︵ᠭᠠᠳᠠᠨ᠎ᠠ ᠨᠢᠬᠡ︶ | ᠠᠶᠢᠷᠠᠭ ᠴᠠᠯᠬᠢᠯᠠᠭᠰᠠᠨ ᠵᠤᠨ ᠤᠳᠴᠤ | ᠨᠠᠶᠢᠷᠠᠭ ᠴᠠᠯᠬᠢᠯᠠᠭᠰᠠᠨ ᠨᠠᠮᠤᠷ ᠠᠶᠢᠰᠣᠢ | ᠠᠮᠤ ᠪᠤᠳᠠᠭ᠎ᠠ ᠰᠢᠷᠭᠠᠯ ᠢᠶᠠᠷ ᠴᠠᠯᠬᠢᠵᠤ | ᠠᠶᠢᠯ ᠪᠦᠬᠦᠨ ᠬᠡᠰᠢᠭ ᠬᠤᠷᠤᠶᠢᠯᠠᠨᠠᠮ | ᠠᠳᠤᠭᠤ ᠮᠠᠯ ᠳᠠᠷᠭᠤ ᠪᠠᠷ ᠴᠠᠯᠬᠢᠵᠤ | ᠠᠵᠤ ᠠᠮᠢᠳᠤᠷᠠᠯ ᠬᠡᠶᠢᠮᠤᠷᠢ ᠳᠠᠯᠠᠯᠤᠨᠠᠮ | ᠠᠶᠠᠰ ᠤᠨ ᠰᠠᠯᠬᠢ ᠠᠯᠤᠰ ᠠᠴᠠ ᠴᠠᠯᠬᠢᠵᠤ | ᠠᠵᠠ ᠵᠢᠷᠭᠠᠯ ᠤᠨ ᠳᠠᠭᠤᠤ ᠬᠠᠩᠬᠢᠨᠠᠭᠤᠯᠤᠨᠠᠮ | ᠠᠷᠭᠠᠯ ᠤᠨ ᠳᠤᠯᠭ᠎ᠠ ᠤᠳᠤᠭ᠎ᠠ ᠪᠠᠷ ᠴᠠᠯᠬᠢᠵᠤ | ᠠᠭᠠᠷ ᠤᠨ ᠨᠢᠭᠤᠷ ᠢ ᠴᠡᠪᠡᠷᠬᠡᠨ ᠵᠦᠰᠦᠨᠠᠮ | ᠠᠮᠠᠷᠠᠭ ᠬᠤᠩᠭᠤᠷ ᠴᠡᠩᠬᠡᠯ ᠢᠶᠠᠷ ᠴᠠᠯᠬᠢᠵᠤ | ᠠᠮᠤᠭᠤᠯᠠᠩ ᠳᠠᠶᠢᠪᠤᠩ ᠭᠤᠯᠤᠮᠳᠠ ᠶᠢ ᠪᠠᠳᠠᠷᠠᠭᠠᠨᠠᠮ | ᠠᠩᠭ᠎ᠠ ᠬᠡᠤᠬᠡᠳ ᠮᠦᠰᠢᠶᠡᠯ ᠢᠶᠠᠷ ᠴᠠᠯᠬᠢᠵᠤ | ᠠᠷᠠᠳ ᠤᠨ ᠰᠤᠷᠭᠠᠭᠤᠯᠢ ᠶᠢᠨ ᠪᠤᠱᠤᠭ᠎ᠠ ᠶᠢ ᠠᠯᠬᠤᠨᠠᠮ | ᠠᠩᠬᠢ ᠶᠢᠨ ᠬᠡᠷ ᠡᠬᠡᠰᠢᠭ ᠢᠶᠠᠷ ᠴᠠᠯᠬᠢᠵᠤ | ᠠᠷᠢᠭᠤᠨ ᠬᠡᠯᠡ ᠪᠤᠰᠤᠭ᠎ᠠ ᠪᠠᠷ ᠢᠶᠠᠨ ᠤᠶᠠᠩᠭᠠᠷᠠᠨᠠᠮ | ᠠᠨᠤᠬᠠᠨ ᠨᠠᠰᠤᠳᠠᠳ ᠢᠷᠦᠬᠡᠯ ᠢᠶᠠᠷ ᠴᠠᠯᠬᠢᠵᠤ | ᠠᠰᠢᠳᠠ ᠶᠢᠨ ᠰᠠᠶᠢᠬᠠᠨ ᠢ ᠢᠪᠡᠬᠡᠨ ᠰᠤᠶᠤᠷᠬᠠᠨᠠᠮ | ᠠᠩᠬᠢᠷ ᠰᠢᠪᠠᠭᠤ ᠮᠦᠷᠦᠬᠡᠳᠤᠯ ᠢᠶᠠᠷ ᠴᠠᠯᠬᠢᠵᠤ | ᠠᠭᠤᠯᠠ ᠤᠰᠤᠨ ᠠᠴᠠ ᠪᠠᠨ ᠠᠶᠠᠷᠯᠠᠨ ᠨᠡᠬᠦᠳᠡᠯᠯᠡᠨᠡᠮ | ᠠᠯᠮᠠᠩ ᠰᠠᠷᠠᠨ ᠬᠡᠷᠡᠯ ᠢᠶᠠᠷ ᠴᠠᠯᠬᠢᠵᠤ | ᠠᠯᠮᠤᠷᠠᠳ ᠤᠨ ᠶᠠᠭᠠᠨ ᠢᠶᠠᠷ ᠨᠠᠭᠠᠰᠢ ᠮᠦᠰᠢᠶᠡᠨᠡᠮ | ᠨᠠᠶᠢᠷᠠᠭ ᠴᠠᠯᠬᠢᠯᠠᠭᠰᠠᠨ ᠨᠠᠮᠤᠷ ᠤᠨ ᠦᠵᠡᠮᠵᠢ | ᠠᠶᠢᠷᠠᠭ ᠴᠠᠯᠬᠢᠯᠠᠭᠰᠠᠨ ᠠᠮᠢᠳᠤᠷᠠᠯ ᠢ ᠪᠡᠯᠬᠡᠳᠡᠨᠡᠮ | ᠵᠡᠬᠦᠳᠤ | ᠦᠴᠦᠬᠡᠳᠤᠷ ᠰᠦᠨᠢ ᠶᠢᠨ ᠨᠤᠶᠢᠷ | ᠦᠨᠡᠬᠡᠷ ᠠᠮᠳᠠᠳᠠᠢ ᠪᠠᠶᠢᠯ᠎ᠠ | ᠦᠷᠯᠦᠬᠡ ᠰᠡᠷᠡᠬᠡᠳ ᠪᠤᠳᠤᠬᠤᠯᠠᠷ | ᠦᠨᠡᠨ ᠶᠤᠮ ᠰᠢᠭ ᠰᠠᠨᠠᠭᠳᠠᠯ᠎ᠠ | ᠡᠳᠤᠷ ᠤᠨ ᠪᠤᠳᠤᠯ ᠳᠤ ᠦᠬᠡᠢ ᠤᠴᠢᠷ | ᠰᠦᠨᠢ ᠬᠠᠷᠢᠨ ᠳᠤᠬᠢᠶᠠᠯᠳᠤᠯᠠ | ᠡᠯᠢᠬᠡᠨ ᠳᠤ ᠨᠠᠭᠠᠯᠳᠤᠭ᠎ᠠ ᠦᠬᠡᠢ ᠪᠦᠰᠡᠬᠦᠢ | ᠰᠦᠰᠦ ᠶᠢ ᠬᠡᠳᠡᠬᠡᠯᠡᠵᠤ ᠰᠠᠭᠠᠳᠠᠯ᠎ᠠ | ᠤᠴᠠᠷᠠᠵᠤ ᠦᠵᠡᠭᠡ ᠦᠬᠡᠢ ᠪᠦᠰᠡᠬᠦᠢ | ᠡᠪᠤᠷ ᠲᠤ ᠪᠠᠨ ᠨᠠᠮ᠎ᠠ ᠶᠢ ᠡᠷᠬᠡᠯᠡᠬᠦᠯᠦᠯᠠ | ᠤᠯᠵᠤ ᠦᠩᠬᠡᠷᠡᠭᠡ ᠦᠬᠡᠢ ᠵᠦᠢᠯᠡᠰ ᠲᠤ | ᠤᠩᠭᠤᠨ ᠤᠮᠤᠭ ᠤᠪᠤᠯᠵᠠᠯᠠ | ᠰᠠᠷᠠᠨ ᠳᠠᠬᠢᠨᠢ ᠰᠢᠭ᠋ ᠪᠦᠰᠡᠬᠦᠢ ᠲᠠᠢ | ᠰᠠᠨᠠᠭ᠎ᠠ ᠴᠠᠳᠬᠤᠯᠠᠩ ᠬᠤᠨᠤᠯ᠎ᠠ | ᠰᠡᠳᠡᠯᠳᠡ ᠬᠠᠶᠢᠷᠠᠯᠠᠭᠰᠠᠨ ᠠᠭᠠᠯᠢᠨ ᠳᠤ ᠨᠢ | ᠰᠡᠳᠬᠢᠯ ᠨᠢᠯᠴᠢᠬᠡᠨᠡᠨ ᠰᠤᠭᠳᠤᠯ᠎ᠠ | ᠵᠤᠬᠢᠶᠠᠭᠴᠢ᠄ ᠳᠤᠭᠴᠢ ᠯᠤᠪᠰᠠᠩ ︵鲁布森 ᠂ ᠭᠠᠷ ᠤᠳᠠᠰᠤ᠄ 136 1487 6979᠂ | ᠬᠠᠶ᠋ᠢᠭ᠄ ᠦᠤᠰᠢᠨ ᠬᠤᠰᠢᠭᠤᠨ ᠤ ᠮᠤᠩᠭᠤᠯ ᠳᠤᠷᠰᠢᠯᠳᠠ ᠶᠢᠨ ᠪᠠᠭ᠎ᠠ ᠰᠤᠷᠭᠠᠭᠤᠯᠢ ︵乌审旗蒙 | 古族实验小学︶᠂ ᠰᠢᠤᠳᠠᠨ ᠨᠤᠮᠧᠷ᠄ 017300 | | |