦᠷ᠎ᠡ ᠮᠢᠨᠢ ᠡ︕ ᠮᠠᠭᠤ ᠡᠵᠢ ᠳᠡᠭᠡᠨ ᠬᠠᠮᠵᠢ ᠳ᠋ᠠ ᠬᠠᠮᠵᠢ᠃ ᠦᠬᠡᠢ ᠪᠤᠯ ᠡᠬᠡ ᠦᠷ᠎ᠡ ᠬᠤᠶᠠᠭᠤᠯᠠ ᠪᠠᠨ ᠬᠠᠷ᠎ᠠ ᠲᠠᠮᠦᠷ  ᠢᠶᠠᠷ ᠰᠦᠪᠡᠯᠡᠬᠦᠯᠵᠤ᠂ ᠬᠠᠯᠠᠭᠤᠨ ᠠᠮᠢ ᠪᠠᠨ ᠠᠯᠳᠠᠨ᠎ᠠ ᠰᠢᠤ ᠳ᠋ᠠ︕︾᠃ ᠬᠠᠷ᠎ᠠ ᠬᠦᠴᠦᠨ ᠢᠶᠠᠷ ᠢᠶᠠᠨ ᠲᠡᠪᠬᠡᠷᠤᠨ ᠬᠦᠶᠦᠭᠰᠡᠨ ᠤ ᠤᠤ ᠡᠰᠡᠬᠦᠯ᠎ᠡ ᠡᠴᠢᠬᠡ ᠲᠡᠭᠷᠢ ᠡᠬᠡ ᠲᠡᠯᠡᠬᠡᠢ ᠦᠷᠦᠰᠢᠶᠡᠯ ᠬᠠᠶᠢᠷᠠᠯᠠᠪᠠ ᠤᠤ ᠪᠤᠤ ᠮᠡᠳᠡ ᠶᠠᠭᠤ ᠴᠤ ᠬᠡᠰᠡᠨ ᠢᠰᠢᠬᠡ ᠨᠢ ᠲᠤᠭᠤᠭᠰᠢᠯᠠᠨ ᠠᠭᠠᠷᠴᠠᠭ ᠤᠨ ᠶᠠᠰᠤ ᠨᠢ ᠨᠢᠬᠡᠨᠳᠡ ᠨᠡᠬᠡᠬᠡᠭᠳᠡᠭᠰᠡᠨ ᠨᠢ ᠡᠮ᠎ᠠ ᠶᠠᠩᠬᠢᠷ ᠤᠨ ᠢᠳᠡᠬᠡᠯ ᠵᠤᠷᠢᠭ ᠢ ᠨᠡᠩ ᠴᠤ ᠬᠦᠪᠴᠢᠯᠠᠵᠤ ᠦᠭᠴᠡᠢ᠃
 
ᠢᠷᠡᠯᠲᠡ᠄ ᠲᠠᠭᠤᠳᠠᠭᠠᠴᠢ ᠠᠯᠳᠠᠨ᠋ᠧᠴᠢᠷ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号