ᠵᠡᠬᠦᠳᠦᠨ ᠳᠠᠬᠢ ᠨᠤᠳᠤᠭ ᠵᠢᠷᠦᠭᠡᠨ ᠤ ᠤᠶᠠᠩᠭ᠎ᠠ
ᠨᠡᠶᠢᠲᠡᠯᠡᠭᠰᠡᠨ ᠴᠠᠭ᠄
2020/11/23
ᠪᠠ᠊ · ᠤᠳᠽᠠᠷ ᠪᠤᠳᠤᠬᠳᠠᠭᠠᠳ ᠪᠠᠶᠢᠳᠠᠭ ᠰᠢᠨ᠎ᠠ ᠠᠶᠢᠯ ᠮᠢᠨᠢ ᠰᠠᠨᠠᠭᠳᠠᠭᠠᠳ ᠪᠠᠶᠢᠳᠠᠭ ᠨᠤᠳᠤᠭ ᠤᠰᠦ ᠵᠡᠬᠦᠳᠦᠨ ᠳᠤ ᠬᠤᠨᠤᠭᠰᠢᠳᠠᠭ ᠭᠠᠵᠠᠷ ᠤᠷᠤᠨ ᠵᠢᠷᠦᠭᠡᠨ ᠠᠴᠠ ᠤᠨᠳᠤᠷᠳᠠᠭ ᠬᠠᠶᠢᠷ᠎ᠠ ᠶᠢᠨ ᠤᠶᠠᠩᠭ᠎ᠠ᠃ ᠰᠢᠨ᠎ᠠ ᠠᠶᠢᠯ ᠮᠢᠨᠢ ᠬᠦᠭᠵᠢᠵᠦ ᠪᠠᠶᠢᠬ᠎ᠠ ᠰᠢᠨᠡᠴᠢᠯᠡᠯᠳᠡ ᠠᠮᠢᠳᠤᠷᠠᠯ ᠢᠶᠠᠷ ᠤᠨᠳᠤᠷᠴᠦ ᠪᠠᠶᠢᠬ᠎ᠠ ᠡᠯᠡᠰᠦ ᠮᠠᠩᠬ᠎ᠠ ᠨᠢ ᠬᠦᠬᠡᠷᠡᠵᠦ ᠪᠠᠶᠢᠬ᠎ᠠ ᠡᠭᠡ ᠨᠤᠳᠤᠭ ᠮᠢᠨᠢ ᠬᠤᠪᠢᠷᠠᠵᠦ ᠪᠠᠶᠢᠬ᠎ᠠ᠃ ᠡᠭᠡ ᠰᠤᠷᠭᠠᠭᠤᠯᠢ ᠮᠢᠨᠢ ᠴᠡᠴᠡᠭᠯᠡᠵᠦ ᠪᠠᠶᠢᠬ᠎ᠠ ᠡᠷᠳᠡᠮᠳᠡᠨ ᠮᠡᠷᠭᠡᠳ ᠴᠤᠯᠭᠤᠷᠠᠵᠦ ᠪᠠᠶᠢᠬ᠎ᠠ ᠠᠴᠢᠳᠦ ᠪᠠᠭᠰᠢ ᠨᠠᠷ ᠮᠢᠨᠢ ᠠᠬᠰᠢᠷᠠᠭᠰᠠᠨ ᠪᠠᠶᠢᠬ᠎ᠠ ᠠᠤᠭ᠎ᠠ ᠭᠠᠪᠢᠶ᠎ᠠ ᠨᠢ ᠠᠯᠳᠠᠷᠰᠢᠭᠰᠠᠨ ᠪᠠᠶᠢᠬ᠎ᠠ᠃ ᠠᠷᠦ ᠮᠠᠩᠬ᠎ᠠ ᠮᠢᠨᠢ ᠨᠤᠭᠤᠭᠠᠷᠠᠭᠰᠠᠨ ᠪᠠᠶᠢᠬ᠎ᠠ ᠠᠶ᠎ᠠ ᠳᠠᠭᠤᠤ ᠲᠠᠢ ᠪᠠᠨ ᠳᠠᠭᠤᠷᠢᠰᠴᠦ ᠪᠠᠶᠢᠬ᠎ᠠ ᠠᠶᠠᠨᠴᠢᠨ ᠵᠢᠭᠤᠯᠴᠢᠨ ᠠᠷᠪᠢᠵᠢᠬᠰᠠᠨ ᠪᠠᠶᠢᠬ᠎ᠠ ᠠᠷᠠᠳ ᠤᠨ ᠠᠮᠢᠳᠤᠷᠡᠯ ᠨᠢ ᠴᠢᠨᠡᠭᠡᠯᠢᠭᠵᠢᠭᠰᠡᠨ ᠪᠠᠶᠢᠬ᠎ᠠ᠃ ᠰᠠᠷᠠ ᠲᠠᠢ ᠰᠢᠨ᠎ᠠ ᠠᠶᠢᠯ ᠮᠢᠨᠢ ᠰᠠᠶᠢᠬᠠᠨ ᠪᠠᠶᠢᠬ᠎ᠠ ᠰᠠᠨᠰᠠᠷ ᠤᠨ ᠳᠤᠤᠷ᠎ᠠ ᠰᠤᠯᠤᠩᠭᠠᠷᠠᠵᠦ ᠪᠠᠶᠢᠬ᠎ᠠ ᠰᠦᠷᠦᠭ ᠲᠠᠢ ᠮᠠᠯ ᠨᠢ ᠦᠨᠢᠷ ᠦᠰᠴᠦ ᠪᠠᠶᠢᠬ᠎ᠠ ᠰᠦ ᠳᠤᠰᠦ ᠪᠠᠷ ᠪᠢᠯᠬᠠᠵᠦ ᠪᠠᠶᠢᠬ᠎ᠠ᠃ ᠮᠠᠯ ᠤᠨᠤᠭ᠎ᠠ ᠨᠢ ᠬᠤᠷᠤᠭ᠎ᠠ ᠳᠦᠬᠦᠷᠡᠩ ᠪᠠᠶᠢᠬ᠎ᠠ ᠮᠠᠯᠴᠢᠳ ᠤᠨ ᠰᠡᠳᠬᠢᠯ ᠪᠠᠶᠠᠰᠦᠩᠭᠤᠢ ᠪᠠᠶᠢᠬ᠎ᠠ ᠴᠡᠪᠡᠷ ᠠᠭᠠᠷ ᠨᠢ ᠴᠡᠯᠮᠡᠭᠰᠢᠵᠦ ᠪᠠᠶᠢᠬ᠎ᠠ ᠴᠡᠩᠭᠡᠯ ᠤᠨ ᠰᠢᠪᠠᠭᠤᠳ ᠨᠢ ᠳᠤᠩᠭᠤᠳᠴᠦ ᠪᠠᠶᠢᠬ᠎ᠠ᠃ ᠵᠢᠷᠦᠭᠡᠨ ᠳᠠᠯ᠎ᠠ ᠮᠢᠨᠢ ᠬᠠᠯᠢᠭᠤᠷᠳᠤᠵᠦ ᠪᠠᠶᠢᠬ᠎ᠠ ᠵᠢᠷᠦᠭᠡ ᠰᠡᠳᠬᠢᠯ ᠢ ᠪᠤᠯᠢᠶᠠᠮ᠎ᠠ ᠬᠤᠨᠭ᠍ᠭᠤᠷᠳᠤᠵᠦ ᠪᠠᠶᠢᠬ᠎ᠠ ᠬᠤᠵᠢᠷ ᠤᠨ ᠳᠠᠯ᠎ᠠ ᠳᠠᠭᠠᠨ ᠳᠤᠳᠤᠷᠭ᠎ᠠ ᠳᠠᠷᠢᠭᠠᠳ ᠬᠤᠳᠠᠯᠠ ᠤᠯᠠᠨ ᠢᠶᠠᠷ ᠢᠶᠠᠨ ᠪᠠᠶᠠᠵᠢᠬᠰᠠᠨ ᠪᠠᠶᠢᠬ᠎ᠠ᠃ ᠰᠢᠨ᠎ᠠ ᠠᠶᠢᠯ ᠭᠠᠴᠠᠭ᠎ᠠ ᠶᠢᠨ ᠮᠠᠯᠴᠢᠨ ᠳᠦᠮᠡᠨ ᠰᠢᠨᠵᠢᠯᠡᠬᠦ ᠤᠬᠠᠭᠠᠨᠴᠢ ᠪᠠᠷ ᠮᠠᠯᠵᠢᠭᠠᠳ ᠪᠠᠶᠠᠵᠢᠭᠰᠠᠨ ᠪᠠᠶᠢᠬ᠎ᠠ ᠰᠢᠨ᠎ᠠ ᠴᠠᠭ ᠦᠶ᠎ᠠ ᠶᠢᠨ ᠱᠠᠭᠠᠷᠳᠠᠯᠭ᠎ᠠ ᠶᠢ ᠳᠠᠭᠠᠭᠠᠳ ᠰᠢᠯᠢᠳᠡᠭ ᠤᠶᠤᠳᠠᠳ ᠴᠤᠯᠭᠤᠷᠤᠭᠰᠠᠨ ᠪᠠᠶᠢᠬ᠎ᠠ᠃ ᠠᠬᠰᠢᠷᠠᠭ᠎ᠠ ᠪᠤᠭᠤᠷᠤᠯᠴᠤᠳ ᠮᠢᠨᠢ ᠵᠤᠯ ᠵᠢᠷᠭᠠᠯ ᠲᠠᠢ ᠪᠠᠶᠢᠬ᠎ᠠ ᠠᠴᠢ ᠦᠷ᠎ᠠ ᠲᠠᠢ ᠪᠠᠨ ᠠᠮᠤᠭᠤᠯᠠᠩ ᠰᠠᠶᠢᠬᠠᠨ ᠪᠠᠶᠢᠬ᠎ᠠ ᠠᠶᠢᠯ ᠠᠶᠢᠮᠠᠭ ᠤᠨ ᠠᠨᠳᠠ ᠨᠦᠬᠦᠳ ᠮᠢᠨᠢ ᠠᠮᠦᠷ ᠰᠠᠶᠢᠬᠠᠨ ᠪᠠᠶᠢᠬ᠎ᠠ ᠠᠵᠢᠯ ᠦᠢᠯᠡᠰ ᠨᠢ ᠠᠮᠵᠢᠯᠳᠠ ᠪᠦᠳᠦᠭᠡᠯ ᠲᠠᠢ ᠪᠠᠶᠢᠬ᠎ᠠ᠃ ᠵᠡᠬᠦᠳᠦᠨ ᠳᠤ ᠤᠷᠤᠳᠠᠭ ᠰᠢᠨ᠎ᠠ ᠠᠶᠢᠯ ᠮᠢᠨᠢ ᠵᠢᠷᠦᠭᠡᠨ ᠳᠤ ᠬᠤᠨᠤᠭᠰᠢᠳᠠᠭ ᠨᠤᠳᠤᠭ ᠤᠰᠦ ᠪᠤᠳᠤᠭᠳᠠᠭᠠᠳ ᠪᠠᠶᠢᠳᠠᠭ ᠨᠢ ᠶᠠᠭᠠᠭᠢᠬᠤ ᠪᠤᠢ ᠰᠠᠨᠠᠭᠳᠠᠭᠠᠳ ᠪᠠᠶᠢᠳᠠᠭ ᠨᠢ ᠦᠨᠡᠨ ᠶᠤᠮ ᠡ︕ ᠳᠦᠡᠭᠯᠢᠶᠤᠤ ᠮᠤᠩᠭᠤᠯ ᠦᠨᠳᠦᠰᠦᠳᠡᠨ ᠤ ᠳᠤᠮᠳᠠᠳᠦ ᠰᠤᠷᠭᠠᠭᠤᠯᠢ ᠶᠢᠨ   ᠮᠤᠩᠭᠤᠯ    ᠭᠡᠯᠡᠨ     ᠤ     ᠵᠢᠭᠠᠨ     ᠰᠤᠷᠭᠠᠬᠤ     ᠳᠤᠭᠤᠶᠢᠯᠠᠩ2020 ᠤᠨ ᠤ 11 ᠰᠠᠷ᠎ᠠ ᠶᠢᠨ 20 ᠤ ᠡᠳᠦᠷ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号