ᠮᠢᠨᠤ ᠡᠬᠡ ᠤᠷᠤᠨ
ᠨᠡᠶᠢᠲᠡᠯᠡᠭᠰᠡᠨ ᠴᠠᠭ᠄
2020/11/19
ᠨᠢᠴᠦᠭᠦᠳ᠂ ᠤᠯᠠᠭᠠᠨᠪᠠᠭᠠᠨ᠎ᠠ        ᠮᠢᠨᠤ ᠡᠬᠡ ᠤᠷᠤᠨ                                       ᠡᠭᠦᠰᠭᠡᠯ ᠲᠡᠭᠦᠰᠭᠡᠯ ᠨᠢ ᠮᠡᠳᠡᠭᠳᠡᠰᠢ ᠦᠭᠡᠢ ᠣᠷᠴᠢᠯᠠᠩ ᠤᠨ ᠬᠢᠵᠠᠭᠠᠷ ᠦᠭᠡᠢ ᠶᠡᠭᠡ ᠵᠠᠢ ᠳᠤ ᠭᠡᠷᠡᠯ ᠬᠠᠷᠠᠩᠭᠤᠢ ᠰᠤᠯᠢᠪᠴᠢᠨ ᠨᠡᠪᠲᠡᠷᠡᠭᠰᠡᠨ ᠬᠤᠮᠠᠬᠢ ᠲᠤᠭᠤᠰᠤᠨ ᠪᠦᠮᠪᠦᠷᠴᠡᠭ ᠦᠨᠡᠨ ᠬᠤᠳᠠᠯ ᠨᠢ ᠤᠯᠳᠠᠰᠢ ᠦᠭᠡᠢ ᠠᠮᠢᠳᠤᠷᠠᠯ ᠤᠨ ᠲᠠᠭᠤᠰᠤᠰᠢ ᠦᠭᠡᠢ ᠨᠡᠯᠦᠭᠡᠷ ᠲᠠᠯᠠᠢ ᠳᠤ ᠬᠠᠲᠠᠭᠤ ᠵᠦᠭᠡᠯᠡᠨ ᠢᠵᠢᠯᠢᠰᠢᠨ ᠪᠦᠷᠢᠯᠳᠦᠭᠰᠡᠨ ᠬᠡᠪᠷᠡᠭ ᠲᠦᠷᠰᠦᠨ ᠬᠡᠯᠪᠡᠷᠢᠲᠦ ᠡᠬᠡ ᠪᠤᠯᠤᠭᠰᠠᠨ ᠠᠮᠢᠲᠠᠨ ᠵᠢᠷᠭᠤᠭ᠎ᠠ ᠤᠷᠤᠩᠨᠠᠭᠰᠠᠨ ᠠᠮᠤᠭᠤᠯᠠᠩ ᠬᠦᠷᠳᠦᠨ ᠮᠢᠨᠤ ᠡᠬᠡ ᠤᠷᠤᠨ ᠠᠭᠤᠳᠠᠮ ᠢᠶᠠᠷ ᠢᠶᠠᠨ ᠪᠠᠶᠠᠰᠬᠤᠯᠠᠩ ᠤᠨ ᠤᠷᠠᠢ ᠡᠬᠢᠯᠡᠯ ᠲᠠᠭᠤᠰᠤᠯ ᠨᠢ ᠬᠠᠷᠠᠭᠳᠠᠰᠢ ᠦᠭᠡᠢ ᠬᠤᠷᠸ᠎ᠠ ᠶᠢᠨ ᠴᠠᠭᠯᠠᠰᠢ ᠦᠭᠡᠢ ᠦᠷᠭᠦᠯᠵᠢᠯᠡᠬᠦ ᠴᠠᠭ ᠲᠤ ᠬᠠᠯᠠᠭᠤᠨ ᠬᠦᠢᠳᠡᠨ ᠡᠭᠡᠯᠵᠢᠯᠡᠨ ᠡᠷᠭᠢᠭᠰᠡᠨ ᠬᠡᠢ ᠤᠰᠤᠨ ᠪᠡᠶᠡᠲᠦ ᠰᠠᠶᠢᠨ ᠮᠠᠭᠤ ᠨᠢ ᠲᠤᠳᠤᠷᠠᠰᠢ ᠦᠭᠡᠢ ᠶᠢᠷᠲᠢᠨᠴᠦ ᠶᠢᠨ ᠪᠠᠷᠠᠭᠳᠠᠰᠢ ᠦᠭᠡᠢ ᠡᠭᠡᠯᠵᠢ ᠬᠠᠯᠠᠭ᠎ᠠ ᠳᠤ ᠬᠠᠭᠤᠴᠢᠷᠠᠵᠦ ᠰᠢᠨᠡᠳᠦᠨ ᠲᠤᠶ᠋ᠢᠯ ᠰᠠᠭᠤᠭᠰᠠᠨ ᠬᠤᠭᠤᠰᠤᠨ ᠴᠢᠨᠠᠷ ᠤᠨᠤᠯᠲᠤ ᠮᠦᠩᠬᠡᠷᠡᠯ ᠢᠪᠡᠭᠡᠭᠰᠡᠨ ᠲᠦᠭᠡᠮᠡᠯ ᠬᠠᠶᠢᠷ᠎ᠠ ᠶᠢᠨ ᠲᠠᠳᠠᠬᠤ ᠬᠦᠴᠦᠨ ᠤ ᠲᠦᠪ ᠮᠢᠨᠤ ᠡᠬᠡ ᠤᠷᠤᠨ ᠲᠡᠯᠭᠡᠷ ᠢᠶᠠᠷ ᠢᠶᠠᠨ ᠵᠢᠷᠭᠠᠯᠠᠩ ᠤᠨ ᠬᠤᠷᠤᠢ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号