ᠨᠠᠶᠢᠷᠠᠭᠴᠢ ᠠᠬ᠎ᠠ ᠬᠠᠰᠦ᠋ᠯᠵᠢ  ᠶᠢᠨ ᠭᠡᠭᠡᠨ ᠲᠤᠷᠠᠳᠬᠠᠯ ᠳᠤ
ᠨᠡᠶᠢᠲᠡᠯᠡᠭᠰᠡᠨ ᠴᠠᠭ᠄
2020/11/23
ᠪᠠᠶᠠᠨᠬᠤᠳᠠ ᠳᠤ  ᠲᠦᠪᠯᠡᠷᠡᠭᠰᠡᠨ  ᠠᠯᠠᠱᠠ ᠵᠤᠬᠢᠶᠠᠯᠴᠢ ᠨᠠᠷ ᠲᠠᠨ ᠢ  ᠡᠮᠭᠡᠨᠢᠵᠦ ᠪᠠᠶᠢᠨ᠎ᠠ ᠪᠠᠶᠠᠨ ᠭᠤᠤᠯ ᠤᠨ  ᠬᠦᠷ ᠴᠠᠰᠤᠨ   ᠠᠴᠠ  ᠰᠡᠴᠡᠨᠪᠠᠭᠠᠳᠤᠷ ᠨᠠᠷ  ᠲᠠᠨ ᠢ  ᠭᠠᠰᠢᠭᠤᠳᠠᠵᠦ ᠪᠠᠶᠢᠨ᠎ᠠ ᠪᠠᠶᠠᠨ ᠬᠠᠨ ᠨᠤᠳᠤᠭ ᠲᠠᠢ ᠭᠠᠷᠤᠳᠢ  ᠂ ᠪᠤᠯᠠᠭ  ᠂ ᠲᠡᠯᠭᠡᠷ ᠨᠠᠷ  ᠲᠠᠨ   ᠢ  ᠲᠤᠷᠠᠰᠴᠦ  ᠪᠠᠶᠢᠨ᠎ᠠ ᠪᠠᠷᠳᠠᠮ ᠬᠠᠷ᠎ᠠ   ᠶᠢᠨ  ᠨᠠᠶᠢᠵᠠ  ᠪᠦᠭᠦᠨ  ᠲᠠᠨ ᠢ  ᠦᠭᠡᠶᠢᠯᠡᠵᠦ ᠪᠠᠶᠢᠨ᠎ᠠ ᠪᠠᠭᠠᠷᠢᠨ ᠨᠤᠳᠤᠭ ᠤᠨ  ᠬᠦᠮᠦᠨ ᠪᠦᠭᠦᠨ  ᠲᠠᠨ   ᠢ  ᠲᠠᠭᠠᠳᠬᠠᠵᠦ ᠪᠠᠶᠢᠨ᠎ᠠ ᠪᠠᠳᠠᠭ  ᠬᠡᠯᠬᠢᠵᠦ  ᠰᠢᠯᠦᠭ  ᠤᠩᠰᠢᠳᠠᠭ  ᠪᠦᠬᠦᠨ ᠲᠠᠨ ᠳᠤ  ᠰᠦᠭᠦᠷᠡᠵᠦ ᠪᠠᠶᠢᠨ᠎ᠠ ᠪᠠᠭᠰᠢ  ᠰᠤᠷᠤᠭᠴᠢ ᠪᠦᠭᠦᠨ ᠢᠶᠠᠷ  ᠢᠶᠠᠨ ᠲᠠᠨ  ᠳᠤ   ᠨᠠᠮᠠᠨᠴᠢᠯᠠᠵᠦ ᠪᠠᠶᠢᠨ᠎ᠠ ᠪᠠᠶᠢᠭᠠᠯᠢ ᠲᠡᠯᠡᠭᠡᠢ  ᠲᠠᠨ  ᠤ ᠲᠦᠯᠦᠭᠡ  ᠪᠦᠷᠬᠦᠶᠢᠵᠦ  ᠪᠠᠶᠢᠨ᠎ᠠ  ᠃ ᠡᠩ ᠦᠭᠡᠢ  ᠦᠷᠭᠡᠨ  ᠦᠪᠦᠷ  ᠮᠤᠩᠭᠤᠯ ᠤᠨ  ᠦᠨᠳᠦᠷᠯᠢᠭ ᠤᠨ ᠡᠮᠵᠢᠶ᠋ᠷᠡᠢ ᠦᠭᠡᠢ  ᠦᠷᠭᠡᠨ  ᠴᠠᠰᠤᠨ ᠳᠤ  ᠬᠤᠴᠠᠭᠳᠠᠭᠰᠠᠨ ᠦᠴᠦᠭᠡᠳᠦᠷ ᠡᠮᠭᠡᠨᠢᠯ ᠠᠴᠠ  ᠪᠤᠰᠤᠳ ᠶᠠᠭᠤ ᠴᠦ ᠬᠢᠵᠦ ᠴᠢᠳᠠᠭ᠎ᠠ ᠦᠭᠡᠢ ᠰᠠᠭᠤᠯ᠎ᠠ ᠡᠵᠢ ᠠᠴᠠ   ᠪᠠᠨ  ᠬᠤᠶᠢᠨ᠎ᠠ  ᠪᠠᠰᠠ ᠨᠢᠭᠡᠨ ᠬᠦᠮᠦᠨ ᠢ ᠡᠩᠰᠡᠷᠭᠡᠨ  ᠭᠠᠰᠢᠭᠤᠳᠠᠯ᠎ᠠ ᠬᠡᠵᠢᠶ᠎ᠡ  ᠬᠠᠮᠢᠭ᠎ᠠ   ᠲᠠᠨ ᠲᠠᠢ  ᠲᠠᠨᠢᠯᠴᠠᠭᠰᠠᠨ   ᠢᠶᠠᠨ  ᠪᠢ  ᠴᠡᠭᠡᠵᠢᠯᠡᠭᠰᠨ ᠦᠭᠡᠢ ᠬᠡᠰᠢᠭᠳᠡᠨ  ᠴᠣᠭᠯᠭᠠᠨ ᠳᠤ   ᠠᠭᠤᠯᠵᠠᠭᠰᠠᠨ ᠭᠡᠳᠡᠭ ᠲᠡᠭᠡᠨ  ᠯᠡ  ᠪᠠᠳᠤᠳᠠᠢ ᠬᠡᠵᠢᠶ᠎ᠡ  ᠬᠤᠶᠢᠨ᠎ᠠ ᠨᠢ ᠤᠯᠠᠨ  ᠵᠤᠯᠭᠠᠭᠰᠠᠨ ᠴᠦ ᠭᠡᠷᠡᠭ ᠪᠤᠯᠭᠠᠨ ᠰᠡᠳᠤᠪ ᠡᠭᠦᠰᠭᠡᠨ ᠶᠠᠭᠤ ᠨᠢᠭᠡ ᠶᠢ ᠶᠠᠷᠢᠳᠠᠭ  ᠦᠭᠡᠢ ᠪᠢᠯᠠ ᠬᠡᠷᠬᠢᠭᠰᠡᠨ ᠰᠡᠳᠬᠢᠯ ᠲᠠᠨ   ᠶᠢ ᠠᠳᠡ  ᠢᠷᠡᠭᠦᠯᠦᠭᠰᠡᠨ ᠭᠡᠳᠡᠭ ᠲᠤ ᠬᠢᠮᠦᠷᠠᠭᠰᠠᠨ ᠰᠡᠳᠬᠢᠯ  ᠤᠳᠤᠬᠠᠨ ᠶᠡᠷᠦᠨᠢ   ᠪᠤᠷᠤᠭᠤᠰᠢᠶᠠᠬᠤ  ᠰᠢᠤᠬᠠᠨ ᠪᠤᠯᠤᠯ᠎ᠠ ᠬᠡᠷᠪᠡ ᠲᠠ ᠠᠳᠡ ᠢᠷᠡᠭᠰᠡᠨ ᠦᠭᠡᠢ ᠪᠤᠯᠪᠠᠯ ᠬᠡᠮᠵᠢᠶᠡᠯᠡᠰᠢ ᠦᠭᠡᠢ   ᠭᠤᠨᠢᠭ ᠨᠠᠳᠠ ᠶᠢ  ᠪᠦᠷᠬᠦᠬᠦ ᠦᠭᠡᠢ   ᠨᠢ ᠯᠠᠪᠳᠠᠢ ᠬᠡᠳᠦᠭᠡᠨ ᠨᠤᠭᠤᠭ᠎ᠠ ᠲᠠᠢ ᠲᠦᠭᠦᠮᠭᠡᠨ  ᠴᠠᠶᠢᠯᠯᠭ᠎ᠠ   ᠳᠠᠭᠠᠨ ᠬᠡᠮᠵᠢᠶ᠎ᠡ ᠠᠳᠠᠭ ᠦᠭᠡᠢ ᠤᠯᠠᠨ ᠶᠠᠭᠤᠮ᠎ᠠ  ᠶᠠᠷᠢᠭᠰᠠᠨ  ᠪᠢᠯᠡ ᠬᠡᠷᠰᠡᠦ ᠯᠠᠪᠳᠠᠭᠤᠨ   ᠢᠶᠠᠷ  ᠲᠠ ᠬᠠᠶᠠ  ᠵᠠᠷᠢᠮ  ᠢ ᠨᠢ ᠲᠡᠮᠳᠡᠭᠡᠯᠡᠵᠦ  ᠪᠠᠶᠢᠯ᠎ᠠ ᠬᠠᠢ ᠱᠠᠨ  ᠨᠠᠶᠢᠳᠠᠨ ᠬᠤᠶᠠᠷ ᠭᠦᠩ   ᠢ ᠠᠳᠡᠭᠦᠷᠡᠭᠰᠡᠨ ᠢᠶᠠᠨ  ᠮᠠᠷᠭᠠᠰᠢ ᠨᠢ ᠰᠡᠷᠡᠭᠰᠡᠨ ᠬᠠᠷᠢᠨ ᠲᠡᠭᠡᠭᠦ ᠳᠤ  ᠤᠳᠠᠰᠤ  ᠠᠪᠴᠦ ᠵᠠᠯᠠᠷᠠᠭᠤᠯᠵᠤ  ᠠᠮᠵᠢᠭ᠎ᠠ ᠦᠭᠡᠢ ᠬᠠᠮᠳᠤ ᠢᠷᠡᠭᠰᠡᠨ  ᠬᠠᠢ ᠱᠠᠨ ᠠᠬ᠎ᠠ ᠲᠠᠢ  ᠲᠠ ᠡᠮᠦᠨᠡᠰᠢ ᠮᠤᠷᠳᠠᠭᠰᠠᠨ ᠬᠠᠴᠢᠷᠬᠠᠵᠦ ᠰᠤᠨᠢᠷᠬᠠᠭᠰᠠᠨ ᠵᠦᠢᠯ   ᠢᠶᠠᠨ  ᠵᠢᠷᠭᠡᠭᠡ   ᠪᠠᠷ ᠠᠰᠠᠭᠤᠵᠦ ᠪᠠᠶᠢᠭᠰᠠᠨ ᠬᠠᠷᠢᠭᠤ ᠶᠢ  ᠮᠡᠳᠡᠬᠦ ᠦᠭᠡᠢ   ᠳᠡᠭᠡᠨ  ᠵᠠᠯᠬᠠᠭᠤ ᠳᠠᠭᠠᠨ ᠦᠭᠭᠦᠭᠡ ᠦᠭᠡᠢ ᠪᠢᠯᠡ ᠦᠨᠢᠷ ᠴᠡᠴᠡᠭ ᠤᠨ  ᠪᠤᠯᠪᠠᠰᠤᠷᠠᠯ   ᠤᠨ  ᠲᠤᠮᠳᠠ ᠲᠠ ᠨᠠᠳᠠ ᠳᠤ  ᠤᠳᠠᠰᠤᠳᠠᠭᠰᠠᠨ ᠦᠳᠡ ᠶᠢᠨ ᠴᠢᠯᠦᠭᠡᠨ ᠳᠤ ᠬᠠᠮᠳᠤ  ᠴᠠᠢ ᠤᠤᠭᠤᠶ᠎ᠠ ᠭᠡᠰᠡᠨ   ᠦᠴᠦᠭᠡᠳᠤᠷ ᠨᠢᠭᠡᠨᠳᠡ ᠬᠠᠷᠢᠭᠠᠳ  ᠢᠷᠡᠭᠰᠡᠨ ᠰᠢᠦ  ᠭᠡᠵᠦ ᠦᠩᠬᠢᠨᠡᠮ᠎ᠡ ᠡᠭᠡᠰᠢᠭ ᠲᠠᠢ ᠬᠤᠷᠢᠮ ᠤᠨ ᠰᠢᠷᠡᠭᠡᠨ ᠠᠴᠠ ᠠᠷᠠᠶᠢᠬᠠᠨ ᠬᠠᠷᠢᠭᠤᠯᠤᠭᠰᠠᠨ ᠨᠠᠢᠮᠠᠨ ᠰᠠᠷ᠎ᠠ   ᠶᠢᠨ  ᠰᠡᠭᠦᠯᠴᠢ   ᠶᠢᠨ  ᠬᠤᠨᠤᠭ   ᠤᠨ ᠨᠠᠮᠢᠷᠠᠭ᠎ᠠ ᠬᠤᠷ᠎ᠠ ᠱᠠᠬᠢᠭᠰᠠᠨ  ᠰᠠᠶᠢᠬᠠᠨ ᠡᠳᠦᠷ  ᠲᠠ  ᠠᠳᠡ ᠢᠷᠡᠭᠰᠨᠨ ᠨᠠᠶᠢᠳᠠᠨ ᠭᠦᠩ ᠤᠨ ᠴᠡᠷᠢᠭ ᠪᠠᠭᠤᠭᠰᠠ ᠰᠦᠮ᠎ᠡ ᠶᠢ  ᠬᠠᠷᠠᠬᠤ ᠭᠡᠰᠡᠨ ᠭᠡᠨ᠎ᠡ ᠨᠠᠩᠵᠢᠶᠠᠳ ᠭᠦᠩ ᠤᠨ  ᠠᠮᠢ  ᠡᠷᠡᠰᠳᠡᠭᠰᠡᠨ  ᠪᠠᠶᠢᠬᠠᠳᠤ   ᠶᠢ  ᠰᠢᠨᠵᠢᠬᠦ ᠭᠡᠰᠡᠨ ᠭᠡᠨ᠎ᠡ ᠨᠠᠶᠢᠷᠠᠭ ᠰᠢᠯᠦᠭ ᠬᠡᠮᠡᠨ ᠪᠢᠳᠡ ᠶᠡᠷᠦᠨᠢ ᠴᠡᠴᠡᠷᠭᠡᠭᠰᠡᠨ ᠦᠭᠡᠢ ᠨᠠᠶᠢᠷ  ᠰᠡᠳᠬᠢᠯ ᠬᠡᠮᠡᠨ ᠪᠢᠳᠡ ᠨᠡᠩ ᠴᠦ ᠬᠦᠦᠷᠨᠢᠭᠡ ᠦᠭᠡᠢ ᠠᠭᠰᠠᠠᠷᠭ᠎ᠠ  ᠨᠠᠰᠤᠳᠠᠢ ᠠᠪᠤ ᠶᠢ ᠪᠠᠨ ᠬᠠᠯᠢᠭᠰᠠᠨ   ᠢ   ᠨᠢ ᠦᠷᠭᠦᠯᠵᠢ ᠮᠠᠷᠳᠠᠳᠠᠭ ᠭᠡᠨ᠎ᠡ ᠠᠪᠠᠭᠠᠢ ᠲᠠᠢ ᠪᠠᠨ ᠬᠤᠶᠠᠭᠤᠯᠠ  ᠰᠠᠨᠳᠠᠯᠢ  ᠰᠢᠷᠡᠭᠡ   ᠶᠢ   ᠨᠢ ᠪᠡᠯᠡᠳᠭᠡᠳᠡᠭ ᠭᠡᠨ᠎ᠡ ᠠᠯᠢ  ᠲᠡᠭᠡᠭᠡᠳ  ᠬᠡᠨ ᠨᠢᠭᠡ ᠨᠢ ᠤᠷᠢᠳᠠᠪᠡᠷ ᠰᠡᠷᠡᠭᠡᠳ ᠠᠯᠮᠠᠶᠢᠷᠠᠨ ᠬᠠᠷᠠᠵᠦ ᠭᠤᠨᠢᠭᠳᠠᠶᠢᠬᠠᠨ  ᠰᠢᠯᠵᠢᠭᠦᠯᠳᠡᠭ ᠭᠡᠨ᠎ᠡ᠃ ᠠᠷᠦ ᠠᠷᠦ ᠠᠴᠠ ᠪᠠᠨ  ᠲᠠᠪᠬᠤᠷᠠᠯᠠᠵᠦ ᠪᠠᠭᠤᠬᠤ ᠭᠤᠨᠢᠭ ᠢ ᠠᠯᠠᠭᠬᠠᠨ ᠬᠤᠷᠸ᠎ᠠ   ᠶᠢᠨ ᠵᠢᠮ᠎ᠡ ᠬᠡᠮᠡᠨ ᠲᠦᠷᠭᠡᠨ ᠤᠶᠢᠯᠭᠠᠬᠤ ᠪᠤᠯᠤᠭᠠᠰᠢ ᠠᠶᠠᠯᠠᠨ ᠲᠤᠭᠤᠯᠬᠤ  ᠠᠮᠢᠳᠦᠷᠯ᠎ᠠ ᠵᠠᠮ ᠳᠠᠭᠠᠨ ᠠᠩᠬᠠᠨ ᠤ ᠪᠠᠨ ᠰᠢᠭ᠋ ᠭᠡᠳᠡᠶᠢᠨ  ᠠᠯᠬᠤᠬᠤ ᠪᠤᠯᠤᠭᠠᠰᠠᠢ  ᠃2020 ᠣᠨ  ᠤ 11 ᠰᠠᠷ᠎ᠠ  ᠶᠢᠨ 22  ᠤ ᠡᠳᠦᠢ ᠡᠯᠡᠰᠦᠨ   ᠡᠪᠯᠡᠭᠦᠯᠪᠡ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号