ᠨᠡᠭᠦᠳᠡᠯ ᠤᠨ ᠰᠢᠪᠠᠭᠤ  ︵ᠲᠡᠭᠡᠳᠦ ︶
ᠨᠡᠶᠢᠲᠡᠯᠡᠭᠰᠡᠨ ᠴᠠᠭ᠄
2020/11/3
      ᠨᠠᠮᠣᠷ ᠪᠣᠯᠵᠣ ᠨᠠᠪᠴᠢ ᠰᠢᠷᠭᠠᠯᠳᠣᠵᠠᠢ᠃ ᠦᠳᠦ ᠰᠦᠳᠦ ᠨᠢ ᠪᠦᠷᠢᠳᠦᠭᠰᠡᠨ ᠦᠷ᠎ᠡ ᠵᠣᠯᠵᠠᠭ᠎ᠠ ᠪᠠᠨ ᠬᠠᠷᠠᠭᠰᠠᠨ ᠬᠦᠭᠰᠢᠨ ᠰᠢᠪᠠᠭᠤᠳ ᠦᠩᠭᠡ ᠶᠢᠷᠳᠢᠨᠴᠦ  ᠶᠢᠨ ᠢᠶᠠᠨ ᠵᠢᠷᠦᠮ ᠢᠶᠠᠷ᠂ ᠡᠪᠦᠭᠡ ᠲᠡᠭᠡᠳᠦᠰ ᠤᠨ ᠢᠶᠠᠨ ᠶᠣᠰᠣ ᠪᠠᠷ ᠡᠨᠡᠬᠦ ᠰᠠᠶᠢᠬᠠᠨ ᠨᠠᠷᠠ ᠨᠢ ᠰᠢᠷᠭᠠᠯ ᠨᠠᠯᠠᠭᠠᠷᠬᠠᠨ ᠨᠣᠳᠤᠭ ᠠᠴᠠ ᠪᠠᠨ ᠨᠡᠭᠦᠬᠦ ᠯᠡ ᠬᠡᠷᠡᠭᠳᠡᠢ ᠪᠣᠯᠣᠭᠰᠠᠨ ᠢᠶᠠᠨ ᠶᠠᠭᠠᠬᠢᠬᠤ ᠶᠢᠨ ᠠᠷᠭ᠎ᠠ ᠦᠭᠡᠢ ᠵᠦᠩ ᠢᠶᠠᠷ ᠢᠶᠠᠨ ᠰᠡᠷᠡᠨ ᠮᠡᠳᠡᠷᠡᠵᠡᠢ᠃ ᠲᠡᠶᠢᠨᠬᠦ ᠪᠦᠬᠦᠶᠢᠯᠡ ᠰᠢᠪᠠᠭᠤᠳ ᠤᠨ ᠶᠡᠭᠡ ᠬᠤᠷᠠᠯᠳᠠᠢ ᠵᠣᠷᠰᠢᠯ ᠶᠣᠰᠣᠭᠠᠷ ᠬᠤᠯᠣᠰᠣᠳᠠᠢ ᠨᠠᠭᠤᠷ ᠤᠨ ᠲᠣᠮᠳᠠᠬᠢ ᠪᠢᠴᠢᠬᠠᠨ  ᠪᠣᠯᠳᠤᠭ ᠲᠡᠭᠡᠷ᠎ᠡ ᠨᠢᠵᠢᠭᠢᠷ ᠶᠡᠭᠡ ᠶᠠᠪᠣᠭᠳᠠᠵᠣ ᠠᠪᠠᠢ᠃  ᠡᠪᠦᠭᠡᠨ ᠠᠬᠠᠯᠠᠭᠴᠢ᠄  ︽ᠡᠪᠦᠭᠡᠳ ᠤᠨ ᠶᠣᠰᠤ — ᠶᠢᠷᠳᠢᠨᠴᠦ ᠶᠢᠨ ᠵᠢᠷᠦᠮ ᠢᠶᠠᠷ ᠣᠳᠣᠮ ᠢᠶᠠᠨ ᠲᠠᠭᠠᠵᠦ ᠣᠯᠠᠮᠵᠢᠯᠠᠯ ᠢᠶᠠᠨ ᠪᠠᠷᠢᠭᠠᠳ ᠣᠣᠯ ᠤᠨ ᠵᠠᠮ ᠢᠶᠠᠷ ᠢᠶᠠᠨ ᠣᠳᠣᠷᠯᠠᠨ ᠨᠡᠭᠦᠨ᠎ᠡ︾ ᠬᠡᠮᠡᠬᠦ ᠰᠠᠨᠠᠭ᠎ᠠ ᠪᠠᠨ ᠣᠯᠠᠨ ᠰᠠᠶᠢᠬᠠᠨ ᠪᠣᠳᠠᠳᠣ ᠵᠢᠱᠢᠶ᠎ᠡ ᠪᠠᠷ ᠣᠬᠠᠭᠤᠯᠣᠨ ᠲᠠᠶᠢᠴᠢᠯᠠᠯᠳᠠ ᠬᠢᠭᠰᠡᠨ ᠨᠢ ᠬᠠᠷᠢᠨ ᠦᠪᠦᠩ ᠲᠣᠯᠣᠭᠠᠶᠢᠳᠣ᠂ ᠣᠳᠣᠢ ᠰᠡᠭᠦᠯᠳᠦ ᠲᠡᠷᠢᠭᠦᠳᠡᠢ ᠵᠠᠯᠠᠭᠤ ᠰᠢᠪᠠᠭᠤᠳ ᠤᠨ ᠬᠦᠨᠳᠦ ᠬᠡᠴᠡᠭᠦᠦ ᠡᠰᠡᠷᠭᠦᠴᠡᠯ ᠳᠤ ᠣᠴᠠᠷᠠᠨ᠎ᠠ ᠭᠡᠰᠡᠨ ᠢ ᠬᠡᠨ ᠴᠦ ᠪᠣᠳᠣᠵᠣ ᠣᠯᠣᠭᠰᠠᠨ ᠦᠭᠡᠢ᠃ ︽ᠪᠠᠯᠠᠷᠯᠢᠭ ᠣᠳᠣᠮᠰᠢᠯ ᠢ ᠣᠰᠠᠳᠬᠠᠵᠦ᠂ ᠪᠣᠯᠪᠠᠰᠣᠨ ᠰᠣᠶᠣᠯ ᠢ ᠪᠦᠳᠦᠭᠡᠨ᠎ᠡ︾ ᠭᠡᠳ ᠦᠪᠦᠩ ᠲᠣᠯᠣᠭᠠᠶᠢᠳᠣ ᠦᠩᠭᠡ  ᠢᠯᠭᠠᠷᠠᠭᠰᠠᠨ ᠰᠠᠶᠢᠬᠠᠨ ᠲᠠᠯᠠᠪᠴᠢ ᠪᠠᠨ ᠲᠡᠨᠡᠶᠢᠯᠬᠡᠨ ᠬᠠᠯᠢᠨ ᠲᠡᠭᠦᠯᠢᠬᠦ ᠪᠠᠶᠢᠳᠠᠯ ᠦᠵᠡᠭᠦᠯᠬᠦ ᠢᠨᠦ ᠣᠭᠤ ᠴᠦ ᠣᠮᠣᠷᠬᠠᠭ ᠰᠠᠭᠰᠠᠭᠤ ᠠᠭᠰᠠᠨ ᠴᠦ ᠠᠷᠪᠠᠨ ᠬᠤᠪᠢ ᠶᠢᠨ ᠰᠦᠷ ᠭᠡᠷᠡᠯᠳᠡᠢ ᠠᠵᠠᠢ᠃ ︽ᠪᠦᠳᠦᠭᠦᠯᠢᠭ ᠨᠡᠭᠦᠳᠡᠯ ᠢ ᠡᠴᠦᠰᠯᠡᠭᠦᠯᠵᠦ᠂ ᠪᠦᠳᠦᠭᠡᠯᠴᠢ ᠠᠮᠢᠳᠣᠷᠠᠯ ᠢ ᠴᠣᠭᠴᠠᠯᠠᠨ᠎ᠠ︾ ᠭᠡᠳ ᠣᠳᠣᠢ ᠰᠡᠭᠦᠯᠳᠦ ᠮᠣᠶᠢᠯ ᠬᠠᠷ᠎ᠠ ᠨᠢᠳᠦ ᠪᠠᠨ ᠲᠣᠳᠣᠶᠢᠯᠭᠠᠨ ᠱᠣᠩᠪᠠᠨ ᠲᠡᠭᠳᠡᠬᠦ ᠲᠦᠷᠢ ᠭᠠᠷᠭᠠᠬᠤ ᠠᠨᠣ ᠲᠠᠩᠴᠦ ᠬᠡᠢ ᠬᠦᠭᠡᠷᠦᠦ ᠠᠭᠰᠠᠨ ᠴᠦ ᠮᠦᠨ ᠪᠠᠰᠠ ᠶᠢᠰᠦᠨ ᠬᠤᠪᠢ ᠶᠢᠨ ᠬᠦᠭᠡᠷᠦᠬᠦᠨ ᠲᠡᠭᠵᠢᠨ ᠠᠵᠣᠬᠤᠢ᠃ ᠨᠣᠳᠤᠭ ᠤᠨ ᠪᠠᠶᠠᠯᠢᠭ ᠲᠤ ᠭᠡᠳᠡᠰᠦ ᠲᠦᠭᠦᠷᠦᠨ᠂ ᠣᠯᠠᠷᠢᠯ ᠤᠨ ᠰᠠᠶᠢᠬᠠᠨ ᠳᠤ ᠦᠩᠭᠡᠵᠢᠨ ᠪᠣᠶᠢᠵᠢᠭᠰᠠᠨ ᠵᠠᠯᠠᠭᠤ ᠰᠢᠪᠠᠭᠤᠳ ︽ᠭᠠᠩᠭᠠᠷ ᠭᠤᠩᠭᠤᠷ︾ ᠭᠡᠯᠴᠢᠨ ︽ᠰᠢᠨ᠎ᠡ ᠶᠢ ᠪᠠᠶᠢᠭᠤᠯᠵᠣ ᠰᠢᠨ᠎ᠡ ᠶᠢ ᠡᠭᠦᠳᠦᠨ᠎ᠡ ᠁ ᠰᠠᠶᠢᠨ  ᠢ ᠢᠳᠡᠵᠦ ᠰᠠᠶᠢᠬᠠᠨ ᠢ ᠡᠮᠦᠰᠦᠨ᠎ᠡ ᠁ ᠬᠤᠴᠣᠷᠣᠩᠭᠤᠢ ᠠᠮᠢᠳᠣᠷᠠᠯ ᠠᠴᠠ ᠠᠩᠬᠢᠵᠢᠷᠠᠨ᠎ᠠ᠂ ᠣᠳᠣᠬᠢᠴᠢᠯᠠᠭᠰᠠᠨ ᠠᠮᠢᠳᠣᠷᠠᠯ ᠢ ᠡᠳ᠋ᠯᠡᠨ᠎ᠡ  ︾ ᠬᠡᠮᠡᠯᠳᠦᠭᠡᠳ ᠰᠡᠳᠬᠢᠯ ᠨᠢ ᠬᠦᠭᠰᠡᠨ ᠵᠣᠷᠢᠭ ᠨᠢ ᠬᠦᠪᠴᠢᠯᠡᠭᠳᠡᠭᠡᠳ ᠣᠷᠢᠶ᠎ᠠ ᠯᠣᠽᠦ᠋ᠩ ᠬᠠᠰᠬᠢᠷᠣᠨ ᠣᠷᠪᠠᠭᠠᠳ ᠭᠠᠷᠣᠮᠠᠷ ᠵᠠᠩᠨᠠᠨ᠎ᠠ᠃  ᠡᠪᠦᠭᠡᠨ ᠠᠬᠠᠯᠠᠭᠴᠢ ᠠᠭᠤᠷᠯᠠᠭᠠᠳ ᠪᠦᠬᠦ ᠪᠡᠶ᠎ᠡ ᠨᠢ ᠴᠡᠴᠡᠷᠬᠢᠯᠡᠨ᠎ᠡ᠃ ᠠᠭᠤᠰᠬᠢ ᠵᠢᠷᠦᠬᠡ ᠨᠢ ᠰᠠᠪᠠᠯᠠᠭᠠᠳ ᠰᠠᠭᠤᠷᠢ ᠠᠯᠳᠠᠨ ᠡᠷᠭᠢᠴᠡᠨ᠎ᠡ᠃  ︽ᠡᠪᠦᠭᠡᠳ ᠤᠨ ᠶᠣᠰᠣ ᠡ᠂ ᠡᠪᠦᠭᠡᠳ ᠤᠨ ᠶᠣᠰᠣ ᠭᠡᠵᠦ ᠪᠠᠶᠢᠬᠤ ᠳᠤ ᠁︾ ︽ᠶᠢᠷᠳᠢᠨᠴᠦ ᠶᠢᠨ ᠵᠢᠷᠦᠮ ᠡ᠂ ᠶᠢᠷᠳᠢᠨᠴᠦ ᠶᠢᠨ ᠵᠢᠷᠦᠮ ᠭᠡᠵᠦ ᠪᠠᠶᠢᠬᠤ ᠳᠤ ᠁︾ ᠬᠡᠮᠡᠨ ᠲᠠᠯᠠᠪᠴᠢ ᠵᠢᠭᠦᠷ ᠢᠶᠠᠨ ᠲᠡᠪᠢᠨ᠂ ᠠᠬᠢᠨ ᠲᠡᠬᠢᠨ ᠵᠠᠷᠯᠠᠭᠰᠠᠨ ᠠᠪᠠᠴᠦ  ᠶᠠᠮᠠᠷ ᠴᠦ ᠦᠢᠯᠡᠳᠦᠯ ᠭᠠᠷᠭᠠᠵᠦ ᠴᠢᠳᠠᠭ᠎ᠠ ᠦᠭᠡᠢ᠃        ᠬᠦᠭᠰᠢᠨ ᠰᠢᠪᠠᠭᠤᠳ ᠰᠠᠨᠳᠣᠷᠣᠭᠠᠳ ︽ᠭᠦᠩᠭᠡᠷ ᠭᠠᠩᠭᠠᠷ︾ ᠭᠡᠯᠴᠢᠪᠡ᠃ ᠲᠡᠦᠬᠡ ᠰᠣᠳᠣᠷ ᠣᠷᠪᠠᠭᠤᠯᠣᠨ ᠶᠣᠰᠣ ᠵᠢᠷᠦᠮ ᠶᠠᠷᠢᠯᠳᠣᠪᠠ᠃ ︽ᠣᠯᠠᠨ ᠣᠯᠠᠨ ᠮᠢᠩᠭᠠᠨ ᠵᠢᠯ ᠢᠶᠠᠷ ᠪᠢᠳᠡ ᠴᠢᠨᠢ ᠣᠳᠣᠷᠯᠠᠨ ᠨᠡᠭᠦᠳᠡᠯᠯᠡᠭᠡᠳ ᠯᠡ ᠁︾ ︽ᠬᠠᠪᠣᠷᠵᠢᠶ᠎ᠠ ᠨᠠᠮᠣᠷᠵᠢᠶ᠎ᠠ ᠡᠪᠦᠯᠵᠢᠶ᠎ᠡ ᠵᠣᠰᠠᠯᠠᠩ ᠭᠡᠳ ᠡᠭᠡᠯᠵᠢᠯᠡᠨ ᠰᠡᠯᠭᠦᠭᠡᠳ ᠯᠡ ᠁︾ ︽ᠪᠠᠶᠢᠭᠠᠯᠢ ᠲᠠᠢ ᠪᠠᠨ ᠵᠣᠬᠢᠴᠠᠭᠠᠳ᠂ ᠨᠡᠶᠢᠭᠡᠮ ᠲᠠᠢ ᠪᠠᠨ ᠡᠶᠡᠳᠦᠭᠡᠳ ᠯᠡ ᠁︾ ︽ᠢᠩᠬᠢᠭᠡᠳ ᠯᠡ ᠲᠡᠩᠭᠡᠭᠡᠳ ᠯᠡ ᠁︾ ᠬᠡᠮᠡᠨ ᠬᠡᠳᠦᠢ ᠣᠯᠠᠨ ᠶᠡᠷᠢᠵᠦ ᠲᠠᠳᠦᠢ ᠠᠷᠪᠢᠨ ᠶᠠᠩᠰᠢᠭᠰᠠᠨ ᠠᠪᠠᠴᠦ   ᠶᠠᠮᠠᠷ ᠴᠦ ᠲᠣᠰᠠ ᠪᠣᠯᠤᠭ᠎ᠠ ᠦᠭᠡᠢ᠃ ᠦᠪᠦᠩ ᠲᠣᠯᠣᠭᠠᠶᠢᠳᠣ ᠶᠢᠨ ᠶᠠᠷᠢᠶ᠎ᠠ ᠢᠯᠡᠳᠭᠡᠯ ᠪᠣᠳᠣᠯ ᠰᠡᠳᠬᠢᠯ ᠢ ᠢᠨᠦ ᠬᠦᠨᠳᠡᠵᠦ᠂ ᠣᠳᠣᠢ ᠰᠡᠭᠦᠯᠳᠦ ᠶᠢᠨ ᠣᠷᠢᠶ᠎ᠠ ᠯᠣᠽᠦ᠋ᠩ ᠰᠠᠨᠠᠯ ᠬᠦᠰᠡᠯ ᠢ ᠢᠨᠦ ᠬᠦᠭᠰᠡᠭᠦᠯᠬᠦᠶ᠎ᠡ ᠵᠠᠯᠠᠭᠤ ᠪᠠᠭᠠᠬᠠᠨ ᠰᠢᠪᠠᠭᠤᠳ ᠤᠨ ᠣᠶᠣᠨ ᠲᠡᠷᠢᠬᠢ ᠠᠭᠤᠰᠬᠢ ᠵᠢᠷᠦᠬᠡ ᠬᠦᠭᠡᠷᠦᠨ ᠬᠦᠭᠡᠰᠦᠷᠡᠵᠦ᠂ ᠠᠬᠠᠮᠠᠳ ᠲᠣᠮᠣᠭᠠᠳᠠᠳ ᠤᠨ ᠬᠢᠨ ᠵᠠᠬᠢᠶ᠎ᠠ ᠵᠢᠭᠠᠪᠣᠷᠢ ︽ᠣᠩᠭᠤᠰᠣ ᠠᠯᠳᠠᠬᠤ︾ ᠶᠢᠨ ᠬᠢᠷᠢ ᠶᠠᠭᠤᠮ᠎ᠠ ᠪᠣᠯᠣᠭᠠᠳ ᠡᠪᠦᠭᠡ ᠲᠡᠭᠡᠳᠦᠰ ᠤᠨ ᠬᠢᠨ ᠦᠪ ᠰᠣᠶᠣᠯ ︽ᠦᠨᠡᠰᠦ ᠬᠤᠭ︾ ᠰᠢᠣᠬᠠᠨ ᠬᠠᠶᠠᠭᠳᠠᠵᠠᠢ᠃ ︽ᠳ᠋ᠧᠪᠡᠵᠡᠨ — ᠵᠣᠨ ᠳᠠᠭᠠᠨ ᠬᠠᠯᠠᠭᠤᠴᠠᠬᠤ ᠦᠭᠡᠢ ᠡᠪᠦᠯ ᠳᠡᠭᠡᠨ ᠲᠠᠭᠠᠷᠠᠬᠤ ᠦᠭᠡᠢ᠂ ᠬᠠᠪᠣᠷ ᠰᠢᠭ᠋ ᠯᠡ ᠣᠷᠢᠬᠠᠨ ᠲᠣᠯᠠᠭᠠᠨ᠂ ᠨᠠᠮᠣᠷ ᠰᠢᠭ᠋ ᠯᠡ ᠪᠠᠶᠠᠨ ᠲᠠᠩᠰᠤᠭ᠂ ᠰᠡᠷ ᠰᠡᠷ ᠵᠦᠭᠡᠯᠡᠨ ᠰᠠᠯᠬᠢ ᠲᠠᠢ᠂ ᠪᠣᠷ ᠪᠣᠷ ᠵᠦᠰᠡᠷ ᠪᠣᠷᠣᠭᠠᠨ ᠲᠠᠢ᠂ ᠬᠡᠵᠢᠶᠡᠳᠡ ᠪᠠᠨ ᠨᠡᠭᠦᠳᠡᠯᠯᠡᠵᠦ ᠣᠳᠣᠷᠯᠠᠬᠤ ᠦᠭᠡᠢ᠂ ᠶᠠᠳᠠᠷᠠᠵᠦ ᠵᠦᠳᠡᠷᠡᠬᠦ ᠦᠭᠡᠢ ᠶᠢᠷᠳᠢᠨᠴᠦ  ᠶᠢᠨ ᠭᠠᠳᠠᠨᠠᠬᠢ ᠲᠣᠭᠤᠷ ᠤᠨ ᠬᠦᠷᠢᠶᠡᠯᠡᠩ︾ ᠪᠣᠢ ᠭᠡᠳᠡᠭ ᠢ ᠪᠠᠳᠣ ᠠᠴᠠ ᠪᠠᠳᠣ ᠢᠳᠡᠭᠡᠭᠰᠡᠨ ᠵᠠᠯᠠᠭᠤ ᠪᠠᠭᠠᠬᠠᠨ ᠰᠢᠪᠠᠭᠤᠳ ᠤᠨ ᠣᠶᠣᠨ ᠲᠠᠷᠢᠬᠢ ᠠᠭᠤᠰᠬᠢ ᠵᠢᠷᠦᠬᠡᠨ ᠳᠤ ᠵᠢᠷᠭᠠᠯ ᠤᠨ ᠣᠷᠳᠣᠨ᠂ ᠴᠡᠩᠬᠡᠯ ᠤᠨ ᠭᠠᠵᠠᠷ᠂ ᠬᠦᠰᠡᠯ  ᠤᠨ ᠪᠠᠭᠤᠴᠠ ᠁ ᠭᠡᠬᠦ ᠠᠴᠠ ᠦᠭᠡᠷ᠎ᠡ ᠶᠠᠭᠤᠮ᠎ᠠ ᠪᠠᠭᠳᠠᠬᠤ ᠵᠠᠢ ᠦᠭᠡᠢ ᠪᠣᠯᠪᠠᠢ᠃          ᠰᠢᠪᠠᠭᠤᠳ᠂ ᠵᠦᠭ ᠴᠢᠭᠯᠡᠯ ᠢᠶᠠᠨ ᠰᠢᠨᠡᠴᠢᠯᠡᠵᠦ᠂ ᠵᠠᠮ ᠮᠦᠷ ᠢᠶᠠᠨ ᠦᠭᠡᠷᠡᠴᠢᠯᠡᠵᠡᠢ᠃    ᠦᠪᠦᠩ ᠲᠣᠯᠣᠭᠠᠶᠢᠳᠣ᠂ ᠣᠳᠣᠢ ᠰᠡᠭᠦᠯᠳᠦ ᠰᠦᠷᠦᠭ ᠤᠨ ᠡᠮᠦᠨ᠎ᠡ ᠬᠤᠰᠢᠭᠤᠷᠠᠨ᠎ᠠ᠃ ᠣᠮᠤᠭ ᠲᠠᠢ ᠱᠣᠩᠪᠠᠨ ᠰᠦᠷ ᠲᠠᠢ ᠰᠣᠮᠣᠳᠠᠬᠤ ᠶᠢ ᠨᠢ ᠬᠠᠷᠠᠭᠰᠠᠨ ᠵᠠᠯᠠᠭᠤ ᠪᠠᠭᠠᠴᠣᠳ ᠬᠦᠭᠡᠷᠦᠨ ᠬᠦᠭᠰᠡᠭᠡᠳ ᠡᠯᠢᠨ ᠬᠠᠯᠢᠨ ᠲᠡᠭᠦᠯᠢᠨ ᠨᠢᠰᠬᠦ ᠢᠨᠦ ᠪᠠᠰᠠ ᠴᠦ ᠠᠳᠠᠪᠠᠰᠢ ᠭᠠᠶᠢᠬᠠᠯᠳᠠᠢ ᠪᠠᠶᠢᠯᠤᠭ᠎ᠠ᠃   ᠴᠠᠭ ᠤᠨ ᠪᠠᠶᠢᠳᠠᠯ ᠠᠴᠠ ᠬᠤᠵᠢᠮᠳᠠᠨ ᠬᠦᠷᠦᠨ ᠤ ᠰᠠᠨᠠᠭᠠᠨ ᠠᠴᠠ ᠵᠦᠷᠢᠵᠦ᠂ ᠦᠷ᠎ᠡ ᠬᠡᠦᠬᠡᠳ ᠦᠨᠳᠡᠭᠡ ᠵᠣᠯᠵᠠᠭ᠎ᠠ ᠳᠠᠭᠠᠨ ᠴᠢᠳᠦᠷ ᠲᠣᠰᠢᠶ᠎ᠠ ᠪᠣᠯᠴᠢᠬᠠᠪᠠᠦ ᠬᠡᠮᠡᠨ ᠰᠠᠨᠠᠭᠰᠠᠨ ᠬᠦᠭᠰᠢᠨ ᠰᠢᠪᠠᠭᠤᠳ ᠰᠦᠷᠦᠭ ᠤᠨ ᠢᠶᠠᠨ ᠬᠤᠶᠢᠨ᠎ᠠ ᠠᠴᠠ ᠶᠠᠪᠣᠵᠦ ᠦᠩᠭᠡᠷᠡᠭᠡ ᠦᠭᠡᠢ ᠵᠠᠮ ᠢᠶᠠᠷ ᠣᠴᠢᠬᠤ ᠲᠣᠷ᠎ᠠ ᠦᠭᠡᠢ ᠭᠠᠵᠠᠷ ᠣᠷᠣᠭᠤ ᠭᠤᠨᠢᠭᠳᠠᠢ ᠪᠦᠭᠡᠳ ᠬᠦᠴᠢᠷᠳᠡᠢ ᠲᠡᠮᠡᠦᠯᠡᠨ ᠠᠪᠠᠢ᠃ ᠰᠢᠪᠠᠭᠤᠨ ᠰᠦᠷᠦᠭ᠂ ᠠᠯᠣᠰ ᠤᠨ ᠪᠠᠷ᠎ᠠ ᠵᠦᠭᠯᠡᠨ ᠠᠶᠠᠨ ᠤ ᠵᠠᠮ ᠢᠶᠠᠨ ᠦᠷᠭᠦᠯᠵᠢᠯᠡᠭᠦᠯᠦᠭᠰᠡᠭᠡᠷ ᠁ ᠬᠡᠳᠦᠢ ᠶᠠᠪᠣᠵᠦ ᠬᠡᠴᠢᠨᠡᠨ ᠣᠳᠠᠭᠰᠠᠨ ᠢᠶᠠᠨ ᠬᠡᠨ ᠴᠦ ᠲᠦᠰᠦᠭᠡᠯᠡᠬᠦ ᠦᠭᠡᠢ ᠪᠣᠯᠵᠠᠢ᠃ ᠨᠢᠭᠡ ᠮᠡᠳᠡᠬᠦ ᠳᠤ ᠯᠡ ᠲᠣᠣᠭᠤᠷ ᠨᠢ ᠲᠠᠯᠠᠢ ᠲᠠᠩᠬᠢᠰ ᠦᠷᠭᠦᠯᠵᠢᠯᠡᠭᠡᠳ ᠴᠡᠩᠬᠡᠷᠯᠡᠨ ᠨᠡᠯᠦᠶᠢᠵᠦ ᠪᠠᠶᠢᠯ᠎ᠠ᠃ ᠬᠦᠰᠡᠯ ᠲᠡᠮᠡᠦᠯᠡᠯ ᠳᠡᠭᠡᠨ ᠬᠦᠳᠦᠯᠦᠭᠳᠡᠭᠰᠡᠨ ᠬᠦᠭᠡᠷᠦᠬᠦᠢ ᠰᠢᠪᠠᠭᠤᠳ ᠬᠦᠪᠡᠭᠡ ᠬᠢᠵᠠᠭᠠᠷ ᠨᠢ ᠬᠠᠷᠠᠭᠳᠠᠬᠤ ᠦᠭᠡᠢ ᠬᠤᠯᠠ ᠶᠢᠨ ᠵᠠᠮ ᠳᠤ ᠣᠳᠣ ᠰᠠᠶ᠋ᠢ ᠰᠠᠨᠠᠭ᠎ᠠ ᠪᠣᠯᠪᠠ᠃ ᠵᠣᠯᠵᠠᠭ᠎ᠠ ᠰᠢᠪᠠᠭᠤᠳ ᠤᠨ ᠶᠠᠷᠢᠶ᠎ᠠ ᠬᠦᠭᠡᠷᠦᠭᠡ ᠢᠳᠡᠭ ᠢᠳᠡᠭ ᠢᠶᠠᠷ ᠠᠷᠢᠯᠣᠨ ᠵᠠᠮᠬᠠᠷᠠᠭᠠᠳ ᠲᠣᠭᠤᠢ ᠨᠣᠮᠣᠢ ᠪᠣᠯᠴᠢᠬᠠᠭᠰᠠᠨ ᠬᠤᠪᠢ ᠬᠤᠪᠢ ᠪᠠᠨ ᠬᠦᠭᠡᠭᠡᠳ ᠵᠢᠳᠭᠦᠭᠦᠯᠵᠦ ᠢᠷᠡᠯ᠎ᠡ᠃ ᠲᠡᠳᠡᠨ ᠤ ᠬᠠᠳᠠᠭᠤᠷᠠᠵᠦ ᠭᠦᠢᠴᠡᠭᠡ ᠦᠭᠡᠢ ᠲᠠᠯᠠᠪᠴᠢ ᠵᠢᠭᠦᠷ ᠨᠢ ᠬᠤᠯᠠ ᠶᠢᠨ ᠠᠶᠠᠨ ᠤ ᠬᠠᠯᠠ ᠲᠠᠮᠣ ᠳᠤ ᠡᠨᠡᠯᠦᠨ ᠰᠢᠨᠠᠯᠣᠨ ᠡᠪᠡᠳᠴᠦ ᠡᠬᠢᠯᠡᠪᠡ᠃ ᠠᠭᠠᠵᠢᠭᠤ ᠲᠠᠯᠪᠢᠭᠤ ᠶᠠᠪᠣᠶ᠎ᠠ ᠭᠡᠬᠦ ᠳᠤ ᠰᠦᠷᠦᠭ ᠤᠨ ᠵᠠᠢ ᠶᠡᠬᠡᠰᠴᠦ᠂ ᠲᠦᠷᠦᠭᠦᠴᠢ ᠶᠢᠨ ᠰᠢᠪᠠᠭᠤᠳ ᠬᠤᠯᠠ ᠠᠴᠠ ᠬᠤᠯᠠ ᠲᠠᠰᠣᠷᠬᠠᠶᠢᠳᠠᠨ ᠬᠤᠯᠠᠳᠴᠠᠢ᠃ ᠠᠮᠠᠷᠠᠵᠦ ᠵᠢᠭᠠᠬᠠᠨ ᠰᠠᠭᠤᠶ᠎ᠠ ᠭᠡᠬᠦᠯᠡᠷ ᠰᠦᠷᠦᠭ ᠠᠴᠠ ᠪᠠᠨ ᠬᠤᠴᠣᠷᠠᠬᠤ  ᠶᠢ ᠪᠣᠣ ᠬᠡᠯᠡ ᠬᠦᠯ ᠲᠠᠯᠪᠢᠬᠤ ᠭᠠᠵᠠᠷ ᠦᠭᠡᠢ ᠠᠨᠠᠪᠠᠳ ᠲᠠᠯᠠᠢ ᠦᠷᠭᠦᠯᠵᠢᠯᠡᠭᠰᠡᠨ ᠢ ᠶᠠᠭᠠᠬᠢᠨ᠎ᠠ ᠭᠡᠯᠳᠡᠢ︖  ᠬᠦᠭᠡ ᠲᠠᠯᠠᠢ ᠬᠦᠭᠡᠰᠦᠷᠡᠨ ᠲᠠᠪᠠᠯᠭᠠᠯᠠᠭᠠᠳ ᠬᠦᠢᠳᠡᠨ ᠵᠢᠪᠠᠷ ᠬᠤᠣᠭᠢᠨ ᠱᠣᠣᠭᠢᠨ᠎ᠠ᠃  ᠬᠦᠭᠰᠢᠨ ᠰᠢᠪᠠᠭᠤᠳ ᠬᠡᠴᠡᠭᠦᠦ ᠲᠣᠯᠭᠠᠷᠠᠵᠦ ᠬᠡᠷᠡᠭ ᠪᠢᠰᠢᠳᠡᠭᠰᠡᠨ ᠢ ᠭᠠᠳᠠᠷᠯᠠᠭᠰᠠᠨ ᠠᠪᠠᠴᠦ᠂ ︽ᠴᠡᠷᠢᠭ ᠤᠨ ᠰᠡᠳᠬᠢᠯ ᠢ ᠰᠠᠮᠠᠭᠤᠷᠠᠭᠤᠯᠣᠨ᠂ ᠪᠠᠶᠢᠯᠳᠣᠬᠤ ᠬᠦᠴᠦᠨ ᠢ ᠨᠢ ᠰᠣᠯᠠᠷᠠᠭᠤᠯᠬᠤ︾ ᠠᠴᠠ ᠡᠮᠢᠶᠡᠨ ᠲᠣᠣᠭᠠᠷᠴᠦ ᠴᠢᠳᠠᠬᠤ ᠦᠭᠡᠢ ᠪᠢᠳᠡᠭᠦᠦ ᠳᠡᠭᠡᠨ ᠰᠢᠷᠬᠠᠯᠠᠨ ᠵᠢᠷᠦᠬᠡᠨ ᠳᠡᠭᠡᠨ ᠣᠬᠢᠯᠠᠯᠳᠣᠭᠰᠠᠭᠠᠷ ᠨᠢᠰᠦᠯᠳᠦᠨ᠎ᠡ᠃ ᠲᠣᠯᠭᠠᠷᠠᠵᠦ ᠢᠷᠡᠭᠰᠡᠨ ᠵᠣᠪᠠᠯᠠᠩ ᠢ ᠲᠣᠭᠤᠯᠵᠣ ᠯᠡ ᠭᠠᠷᠬᠤ ᠠᠴᠠ ᠪᠢᠰᠢ ᠲᠣᠭᠤᠷᠢᠨ ᠭᠠᠷᠴᠦ ᠴᠢᠳᠠᠬᠤ ᠦᠭᠡᠢ ᠪᠣᠯᠣᠭᠰᠠᠨ ᠬᠤᠶᠢᠨ᠎ᠠ ᠶᠠᠭᠤ ᠪᠣᠯᠣᠭᠰᠠᠨ ᠴᠦ ᠵᠣᠷᠢᠭᠰᠠᠨ ᠵᠦᠭ ᠵᠦᠭᠯᠡᠭᠰᠡᠨ ᠴᠢᠭ ᠲᠡᠭᠡᠨ ᠨᠢᠭᠡ ᠰᠡᠳᠬᠢᠯ ᠨᠡᠶᠢᠳᠡ ᠶᠢᠨ ᠵᠣᠷᠢᠭ  ᠢᠶᠠᠷ ᠲᠡᠮᠡᠦᠯᠡᠨ ᠵᠢᠳᠬᠦᠬᠦ ᠯᠡ ᠬᠡᠷᠡᠭᠳᠡᠢ ᠪᠣᠯᠵᠠᠢ᠃  ᠵᠣᠯᠵᠠᠭ᠎ᠠ ᠰᠢᠪᠠᠭᠤᠳ ᠢᠳᠡᠭ ᠢᠳᠡᠭ ᠢᠶᠠᠷ ᠰᠣᠨᠵᠣᠷᠠᠨ ᠬᠤᠴᠣᠷᠴᠦ ᠢᠷᠡᠯ᠎ᠡ᠃ ᠵᠢᠭᠦᠷ ᠲᠠᠯᠠᠪᠴᠢ ᠨᠢ ᠮᠢᠨᠴᠣᠭᠦᠷᠡᠭᠡᠳ ᠰᠠᠨᠠᠭ᠎ᠠ ᠪᠠᠷ ᠨᠢ ᠵᠠᠷᠣᠭᠳᠠᠬᠤ ᠪᠠᠨ ᠪᠣᠯᠢᠵᠠᠢ᠃ ᠲᠡᠭᠡᠨ ᠲᠡᠭᠡᠭᠰᠡᠭᠡᠷ ᠴᠢᠬᠢ ᠨᠢ ᠱᠣᠣᠭᠢᠵᠦ ᠨᠢᠳᠦ  ᠨᠢ ᠡᠷᠢᠶᠡᠯᠵᠢᠭᠡᠳ ᠬᠠᠮᠢᠭᠠᠰᠢ ᠶᠠᠭᠤᠨ ᠳᠤ ᠶᠠᠪᠣᠭ᠎ᠠ ᠪᠠᠨ ᠮᠡᠳᠡᠬᠦ ᠲᠡᠩᠬᠡᠭᠡ ᠦᠭᠡᠢ ᠪᠣᠯᠣᠭᠠᠳ ᠨᠢᠭᠡ ᠬᠤᠶᠠᠷ ᠢᠶᠠᠷ ᠬᠡᠯᠪᠡᠯᠵᠡᠨ ᠲᠡᠯᠪᠡᠯᠵᠡᠨ ᠠᠭᠰᠠᠭᠠᠷ ᠭᠤᠳᠣᠰ ᠭᠤᠳᠣᠰ ᠬᠢᠨ ᠲᠠᠯᠠᠢ ᠣᠷᠣᠭᠤ ᠣᠨᠠᠵᠦ ᠣᠷᠣᠭᠠᠳ ᠵᠢᠭᠠᠰᠣᠨ ᠢᠳᠡᠰᠢ ᠪᠣᠯᠵᠣ ᠪᠠᠶᠢᠪᠠ ᠁ ᠦᠪᠦᠩ ᠲᠣᠯᠣᠭᠠᠶᠢᠳᠣ᠂ ᠣᠳᠣᠢ ᠰᠡᠭᠦᠯᠳᠦ ᠡᠨᠡ ᠪᠦᠬᠦᠨ ᠢ ᠬᠠᠮᠢᠶᠠᠷᠣᠯ ᠦᠭᠡᠢ ᠬᠦᠵᠦᠬᠦᠦ ᠰᠣᠩᠭᠠᠨ ᠬᠦᠯ ᠲᠡᠶᠢᠷᠦᠭᠡᠳ ᠣᠷᠣᠭᠰᠢ ᠱᠣᠩᠭᠤᠨ ᠨᠢᠰᠦᠨ᠎ᠡ᠃ ᠲᠡᠳᠡ ᠴᠣᠬᠤᠮ ᠬᠠᠷ᠎ᠠ ᠠᠮᠢ ᠪᠠᠨ ᠯᠡ ᠪᠣᠳᠣᠭᠰᠠᠨ ᠶᠤᠮ ᠦᠦ ᠡᠰᠡᠬᠦᠯ᠎ᠡ ︽ᠬᠡᠨ ᠨᠢᠭᠡᠨ ᠤ ᠦᠬᠦᠯ ᠬᠤᠷᠣᠭᠳᠠᠯ ᠳᠤ ᠰᠡᠳᠬᠢᠯ ᠠᠯᠭᠠᠰᠠᠨ ᠬᠤᠷᠭᠤᠭᠠᠳᠠᠬᠤ ᠶᠤᠮ ᠪᠣᠯ ᠰᠦᠷᠦᠭ ᠣᠯᠠᠨ ᠤ ᠠᠮᠢ ᠨᠠᠰᠣ ᠲᠡᠷᠡ ᠪᠦᠬᠦᠨ ᠢᠶᠠᠷ ᠢᠶᠠᠨ ᠲᠠᠭᠤᠰᠣᠨ᠎ᠠ︾ ᠬᠡᠮᠡᠨ ᠶᠡᠭᠡ ᠲᠠᠯ᠎ᠠ ᠶᠢ ᠲᠦᠰᠦᠭᠡᠯᠡᠨ ᠪᠣᠳᠣᠭᠰᠠᠨ ᠶᠤᠮ ᠦᠦ ᠭᠡᠳᠡᠭ ᠢ ᠪᠣᠰᠣᠳ ᠰᠢᠪᠠᠭᠤᠳ ᠬᠡᠨ ᠠᠯᠢᠨ ᠴᠦ ᠮᠡᠳᠡᠭᠰᠡᠨ ᠦᠭᠡᠢ᠃
 
ᠢᠷᠡᠯᠲᠡ᠄ ᠲᠠᠭᠤᠳᠠᠭᠠᠴᠢ ᠠᠯᠳᠠᠨ᠋ᠧᠴᠢᠷ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号