ᠨᠣᠳᠤᠭ ᠤᠨ ᠪᠣᠬ᠎ᠠ  ︵3︶
ᠨᠡᠶᠢᠲᠡᠯᠡᠭᠰᠡᠨ ᠴᠠᠭ᠄
2020/11/3
ᠰᠠᠯᠬᠢ ᠢᠰᠭᠡᠷᠣᠨ ᠳᠣᠭᠤᠰᠣ ᠮᠠᠨᠠᠷᠠᠭᠠᠳ᠂ ᠳᠡᠭᠷᠢ ᠭᠠᠵᠠᠷ ᠨᠠᠶᠢᠯᠡᠮᠡᠷ ᠵᠠᠩᠨᠠᠨ᠎ᠠ᠃     ᠠᠶᠢᠯ ᠤᠳ ᠤᠨ ᠭᠠᠳᠠᠨ᠎ᠠ ᠬᠤᠪᠢᠳᠠᠵᠦ ᠣᠯᠣᠭᠰᠠᠨ ᠮᠠᠯ ᠣᠨᠤᠭ᠎ᠠ ᠭᠡᠵᠦ ᠴᠦᠬᠡᠨ ᠭᠡᠳᠦ ᠯᠡ ᠬᠠᠷᠠᠬᠳᠠᠬᠤ ᠪᠦᠭᠡᠳ ᠦᠵᠡᠬᠦ ᠶᠢᠨ ᠳᠦᠷᠢ ᠦᠬᠡᠢ ᠳᠡᠬᠡᠶᠢᠵᠤ ᠱᠣᠪᠳᠣᠶᠢᠭᠰᠠᠨ ᠪᠤᠭᠤᠷᠤᠯ ᠰᠡᠷᠡᠯ ᠶᠢᠰᠦᠨ ᠦᠩᠬᠡ ᠶᠢᠨ ᠶᠠᠭᠤᠮᠠᠰ ᠡᠪᠡᠶᠢᠵᠦ ᠲᠡᠪᠡᠶᠢᠨ ᠭᠤᠶᠢᠭᠤᠷᠠᠵᠠᠭᠠᠨ᠎ᠠ᠃     ᠲᠡᠭᠡᠷ᠎ᠡ ᠠᠴᠠ ᠵᠠᠬᠢᠶ᠎ᠠ ᠵᠢᠭᠠᠪᠣᠷᠢ ᠭᠡᠵᠤ ᠴᠠᠰᠣᠨ ᠯᠠᠪᠰᠠ ᠮᠡᠳᠦ ᠪᠠᠭᠤᠵᠤ᠂ ᠮᠠᠯᠴᠢᠨ ᠠᠷᠠᠳ ᠢ ᠪᠠᠶᠠᠵᠢᠨ ᠴᠢᠨᠡᠭᠡᠯᠢᠭᠵᠢᠭᠦᠯᠬᠦ ᠳᠦᠷᠦ ᠶᠢᠨ ᠪᠣᠳᠣᠯᠭ᠎ᠠ ᠪᠠᠴᠢᠮ ᠲᠣᠯᠭᠠᠭᠤ ᠮᠣᠷᠢᠯᠠᠨ ᠰᠠᠭᠠᠳᠠᠨ᠎ᠠ᠃      ︽ᠮᠠᠯ ᠤᠨ ᠳᠤᠭ᠎ᠠ ᠶᠢ ᠪᠠᠭᠠᠰᠬᠠᠵᠤ ᠴᠢᠨᠠᠷ ᠴᠢᠨᠰᠠᠭ᠎ᠠ ᠶᠢ ᠳᠡᠭᠡᠭᠰᠢᠯᠡᠭᠦᠯᠦᠨ᠎ᠡ᠃ ᠬᠦᠮᠦᠨ ᠤ ᠬᠠᠷᠢᠴᠡᠯ ᠢᠶᠠᠷ ᠬᠢᠵᠠᠭᠠᠷᠯᠠᠵᠦ ᠪᠡᠯᠴᠢᠭᠡᠷ ᠤᠨ ᠳᠠᠭᠠᠭᠠᠴᠠ ᠳᠤ ᠵᠣᠬᠢᠴᠠᠭᠤᠯᠤᠨ᠎ᠠ᠃ ᠣᠷᠣᠨ ᠤ ᠦᠭᠡᠷ ᠢ ᠬᠤᠳᠠᠯᠳᠣᠵᠤ ᠰᠠᠭᠠᠯᠢ ᠶᠢᠨ ᠦᠨᠢᠶ᠎ᠡ ᠳᠡᠵᠢᠭᠡᠨ᠎ᠠ᠃ ᠨᠤᠳᠤᠭ ᠤᠨ ᠢᠮᠠᠭ᠎ᠠ ᠶᠢ ᠤᠰᠠᠳᠬᠠᠵᠤ ᠪᠡᠯᠴᠢᠭᠡᠷ ᠣᠰᠣ ᠪᠠᠨ ᠬᠠᠮᠠᠭᠠᠯᠠᠨ᠎ᠠ᠃ ᠪᠡᠯᠴᠢᠭᠡᠷᠯᠡᠬᠦᠯᠦᠨ ᠮᠠᠯᠵᠢᠬᠤ ᠶᠢ ᠴᠠᠭᠠᠵᠠᠯᠠᠵᠦ ᠬᠤᠷᠢᠵᠤ ᠲᠡᠵᠢᠭᠡᠬᠦ ᠶᠢ ᠬᠡᠷᠡᠭᠵᠢᠭᠦᠯᠦᠨ᠎ᠡ᠃ ᠡᠯᠡᠰᠦ ᠮᠠᠩᠬ᠎ᠠ ᠶᠢ ᠪᠢᠳᠡᠭᠦᠮᠵᠢᠯᠡᠵᠤ ᠬᠤᠳᠠᠴᠢᠯᠠᠯᠳᠠ ᠶᠢᠨ ᠠᠯᠬᠤᠮ ᠢ ᠲᠦᠷᠭᠡᠳᠭᠡᠨ᠎ᠡ ᠁︾           ᠁      ︽ᠪᠤᠬᠠᠨ ᠪᠦᠭᠡᠷ᠎ᠡ ᠶᠢ ᠠᠪᠬᠤ ᠬᠡᠷᠡᠭᠳᠡᠢ᠂ ᠨᠢᠭᠡ ᠶᠢ ᠴᠣ᠋ ᠦᠯᠡᠳᠡᠭᠡᠯ ᠦᠭᠡᠢ ᠪᠦᠬᠦᠨ ᠢ ᠠᠪᠬᠤ ᠬᠡᠷᠡᠭᠳᠡᠢ︾      ᠰᠢᠨ᠎ᠡ ᠰᠡᠪᠡᠭᠦᠨ ᠵᠠᠷᠯᠢᠭ ᠵᠠᠬᠢᠶ᠎ᠠ ᠳᠠᠬᠢᠨᠳᠠ ᠤᠯᠠᠮᠵᠢᠯᠠᠬᠳᠠᠨ ᠢᠷᠡᠯ᠎ᠡ᠃  — ᠪᠣᠷᠬᠠᠨ ᠭᠤᠷᠪᠠᠨ ᠡᠷᠳᠡᠨᠢ ᠡ︕ ᠪᠣᠬ᠎ᠠ ᠨᠢ ᠪᠦᠭᠡᠷ᠎ᠡ ᠦᠭᠡᠢ ᠁ ᠦᠨᠦ ᠡᠷᠳᠡᠨᠢ ᠨᠢ ᠦᠭᠡᠢ ᠪᠠᠷ ᠶᠠᠭᠠᠬᠢᠵᠤ ᠁    — ᠡᠵᠡᠭᠡᠢ ᠡ︕ ᠦᠨᠢᠶ᠎ᠡ ᠨᠢ ᠳᠡᠭᠡᠭᠡᠳ ᠶᠠᠭᠠᠬᠢᠵᠤ ᠬᠡᠭᠡᠯᠳᠣᠭᠡᠳ ᠡᠶᠢᠵᠤ ᠳᠦᠷᠦᠳᠡᠭ ᠶᠤᠮ ᠪᠣᠯ︖           ᠁  — ᠭᠠᠳᠠᠭᠠᠳᠣ ᠭᠦᠷᠦᠨ ᠤ ᠢᠴᠡᠭᠡᠯ ᠴᠣ᠋ ᠬᠡᠨᠡᠤ ᠬᠦᠯᠳᠡᠬᠦᠦ ᠴᠣ᠋ ᠬᠡᠨᠡᠣ ︽ᠰᠢᠯᠢᠳᠡᠭ ᠦᠷ᠎ᠡ︾ ᠭᠡᠨ᠎ᠡ ᠁      ᠮᠠᠩᠬᠠᠨ ᠪᠣᠯᠣᠩ ᠤᠨ ᠮᠠᠯᠴᠢᠳ᠂ ᠠᠭᠤᠯᠠᠨ ᠵᠢᠯᠠᠭ᠎ᠠ ᠶᠢᠨ ᠠᠳᠣᠭᠤᠴᠢᠳ ᠁ ︽ᠪᠠᠶᠢᠭᠠᠯᠢ ᠣᠷᠴᠢᠨ ᠲᠠᠢ  ᠪᠠᠨ ᠵᠣᠬᠢᠴᠠᠯ᠎ᠠ︾ ᠭᠡᠵᠦ ᠦᠪᠡᠷᠰᠡᠳ ᠢᠶᠠᠨ ᠪᠣᠳᠣᠳᠠᠭ ᠤᠨ ᠣᠴᠢᠷ ︽ᠪᠠᠯᠠᠷᠯᠢᠭ ᠠᠵᠦ ᠠᠬᠤᠶᠢᠯᠠᠯ︾ ᠠᠴᠠ ᠨᠢ ᠴᠢᠯᠦᠭᠡᠯᠡᠵᠦ᠂ ︽ᠰᠢᠨᠵᠢᠯᠡᠬᠦ ᠣᠬᠠᠭᠠᠨᠴᠢ ᠪᠠᠷ ᠮᠠᠯᠵᠢᠬᠤ︾ ᠭᠡᠭᠴᠢ ᠶᠢ ᠨᠢ ᠣᠶᠢᠯᠠᠭᠠᠵᠣ ᠶᠠᠳᠠᠨ ᠭᠠᠶᠢᠬᠠᠯᠳᠣᠬᠤ ᠶᠢ ᠬᠡᠨ ᠪᠣᠷᠣᠭᠤ ᠭᠡᠬᠦ ᠪᠢᠯᠠ︕     ᠳᠡᠭᠡᠳᠤ  ᠱᠠᠳᠣᠨ ᠠᠴᠠ ᠢᠷᠡᠭᠰᠡᠨ ᠬᠦᠮᠦᠰ᠂ ᠬᠠᠷ᠎ᠠ ᠡᠪᠤᠭᠡᠨ ︵ᠬᠠᠷ᠎ᠠ ᠬᠦᠦ︶ ᠤ ᠬᠠᠯᠢᠭᠤᠨ ᠬᠦᠷᠡᠩ ᠰᠢᠳᠦᠯᠡᠩ ᠪᠤᠬ᠎ᠠ ᠠᠴᠠ ᠡᠬᠢᠯᠡᠨ ᠮᠠᠯ ᠲᠠᠢ ᠬᠡᠳᠣᠨ ᠠᠶᠢᠯ ᠤᠨ ᠬᠠᠷ᠎ᠠ ᠠᠯᠠᠭ᠂ ᠰᠢᠷ᠎ᠠ ᠠᠯᠠᠭ ᠁ ᠶᠢᠰᠦᠨ ᠦᠩᠬᠡ ᠶᠢᠨ ᠠᠷᠪᠠᠭᠠᠳ ᠪᠢᠷᠠᠭᠤᠨ ᠪᠣᠬ᠎ᠠ ᠶᠢ ᠬᠦᠢ ᠪᠠᠶᠢᠵᠠ ᠶᠢ ᠬᠦᠯᠢᠶᠡᠯ ᠦᠭᠡᠢ ᠵᠠᠬ᠎ᠠ ᠳᠠᠷᠠᠭᠠᠯᠠᠨ ᠴᠠᠭᠠᠯᠠᠵᠤ ᠬᠠᠶᠠᠭᠠᠳ ᠡᠭᠦᠷᠭᠡ ᠪᠠᠨ ᠠᠮᠵᠢᠯᠳᠠ ᠲᠠᠢ ᠪᠡᠶᠡᠯᠡᠭᠦᠯᠦᠨ ᠰᠡᠳᠬᠢᠯ ᠨᠢ ᠠᠮᠠᠷᠠᠨ ᠲᠠᠶᠢᠳᠬᠤᠷᠠᠭᠰᠠᠨ ᠪᠤᠯᠤᠯᠳᠠᠢ ᠬᠦᠭᠡᠷᠦᠯᠳᠣᠨ ᠨᠠᠷᠬᠢᠵᠤ ᠭᠠᠷᠣᠯ᠎ᠠ᠃       ᠲᠡᠭᠡᠨ ᠪᠠᠶᠢᠳᠠᠯ᠎ᠠ ᠶᠠᠭᠤᠮᠠᠨ ᠲᠣᠷ᠎ᠠ ᠲᠠᠢ ᠨᠢᠭᠡ ᠨᠢ ᠴᠠᠭᠠᠯᠠᠵᠦ ᠬᠠᠶᠠᠭᠰᠠᠨ ᠪᠣᠬᠠᠨ ᠪᠦᠭᠡᠷ᠎ᠡ ᠨᠦᠭᠦᠳ ᠢ ᠴᠤᠬᠯᠠᠭᠤᠯᠤᠨ ᠣᠭᠤᠳᠠᠯᠠᠭᠠᠳ ︽ᠰᠢᠷᠠᠵᠤ ᠢᠳᠡᠪᠡᠯ ᠴᠢᠬᠢ ᠣᠬᠳᠣᠯᠪᠠᠴᠤ ᠮᠡᠳᠡᠬᠦ ᠦᠭᠡᠢ ᠁ ᠲᠡᠭᠡᠷ᠎ᠡ ᠨᠢ ᠲᠡᠭᠡᠭᠡᠳ ᠬᠤᠶᠠᠷ ᠣᠣᠭᠤᠴᠢᠬᠤ ᠶᠠᠭᠤᠮ᠎ᠠ ᠲᠠᠢ ᠪᠣᠯ︾ ᠭᠡᠳ ᠦᠵᠦᠬᠦᠷ ᠦᠭᠡᠢ ᠣᠯᠵᠠᠷᠬᠠᠨ ᠬᠦᠭᠡᠷᠴᠦ ᠪᠠᠶᠢᠳᠠᠯ᠎ᠠ ᠠᠯᠢ ᠬᠡᠳᠦᠶᠢᠨ ᠠᠴᠠ ᠠᠭᠤᠷᠯᠠᠨ ᠲᠡᠨᠴᠢᠭᠦᠷᠡᠵᠦ ᠪᠠᠶᠢᠬᠰᠠᠨ ᠬᠠᠷ᠎ᠠ ᠡᠪᠤᠬᠡᠨ ᠤ ᠠᠭᠤᠰᠬᠢ ᠵᠢᠷᠦᠬᠡ ᠳᠡᠯᠪᠡᠷᠡᠮᠡᠷ ᠪᠣᠯᠵᠤ᠄      ︽ᠡᠨᠡ ᠪᠤᠯ ᠮᠠᠯ ᠤᠨ ᠮᠢᠨᠢ ᠬᠡᠶᠢᠮᠦᠷᠢ ᠬᠡᠰᠢᠭ᠃ ᠮᠠᠯᠴᠢᠨ ᠬᠦᠮᠦᠨ ᠢᠳᠡᠬᠦ ᠶᠢ ᠪᠠᠶᠢᠴᠢᠬ᠎ᠠ ᠨᠤᠬᠠᠢ ᠳᠤ ᠪᠠᠨ ᠴᠤ ᠦᠭᠳᠡᠭ ᠦᠭᠡᠢ ᠶᠤᠮ︾ ᠬᠡᠳ ᠪᠤᠯᠢᠶᠠᠬᠤ ᠰᠢᠤᠬᠠᠨ ᠰᠢᠭᠦᠷᠤᠨ ᠠᠪᠣᠮᠠᠭᠴᠠ ᠣᠮᠠᠷ᠎ᠠ ᠵᠦᠭ ᠴᠢᠭᠯᠡᠨ ᠭᠦᠶᠦᠭᠰᠡᠭᠡᠷ ᠠᠶᠢᠯ ᠠᠴᠠ ᠵᠠᠶᠢᠳᠠᠭᠤᠬᠠᠨ ᠪᠠᠶᠢᠭ᠎ᠠ ᠨᠠᠮᠬᠠᠨ ᠬᠦᠳᠦᠯ ᠲᠡᠭᠡᠷ᠎ᠡ ᠭᠠᠷᠣᠭᠠᠳ ᠵᠣᠭᠰᠣᠪᠠ᠃ ᠲᠡᠷᠡ ᠬᠠᠨ ᠬᠠᠶᠢᠷᠬᠠᠨ ᠦᠭᠡᠳᠡ ᠪᠠᠨ ᠬᠠᠨᠳᠣᠨ ᠰᠦᠭᠦᠳᠦᠨ  ᠮᠦᠷᠭᠦᠭᠡᠳ᠂ ᠦᠨᠦ ᠡᠵᠡᠨ ᠠᠴᠠ ᠪᠠᠨ ᠰᠠᠯᠣᠭᠠᠳ ᠦᠨ᠎ᠡ ᠪᠡᠨ᠎ᠡ ᠪᠠᠨ ᠠᠯᠳᠠᠭᠰᠠᠨ ᠡᠷᠳᠡᠨᠢ ᠨᠦᠭᠦᠳ ᠢᠶᠠᠨ ᠡᠪᠳᠡᠶᠢᠬᠢᠨ ᠭᠠᠵᠠᠷ ᠰᠣᠩᠭᠤᠨ ᠪᠠᠶᠢᠵᠦ ᠬᠢᠴᠢᠶᠡᠮᠵᠢᠳᠡᠶᠢᠬᠢᠨ ᠪᠣᠯᠠᠵᠤ ᠳᠠᠯᠪᠢᠵᠠᠢ᠃                 ᠨᠠᠷᠠᠨ ᠤ ᠲᠣᠣᠷ᠎ᠠ ᠨᠠᠰᠣ ᠪᠠᠷ ᠢᠶᠠᠨ ᠶᠠᠪᠣᠵᠦ᠂ ᠰᠦᠷᠦᠭ ᠤᠨ ᠢᠶᠠᠨ ᠲᠡᠷᠭᠡᠳᠡ ᠪᠡᠶ᠎ᠡ ᠪᠠᠨ ᠡᠯᠡᠭᠡᠭᠰᠡᠨ ᠬᠠᠷ᠎ᠠ ᠡᠪᠤᠬᠡᠨ᠂ ᠪᠣᠳᠣᠯ ᠳᠠᠭᠠᠨ ᠳᠠᠷᠤᠬᠳᠠᠨ ᠰᠡᠳᠬᠢᠯ ᠢᠶᠠᠷ ᠣᠨᠠᠭᠠᠳ ᠪᠠᠶᠢᠨ ᠲᠠᠬᠢᠨ ᠮᠡᠯᠡᠷᠡᠨ ᠭᠦᠯᠢᠷᠡᠬᠦ ᠪᠣᠯᠵᠠᠢ᠃        ᠰᠦᠷ ᠪᠠᠳᠠᠷᠠᠭᠤᠯᠤᠨ ᠰᠦᠷᠦᠭ ᠢᠶᠠᠨ ᠡᠵᠡᠯᠡᠭᠰᠡᠨ ᠪᠦᠳᠦᠭᠦᠨ ᠬᠠᠷ᠎ᠠ᠂ ᠰᠣᠶᠤᠯᠠᠩ ᠤᠯᠠᠭᠠᠨ ᠨᠢ ᠪᠣᠳᠣᠬᠳᠠᠨ᠎ᠠ᠃        ᠬᠦᠳᠡᠬᠢ ᠪᠦᠳᠦᠭᠦᠨ ︽ᠬᠦᠭᠡᠷᠦᠬᠦᠢ ᠮᠤᠬᠤᠷ︾ ᠬᠠᠷ᠎ᠠ ᠲᠠᠷᠯᠠᠨ ᠨᠢ ᠴᠤ ᠰᠠᠨᠠᠭᠠᠨ ᠳᠤ ᠨᠢ ᠣᠷᠣᠨ᠎ᠠ᠃       ᠬᠠᠰ ᠢᠶᠠᠨ ᠬᠤᠰᠣᠭᠤᠯᠵᠦ ᠬᠠᠪᠳᠠᠭ ᠢᠶᠠᠨ ᠰᠣᠯᠠᠯᠠᠭᠤᠯᠤᠬᠰᠠᠨ ᠦᠨᠦ ᠮᠠᠭᠤ ᠰᠠᠶᠢᠨ ᠪᠤᠬᠠᠨᠳᠠᠢ ᠨᠤᠭᠤᠳ  ᠨᠢ ︽ᠡᠷᠳᠡᠨᠢ ᠶᠢ ᠮᠢᠨᠢ ᠠᠪᠴᠢᠷᠠ ᠁ ᠬᠤᠷᠣ ᠶᠣᠷᠣ ᠶᠢᠨ ᠬᠤᠪᠠᠭ᠋ᠠᠢ ᠬᠠᠷ᠎ᠠ ᠴᠢ ᠁︾  ᠭᠡᠳ ᠲᠠᠯ᠎ᠠ ᠲᠠᠯ᠎ᠠ ᠠᠴᠠ ᠨᠢ ᠭᠦᠯᠦᠶᠢᠨ ᠴᠠᠶᠢᠪᠠᠶᠢᠭᠠᠳ ᠪᠠᠶᠢᠬᠤ ᠨᠢ ᠦᠵᠡᠭᠳᠡᠵᠦ ᠬᠠᠷᠠᠭᠳᠠᠵᠦ ᠪᠠᠶᠢᠮᠠᠷ ᠰᠠᠨᠠᠭᠳᠠᠨ᠎ᠠ ᠁      ᠬᠠᠷ᠎ᠠ ᠡᠪᠦᠭᠡᠨ ᠤ ᠲᠣᠳᠣᠷ᠎ᠠ ᠰᠢᠷᠬᠠᠯᠠᠨ ᠰᠢᠨᠠᠯᠵᠦ᠂ ᠮᠠᠯ ᠰᠦᠷᠦᠭ᠂ ᠮᠠᠯᠴᠢᠨ ᠲᠦᠮᠡᠨ ᠳᠡᠭᠡᠨ ᠶᠠᠯ᠎ᠠ ᠨᠢᠭᠦᠯ ᠬᠢᠭᠰᠡᠨ ᠰᠢᠭ ᠯᠡ ᠪᠣᠳᠣᠭᠳᠠᠬᠤ ᠪᠦᠭᠡᠳ ᠨᠡᠶᠢᠭᠡᠮ ᠨᠡᠶᠢᠳᠡ ᠵᠠᠰᠠᠭ ᠲᠦᠷᠦ ᠳᠡᠭᠡᠨ ᠣᠰᠣᠯ ᠪᠣᠷᠣᠭᠤ ᠲᠠᠢ ᠶᠠᠪᠣᠭᠰᠠᠨ ᠰᠢᠭ᠋ ᠯᠡ ᠰᠠᠨᠠᠭᠳᠠᠭᠠᠳ ᠲᠦᠷᠦ ᠶᠢᠨ ᠪᠣᠳᠣᠯᠭ᠎ᠠ ᠶᠢᠨ ᠨᠠᠶᠢᠳᠠᠪᠦᠷᠢᠵᠢᠬᠤ ᠳᠤ᠂ ᠲᠦᠩ ᠲᠦᠮᠡᠨ ᠤ ᠴᠢᠨᠡᠭᠡᠯᠢᠭᠵᠢᠬᠦ ᠳᠤ ᠭᠠᠭᠴᠠ ᠲᠡᠷᠡ ᠯᠡ ᠬᠠᠷᠢᠭᠤᠴᠠᠯᠭ᠎ᠠ ᠠᠯᠳᠠᠭᠰᠠᠨ ᠰᠢᠭ᠋ ᠦᠪᠡᠷ ᠤᠨ ᠪᠡᠶ᠎ᠡ ᠳᠤ ᠪᠠᠨ ᠭᠤᠮᠣᠳᠠᠬᠤ ᠂ ᠬᠠᠷᠠᠰᠠᠬᠤ᠂ ᠬᠤᠷᠣᠰᠬᠤ ᠪᠣᠯᠣᠨ ᠬᠤᠪᠢᠷᠠᠭᠰᠠᠨ ᠢᠶᠠᠷ ᠪᠠᠷᠠᠬᠤ ᠦᠭᠡᠢ ᠠᠳᠠᠯᠠᠨ ᠭᠤᠯᠣᠬᠤ᠂ ᠪᠣᠷᠣᠭᠤᠳᠬᠠᠨ ᠵᠢᠮᠡᠯᠡᠬᠦ᠂ ᠰᠢᠭᠦᠨ ᠰᠢᠭᠦᠮᠵᠢᠯᠡᠬᠦ ᠪᠣᠯᠵᠣ ᠵᠠᠩᠰᠢᠵᠠᠢ᠃                ᠬᠤᠰᠠᠷᠠᠩ ᠦᠨᠢᠶ᠎ᠡ᠂ ᠶᠠᠭᠤ ᠨᠢᠭᠡ ᠶᠢ ᠬᠦᠰᠡᠭᠡᠳ ᠣᠶᠠᠷᠠᠯᠳᠠᠢ ᠮᠦᠭᠡᠷᠦᠨ᠎ᠡ ᠁          ᠬᠠᠷ᠎ᠠ ᠡᠪᠦᠭᠡᠨ᠂ ᠶᠠᠭᠤ ᠨᠢᠭᠡ ᠶᠢ ᠦᠭᠡᠶᠢᠯᠡᠭᠡᠳ ᠭᠤᠮᠣᠳᠠᠯᠳᠠᠢ ᠰᠡᠭᠦᠷᠡᠰᠦᠯᠡᠨ᠎ᠡ ᠁
 
ᠢᠷᠡᠯᠲᠡ᠄ ᠲᠠᠭᠤᠳᠠᠭᠠᠴᠢ ᠠᠯᠳᠠᠨ᠋ᠧᠴᠢᠷ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号