ᠨᠣᠳᠤᠭ ᠤᠨ ᠪᠣᠬ᠎ᠠ  ︵2︶
ᠨᠡᠶᠢᠲᠡᠯᠡᠭᠰᠡᠨ ᠴᠠᠭ᠄
2020/11/3
       ᠱᠠᠳᠣᠨ ᠳᠠᠷᠢᠶ᠎ᠠ ᠪᠤᠷᠳᠣᠭᠠᠨ ᠰᠠᠭᠤᠷᠢᠨ ᠦᠷᠭᠦᠯᠵᠢᠯᠡᠭᠡᠳ᠂ ᠮᠠᠯᠵᠢᠬᠤ ᠣᠷᠣᠨ ᠳ᠋ᠠᠵᠠᠢ ᠠᠴᠠ ᠰᠣᠷᠣᠯᠴᠠᠭᠠᠳ ᠶᠠᠪ ᠶᠠᠭᠠᠷᠠᠤ᠃        ᠰᠢᠨ᠎ᠡ ᠶᠢ ᠡᠭᠦᠳᠦᠨ ᠰᠢᠨ᠎ᠡ ᠶᠢ ᠪᠦᠳᠦᠭᠡᠬᠦ ᠬᠡᠮᠡᠭᠡᠳ ᠪᠠᠷᠢᠭᠠᠳᠠ ᠶᠢᠨ ᠬᠢᠨ ︽ᠭᠤᠷᠪᠠᠨ ᠭᠤᠣᠯ ᠤᠨ ᠦᠭᠡᠷ — ᠬᠠᠷ᠎ᠠ ᠲᠠᠷᠯᠠᠨ ᠪᠣᠬ᠎ᠠ︾ ᠣᠷᠤᠭᠤᠯᠳ ᠠᠪᠴᠢᠷᠠᠭᠠᠳ ᠨᠤᠳᠤᠭ ᠤᠨ ᠦᠭᠡᠷ ᠲᠡᠭᠡᠨ ︽ᠬᠤᠪᠢᠰᠬᠠᠯ︾ ᠬᠢᠵᠤ ᠴᠢᠰᠦ ᠶᠢ ᠨᠢ ᠰᠣᠯᠢᠭᠠᠳ᠂ ᠣᠳᠣᠮ ᠢ ᠨᠢ ᠦᠭᠡᠷᠡᠴᠢᠯᠡᠨ ᠣᠭᠰᠠᠭ᠎ᠠ ᠶᠢ ᠨᠢ ᠬᠠᠯᠠᠵᠦ ᠡᠬᠢᠯᠡᠵᠠᠢ᠃        ᠭᠦᠭᠰᠢᠨ ᠤᠯᠠᠭᠠᠨ ᠪᠤᠬ᠎ᠠ ︵ᠰᠣᠶᠣᠯᠠᠩ ᠣᠯᠠᠭᠠᠨ︶ ᠶᠢ ᠬᠡᠷᠭᠢᠨ ᠰᠢᠢᠳᠪᠤᠷᠢᠯᠡᠬᠦ ᠳᠣᠬᠠᠢ ᠨᠡᠯᠢᠶᠡᠳ ᠦᠭᠡᠢ ᠬᠡᠯᠡ ᠠᠮᠠ  ᠪᠣᠯᠤᠭᠰᠠᠨ ᠠᠪᠠᠴᠦ ᠦᠨᠦ ᠬᠠᠷ᠎ᠠ ᠡᠷ᠎ᠡ ︵ᠬᠠᠷ᠎ᠠ ᠬᠦᠦ︶ ᠶᠢᠨ᠄ ︽ᠬᠠᠯᠠᠭᠤᠨ ᠬᠦᠯᠦᠰᠦ ᠬᠠᠷ᠎ᠠ ᠬᠦᠴᠦ ᠠᠯᠢ ᠪᠦᠬᠦᠨ ᠢᠶᠠᠨ ᠮᠠᠯ ᠰᠦᠷᠦᠭ ᠤᠨ ᠦᠷᠡᠵᠢᠯᠳᠠ᠂ ᠮᠠᠯᠴᠢᠨ ᠠᠷᠠᠳ ᠤᠨ ᠠᠮᠢᠳᠣᠷᠠᠯ ᠳᠤ ᠡᠷᠭᠦᠭᠰᠡᠨ ᠭᠦᠭᠰᠢᠨ ᠪᠤᠬ᠎ᠠ ᠪᠠᠨ ᠪᠣᠰᠣᠳ ᠤᠨ ᠡᠷᠬᠡ ᠦᠷᠦᠭᠡᠯ ᠤᠨ ᠬᠢᠳᠣᠭᠠᠨ ᠳᠤ ᠣᠷᠣᠭᠤᠯᠬᠤ ᠦᠭᠡᠢ︾ ᠬᠡᠮᠡᠭᠰᠡᠨ ᠭᠠᠭᠴᠠᠮᠤᠰᠤᠨ ᠬᠠᠳᠠᠭᠤ  ᠶᠣᠰᠣᠨ ᠳᠤ ᠬᠠᠭ᠋ᠠᠭᠳᠠᠭᠰᠠᠨ ᠲᠠᠷᠤᠭ᠎ᠠ ᠲᠠᠭᠠᠭᠠᠮᠠᠯ ᠤᠳ ᠴᠦ ᠰᠡᠳᠬᠢᠯ ᠵᠦᠭᠡᠯᠡᠷᠡᠵᠦ᠂ ᠰᠠᠨᠠᠭ᠎ᠠ ᠪᠠᠷ ᠨᠢ ᠪᠣᠯᠤᠭᠠᠳ ︽ᠵᠠ ᠴᠢ ᠶᠠᠭᠠᠬᠢᠪᠠᠯ ᠶᠠᠭᠠᠬᠢᠭ︾ ᠭᠡᠰᠡᠨ ᠮᠠᠶ᠋ᠢᠭᠳᠠᠢ ᠬᠦᠭᠰᠢᠨ ᠣᠯᠠᠭᠠᠨ ᠢ  ᠳᠡᠭᠦᠨ ᠳᠤ ᠳᠣᠰᠢᠶᠠᠪᠠ᠃        ᠳᠡᠭᠡᠬᠦ ᠳᠤ ᠨᠢ ᠬᠠᠷ᠎ᠠ ᠡᠷ᠎ᠡ ᠶᠢᠨ ᠬᠠᠳᠠᠩᠬᠢᠷ ᠡᠬᠡᠨᠡᠷ᠂ ᠬᠦᠭᠰᠢᠨ ᠪᠤᠬ᠎ᠠ ᠶᠢ ᠳᠣᠰᠬᠠᠶᠢᠯᠠᠨ ᠠᠰᠠᠷᠠᠬᠤ ᠬᠠᠷ᠎ᠠ ᠠᠯᠪᠠᠨ ᠳᠤ ᠣᠨᠤᠭᠳᠠᠵᠤ᠂ ᠦᠢᠯᠡ ᠪᠠᠨ ᠦᠵᠡᠵᠤ ᠦᠰᠦ ᠪᠠᠨ ᠳᠡᠬᠦᠬᠦ ᠳᠤ ᠳᠣᠯᠣᠭᠰᠠᠨ ᠢ ᠶᠠᠭᠤ ᠶᠢ ᠨᠢ ᠬᠡᠯᠡᠬᠦ ᠪᠢᠯᠡ︕ ᠬᠠᠰᠢᠶ᠎ᠠ ᠡᠪᠳᠡᠬᠦ᠂ ᠰᠦᠷᠦᠭ ᠲᠤ ᠨᠡᠶᠢᠯᠡᠬᠦ ᠁ ᠬᠡᠭᠦᠴᠢᠯᠡᠨ ᠭᠦᠭᠰᠢᠨ ᠤᠯᠠᠭᠠᠨ ᠶᠡᠷᠦ ᠨᠢ ᠬᠢᠳᠡᠭ ᠶᠣᠰᠣᠳᠠᠢ ᠪᠠᠨ ᠬᠢᠭᠦ ᠭᠡᠳ ᠠᠮᠠᠷ ᠪᠠᠶᠢᠳᠠᠭ ᠦᠭᠡᠢ᠃ ᠨᠡᠩ ᠴᠣ᠋ ᠳᠡᠷᠡ ᠡᠳᠦᠷ ᠬᠦᠳᠡᠬᠢ ᠪᠦᠳᠦᠭᠦᠨ ᠪᠡᠶ᠎ᠡ  ᠪᠠᠨ ᠬᠡᠪ ᠮᠠᠭᠤᠳᠠᠢ ᠲᠡᠨᠳᠡᠭᠴᠡᠭᠦᠯᠦᠭᠰᠡᠨ ᠮᠠᠭᠤ ᠮᠤᠬᠤᠷ — ᠬᠠᠷ᠎ᠠ ᠲᠠᠷᠯᠠᠨ᠂ ᠲᠠᠷᠭᠤᠨ ᠲᠠᠰᠢᠶ᠎ᠠ ᠪᠦᠮᠪᠦᠯᠵᠡᠭᠦᠯᠦᠨ ᠲᠠᠭᠠᠳᠠᠢ ᠨᠠᠶᠢᠷᠳᠠᠢ ᠬᠡᠶᠢᠷᠬᠡᠭᠰᠡᠨ ᠪᠢᠴᠢᠬᠠᠨ ᠬᠠᠯᠢᠭᠤᠨ ᠢ ᠬᠤᠪᠢᠯᠠᠨ ᠡᠵᠡᠷᠭᠡᠭᠡᠳ ᠬᠦᠭᠡᠭᠡᠴᠡᠯᠳᠣᠨ ᠦᠩᠭᠡᠷᠡᠬᠦ ᠶᠢ ᠬᠠᠷᠠᠭᠰᠠᠨ ᠬᠦᠭᠰᠢᠨ ᠤᠯᠠᠭᠠᠨ ᠤ ᠠᠳᠠᠭ᠎ᠠ ᠵᠢᠳᠦᠭᠡ᠂ ᠠᠭᠤᠷ ᠣᠮᠤᠭ ᠬᠤᠣᠰᠯᠠᠨ ᠢᠷᠡᠬᠦ ᠪᠠᠷ ᠪᠣᠷᠭᠠᠰᠣᠨ ᠬᠠᠰᠢᠶ᠎ᠠ  ᠶᠢ ᠢᠪ ᠳᠠᠷᠣᠨ ᠭᠠᠷᠴᠦ᠂ ᠡᠵᠡᠷᠬᠡᠭ ᠦᠵᠡᠯ ᠰᠢᠨᠤᠬᠠᠢ ᠳᠠᠴᠢᠶᠠᠯ ᠳᠠᠭᠠᠨ ᠬᠦᠭᠡᠷᠦᠨ ᠮᠣᠨᠣᠭᠠᠳ ᠠᠭᠰᠠᠨ ᠮᠠᠭᠤ ᠮᠣᠬᠤᠷ ᠢ ᠶᠠᠭᠤ ᠶᠠᠭᠤ ᠶᠢ ᠨᠢ ᠮᠡᠳᠡᠬᠦ ᠠᠴᠠ ᠡᠮᠤᠨ᠎ᠠ ᠳᠦᠷᠪᠡᠨ ᠮᠦᠴᠢ ᠶᠢ ᠨᠢ ᠲᠡᠭᠷᠢ ᠬᠠᠨᠳᠣᠭᠤᠯᠣᠭᠠᠳ ᠵᠠᠪᠳᠣᠵᠠᠢ᠃      ᠪᠠᠷᠢᠭᠠᠳᠠ ᠶᠢᠨ ᠬᠢᠨ ᠠᠭᠤᠷᠰᠠᠵᠤ᠂ ᠬᠠᠷ᠎ᠠ ᠡᠷ᠎ᠡ ᠶᠢ ᠬᠠᠳᠠᠩᠬᠢᠷ ᠡᠭᠡᠨᠡᠷ ᠲᠠᠢ ᠨᠢ ᠵᠢᠮᠡᠯᠡᠨ ᠲᠣᠩᠭᠤᠳᠣᠭᠠᠳ ᠵᠣᠭᠰᠣᠭᠰᠠᠨ ᠦᠭᠡᠢ ᠨᠢᠭᠡᠳᠦᠯ ᠤᠨ ᠮᠠᠯ ᠤᠨ ᠡᠮᠴᠢ ᠶᠢ ᠵᠠᠯᠠᠭᠠᠳ ᠠᠶᠢᠯ ᠤᠨ ᠢᠳᠡᠷ ᠵᠠᠯᠠᠭᠤᠴᠣᠳ ᠢ ᠠᠷᠪᠠ ᠬᠤᠷᠢ  ᠪᠠᠷ ᠴᠣᠭᠯᠠᠭᠤᠯᠣᠨ ᠦᠭᠡᠷ ᠮᠣᠷᠢᠨ ᠤ ᠬᠦᠴᠦᠨ ᠭᠠᠷᠭᠠᠨ ᠦᠬᠦᠵᠦ ᠰᠡᠭᠡᠬᠦ ᠶᠢᠨ ᠲᠡᠮᠡᠴᠡᠯ ᠬᠢᠵᠦ ᠪᠠᠶᠢᠭᠠᠳ ᠬᠦᠭᠰᠢᠨ ᠤᠯᠠᠭᠠᠨ ᠤ ᠦᠷ᠎ᠡ ᠶᠢ ᠨᠢ ᠳᠠᠰᠣᠯᠵᠤ ᠦᠷᠡᠵᠢᠯ ᠢ ᠨᠢ ᠬᠤᠷᠢᠭᠠᠳ ᠰᠠᠶ᠋ᠢ ᠰᠠᠨᠠᠭ᠎ᠠ ᠲᠦᠭᠦᠷᠴᠦ ᠰᠡᠳᠬᠢᠯ ᠠᠮᠠᠷᠠᠵᠠᠭᠠᠵᠠᠢ᠃      ᠭᠦᠭᠰᠢᠨ ᠤᠯᠠᠭᠠᠨ ᠤ ᠪᠦᠳᠦᠭᠦᠨ ᠨᠢᠳᠤᠨ ᠠᠴᠠ ᠬᠢᠯᠢᠩ ᠬᠤᠷᠤᠰᠣᠯ ᠤᠨ ᠬᠦᠬᠡ ᠭᠠᠯ ᠪᠠᠳᠠᠷᠠᠨ ᠣᠴᠢᠯᠠᠵᠦ ᠪᠠᠶᠢᠭᠰᠠᠨ ᠢᠶᠠᠨ ᠤᠳᠠᠯ ᠦᠭᠡᠢ ᠭᠤᠮᠤᠳᠠᠯ ᠭᠤᠳᠣᠷᠠᠯ ᠤᠨ ᠳᠣᠭᠤᠯᠠᠩ ᠨᠢᠯᠪᠤᠰᠣ ᠪᠣᠯᠵᠤ ᠪᠦᠮᠪᠦᠷᠢᠪᠡ᠃ ᠳᠡᠷᠡ ᠢᠳᠡᠬᠦ ᠦᠭᠡᠢ ᠤᠤᠭᠤᠬᠤ ᠦᠭᠡᠢ ᠬᠡᠳᠦᠨ ᠡᠳᠦᠷ ᠢᠶᠠᠷ ᠬᠠᠷ᠎ᠠ ᠡᠷ᠎ᠡ ᠬᠠᠳᠠᠩᠬᠢᠷ ᠡᠭᠡᠨᠡᠷ ᠤᠨ ᠬᠠᠰᠢᠶᠠᠨ ᠪᠣᠯᠤᠩ ᠳᠤ ᠬᠡᠪᠳᠡᠨ ᠪᠠᠶᠢᠭᠰᠠᠨ ᠢᠶᠠᠨ ᠨᠢᠭᠡᠨ ᠰᠦᠨᠢ ᠶᠢᠨ ᠬᠠᠷᠠᠩᠭᠤᠢ ᠶᠢ ᠵᠠᠪᠰᠢᠨ ᠬᠠᠰᠢᠶ᠎ᠠ ᠡᠪᠳᠡᠭᠡᠳ ᠠᠯᠠᠭ᠎ᠠ ᠪᠣᠯᠵᠠᠢ᠃                    ᠰᠠᠷ᠎ᠠ ᠶᠢᠨ ᠳᠠᠷᠠᠭ᠎ᠠ ᠬᠦᠭᠰᠢᠨ ᠤᠯᠠᠭᠠᠨ᠂  ᠰᠦᠷᠦᠭ ᠤᠨ ᠢᠶᠠᠨ ᠳᠡᠷᠭᠡᠳᠡ ᠰᠦᠷ ᠳᠠᠳᠠᠨ ᠳᠠᠬᠢᠨ ᠢᠯᠡᠷᠡᠵᠠᠢ᠃ ᠣᠳᠣ ᠳᠡᠬᠦᠨ ᠳᠤ ᠦᠨᠢᠶ᠎ᠡ ᠬᠦᠭᠡᠭᠡᠵᠦ ᠭᠤᠨᠵᠢ ᠡᠷᠭᠢᠭᠦᠯᠬᠦ ᠰᠠᠨᠠᠭ᠎ᠠ ᠰᠡᠳᠬᠢᠯᠭᠡ ᠭᠡᠵᠤ ᠶᠠᠭ ᠳᠠᠭ ᠪᠣᠯᠣᠭᠰᠠᠨ ᠨᠢ ᠲᠣᠳᠣᠷᠬᠠᠢ᠃ ᠬᠠᠷᠢᠨ  ᠪᠦᠳᠦᠭᠦᠨ ᠨᠢᠳᠦ ᠪᠠᠨ ᠭᠦᠯᠢᠪᠡᠯᠵᠡᠭᠦᠯᠦᠨ᠂ ᠦᠰᠢᠶᠡᠳᠡᠨ ᠳᠠᠶᠢᠰᠣᠨ — ᠬᠠᠷ᠎ᠠ ᠲᠠᠷᠯᠠᠨ ᠬᠠᠮᠢᠭ᠎ᠠ ᠪᠠᠶᠢᠨ᠎ᠠ ᠬᠡᠳ ᠰᠢᠭᠤᠳ  ᠲᠠᠯᠪᠢᠭᠠᠳ ᠬᠦᠷᠦᠯ᠎ᠡ᠃      ᠬᠠᠷ᠎ᠠ ᠲᠠᠷᠯᠠᠨ᠂ ᠬᠠᠶᠢᠷᠬᠠᠨ ᠢᠶᠠᠨ ᠴᠢᠮᠬᠢᠭᠦᠯᠵᠤ ᠬᠠᠪᠳᠠᠭ᠎ᠠ ᠪᠠᠨ ᠶᠡᠭᠦᠯᠡᠭᠦᠯᠦᠭᠰᠡᠨ ᠭᠦᠭᠰᠢᠨ ᠣᠯᠠᠭᠠᠨ ᠢ ᠪᠠᠰᠣᠬᠤ ᠳᠣᠣᠷᠠᠰᠢᠶᠠᠬᠤ ᠪᠣᠳᠣᠯ ᠣᠷᠣᠵᠤ ᠠᠪᠤᠬᠰᠠᠨ ᠪᠣᠯᠪᠠᠴᠣ᠂ ᠳᠦᠷᠦᠭᠦᠬᠡᠨ ᠳᠤ ᠰᠠᠶ᠋ᠢ ᠯᠡ ᠳᠦᠷᠪᠡᠨ ᠮᠦᠴᠢ  ᠪᠠᠨ ᠳᠡᠭᠷᠢ ᠦᠭᠡᠳᠡ ᠳᠠᠷᠠᠶᠢᠯᠭᠡᠭᠡᠳ᠂ ᠪᠢᠷᠠᠭᠤ ᠰᠢᠳᠦᠯᠡᠩ᠂ ᠭᠤᠨᠵᠢ ᠲᠦᠨᠵᠢ ᠶᠢᠨ ᠳᠣᠭᠤᠬᠢ ᠪᠣᠯᠣᠭᠰᠠᠨ ᠢᠶᠠᠨ ᠰᠠᠨᠠᠵᠤ᠂ ᠪᠦᠳᠦᠭᠦᠨ ᠪᠡᠶ᠎ᠡ ᠪᠠᠨ ᠤᠬᠤᠷᠢᠰᠬᠢᠨ᠂ ᠮᠣᠬᠤᠷ ᠳᠣᠯᠤᠭᠠᠢ ᠪᠠᠨ ᠰᠣᠨᠣᠰᠬᠢᠨ᠂ ᠭᠦᠭᠰᠢᠨ ᠤᠯᠠᠭᠠᠨ ᠤ ᠵᠢᠳᠡᠨ ᠡᠪᠡᠷ ᠲᠤ ᠰᠡᠭᠯᠡᠭᠳᠡᠬᠦ ᠠᠴᠠ ᠰᠡᠷᠭᠡᠶᠢᠯᠡᠨ ᠬᠢᠴᠢᠶᠡᠮᠳᠡᠶᠢᠬᠡᠨ ᠬᠦᠯᠢᠶᠡᠵᠤ ᠵᠣᠭᠰᠣᠵᠠᠢ᠃      ᠭᠦᠭᠰᠢᠨ ᠤᠯᠠᠭᠠᠨ᠂ ᠬᠠᠷ᠎ᠠ ᠲᠠᠷᠯᠠᠨ ᠤ ᠰᠠᠨᠠᠭ᠎ᠠ ᠶᠢ ᠨᠢ ᠲᠠᠭᠠᠭᠤᠯᠣᠨ ᠮᠣᠬᠤᠷ ᠳᠣᠯᠤᠭᠠᠢ ᠶᠢ ᠨᠢ ᠰᠡᠯᠡᠮᠡᠨ ᠬᠤᠶᠠᠷ ᠡᠪᠡᠷ ᠢᠶᠠᠷ ᠢᠶᠠᠨ ᠬᠠᠪᠴᠢᠨ ᠳᠣᠯᠵᠤ ᠠᠪᠤᠮᠠᠭᠴᠠ ᠡᠮᠤᠨ᠎ᠠ ᠬᠤᠶᠠᠷ ᠬᠦᠯ ᠳᠡᠭᠡᠷ᠎ᠡ ᠪᠠᠨ ᠪᠡᠶ᠎ᠡ ᠪᠠᠨ ᠳᠣᠭᠳᠠᠭᠠᠨ᠂ ᠬᠤᠶᠢᠳᠣ ᠬᠤᠶᠠᠷ ᠬᠦᠯ ᠢᠶᠠᠨ ᠳᠡᠶᠢᠷᠦᠰᠬᠢᠬᠦ ᠪᠠᠷ ᠪᠦᠬᠦ ᠪᠡᠶᠡᠨ ᠤ ᠬᠢᠨᠢ ᠬᠠᠷ᠎ᠠ ᠬᠦᠴᠦ᠂ ᠬᠠᠷ᠎ᠠ ᠲᠠᠷᠯᠠᠨ ᠤ ᠡᠰᠡᠷᠭᠦᠯᠡᠨ ᠲᠣᠯᠣᠭᠰᠠᠨ ᠪᠦᠳᠦᠭᠦᠨ ᠮᠣᠬᠤᠷ ᠳᠣᠯᠤᠭᠠᠢ ᠦᠭᠡᠳᠡ ᠳᠦᠪᠯᠡᠷᠡᠨ ︽ᠳᠦᠱ︾ ᠬᠢᠨ ᠳᠣᠰᠳᠠᠯ᠎ᠠ ︽ᠱᠠᠷ︾ ᠬᠡᠬᠦ ᠪᠢᠳᠡᠬᠦᠦ ᠳᠠᠭᠤᠨ ᠭᠠᠷᠣᠭᠠᠳ ᠮᠣᠬᠤᠷ ᠳᠠᠯᠠᠨ ᠨᠣᠭᠳᠣᠰᠬᠢᠨ ᠰᠦᠭᠦᠳᠪᠡ᠃      ᠮᠣᠬᠤᠷ ᠲᠠᠷᠯᠠᠨ ᠤ ᠠᠮᠠᠨ ᠬᠦᠵᠤᠬᠦᠦ ᠨᠢ ᠮᠣᠯᠳᠣᠷᠠᠨ᠂ ᠪᠦᠳᠦᠭᠦᠨ ᠳᠣᠯᠤᠭᠠᠢ ᠨᠢ ᠴᠡᠭᠡᠵᠢᠨ ᠬᠦᠨᠳᠡᠢ ᠤᠷᠤᠭᠤ ᠪᠠᠨ ᠰᠢᠷᠭᠤᠴᠢᠨ ᠣᠬᠤᠷᠢᠨ ᠰᠠᠭᠤᠬᠰᠠᠨ ᠪᠠᠶᠢᠵᠠᠢ᠃            ᠁       ᠭᠦᠭᠰᠢᠨ ᠤᠯᠠᠭᠠᠨ᠂ ᠮᠣᠬᠤᠷ ᠲᠠᠷᠯᠠᠨ ᠤ ᠬᠡᠨ ᠠᠯᠢᠨ ᠴᠦ ᠲᠠᠬᠢᠵᠦ ᠲᠠᠬᠢᠵᠦ ᠬᠠᠷᠠᠭᠳᠠᠭᠰᠠᠨ ᠦᠭᠡᠢ᠃       ᠪᠢᠷᠠᠭᠤᠨ ᠪᠣᠬ᠎ᠠ᠂ ᠰᠢᠳᠦᠯᠡᠩ ᠦᠬᠡᠷ ᠣᠷᠣᠭᠠᠨ ᠤ ᠦᠨᠢᠶᠡᠳ ᠪᠣᠯᠢᠶᠡᠯᠳᠣᠭᠠᠳ ᠶᠡᠬᠡᠯ᠎ᠡ ᠶᠠᠭᠠᠷᠠᠣ᠃
 
ᠢᠷᠡᠯᠲᠡ᠄ ᠲᠠᠭᠤᠭᠳᠠᠭᠠᠴᠢ ᠠᠯᠳᠠᠨᠸᠠᠴᠢᠷ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号