ᠨᠡᠭᠦᠳᠡᠯ ᠤᠨ ᠴᠡᠩᠬᠡᠷ ᠰᠢᠪᠠᠭᠤᠳ
ᠨᠡᠶᠢᠲᠡᠯᠡᠭᠰᠡᠨ ᠴᠠᠭ᠄
2020/11/19
ᠨᠠᠭᠤᠷ ᠢᠶᠠᠨ ᠰᠡᠪᠳᠣᠭᠦᠯᠵᠣ ᠨᠢᠰᠣᠨ ᠣᠳᠬᠤ ᠨᠢ ᠣᠯᠠᠷᠢᠯ ᠤᠨ ᠰᠢᠪᠠᠭᠤ ᠶᠣᠮ᠂ ᠥᠳᠣ ᠪᠠᠨ  ᠪᠥᠷᠢᠳᠡᠭᠦᠯᠵᠣ ᠨᠢᠰᠥᠨ ᠶᠠᠪᠣᠬᠤ ᠨᠢ ᠬᠥᠰᠡᠯ ᠵᠡᠭᠦᠳᠣ ᠨᠢ ᠶᠣᠮ᠂ ᠴᠢᠮᠡᠭᠡ ᠥᠭᠡᠶᠢᠴᠢᠯᠡᠨ ᠳᠡᠯᠭᠡᠷᠡᠬᠦ ᠴᠡᠴᠡᠭᠡᠰ ᠢ ᠪᠠᠨ ᠣᠷᠬᠢᠭᠠᠳ ᠴᠡᠩᠬᠡᠯ ᠤᠨ ᠰᠥᠨᠢ ᠮᠡᠯᠳᠡᠷᠡᠬᠦ ᠣᠳᠣᠳ ᠢ ᠪᠠᠨ  ᠣᠷᠬᠢᠭᠠᠳ ᠳᠣᠪᠤ ᠳᠣᠯᠣᠭᠠᠳ ᠲᠠᠢ ᠪᠠᠨ ᠨᠠᠭᠠᠳᠣᠨ ᠳᠣᠭᠯᠠᠭᠰᠠᠨ ᠳᠣᠭᠠᠯᠠᠨ ᠳᠤ ᠬᠤᠴᠣᠷᠬᠤ ᠵᠡᠷᠭᠡᠯᠭᠡ ᠪᠠᠨ ᠣᠷᠬᠢᠭᠠᠳ ᠰᠡᠷᠪᠡᠭᠡᠷ ᠭᠡᠵᠢᠭᠡ ᠶᠢ ᠮᠢᠨᠢ ᠢᠯᠪᠢᠭᠡᠳ ᠪᠠᠶᠢᠳᠠᠭ ᠰᠡᠪᠡᠯᠵᠡᠭᠦᠷ ᠰᠠᠯᠬᠢ ᠲᠠᠢ ᠨᠣᠳᠤᠭ ᠢ ᠪᠠᠨ  ᠣᠷᠬᠢᠭᠠᠳ ᠯᠡ ᠬᠥᠥ ᠨᠢ ᠬᠥᠮᠥᠨ ᠤ ᠨᠣᠳᠤᠭ ᠳᠤ ᠲᠡᠮᠡᠣᠯᠡᠭᠡᠳ ᠬᠥᠷᠥᠨ᠎ᠡ ᠬᠡᠴᠥᠨᠡᠨ ᠣᠳᠠᠭ᠎ᠠ ᠪᠢ ᠨᠢᠯᠪᠣᠰᠣ ᠪᠠᠨ ᠠᠷᠴᠢᠨ ᠠᠯᠬᠤᠯᠠᠵᠣ ᠬᠡᠴᠥᠨᠡᠨ ᠣᠳᠠᠭ᠎ᠠ ᠪᠢ ᠰᠠᠯᠵᠣ ᠶᠠᠳᠠᠨ ᠭᠤᠨᠢᠭᠯᠠᠪᠠ ᠳ᠋ᠠ ᠨᠣᠳᠤᠭ ᠮᠢᠨᠢ︕ ᠬᠠᠷᠢ ᠨᠣᠳᠤᠭ ᠤᠨ ᠨᠠᠮᠢᠷᠠᠭ᠎ᠠ ᠬᠤᠷ᠎ᠠ ᠴᠣ᠋ ᠬᠠᠶᠢᠷᠠᠳᠠᠢ ᠨᠣᠳᠤᠭ ᠤᠨ ᠵᠥᠰᠡᠷ ᠪᠣᠷᠤᠭ᠎ᠠ ᠠᠴᠠ ᠵᠢᠩᠳᠡᠭᠡᠬᠦ ᠶᠣᠮ ᠠᠮᠣᠭᠤᠯᠠᠩ ᠴᠡᠴᠡᠭ ᠤᠨ ᠳᠠᠯᠪᠢ ᠳᠤ ᠡᠷᠪᠡᠬᠡᠢ ᠰᠠᠭᠤᠬᠤ ᠶᠢ ᠮᠠᠷᠳᠠᠨ᠎ᠠ᠂ ᠠᠪᠤ ᠮᠢᠨᠢ ᠲᠠᠯ᠎ᠠ ᠪᠠᠨ ᠣᠶᠠᠷᠠᠳᠠᠯ᠎ᠠ ᠳᠠᠭᠤᠯᠠᠬᠤ ᠶᠢ ᠴᠣ᠋ ᠮᠠᠷᠳᠠᠨ᠎ᠠ ᠠᠯᠳᠠᠷᠠᠭᠠᠳ ᠪᠣᠴᠠᠬᠤ ᠳᠤ ᠳᠣᠯᠠᠭᠠᠯᠠᠵᠣ ᠠᠪᠬᠤ ᠨᠥᠮᠥᠷᠢ ᠬᠤᠮᠰᠠᠳᠠᠬᠤ ᠪᠣᠯᠣᠨ᠎ᠠ᠂ ᠠᠯᠳᠠᠷᠠᠶᠢᠬᠠᠨ ᠰᠢᠪᠠᠭᠤ  ᠰᠢᠭ᠋ ᠡᠭᠦᠷ ᠢᠶᠠᠨ ᠪᠠᠷᠢᠬᠤ ᠭᠡᠬᠦ ᠳᠤ ᠮᠣᠳᠣᠳ  ᠨᠢᠴᠥᠭᠦᠷᠡᠬᠦ ᠪᠣᠯᠣᠨ᠎ᠠ ᠪᠢᠳᠡᠭᠦᠥ ᠳᠤ ᠪᠠᠨ ᠠᠰᠠᠬᠤ ᠵᠢᠷᠥᠬᠡᠨ ᠴᠤᠭ ᠢ ᠪᠠᠨ ᠮᠠᠨᠠᠵᠣ ᠡᠷᠢᠯ ᠬᠥᠰᠡᠯ ᠤᠨ ᠲᠠᠮᠡᠥᠯᠡᠯ ᠳᠤ ᠵᠥᠪᠬᠡᠨ ᠵᠢᠳᠭᠦᠯ ᠯᠡ ᠬᠤᠴᠣᠷᠬᠤ ᠪᠣᠯᠣᠨ᠎ᠠ᠂ ᠲᠡᠭᠡᠭᠡᠳ ᠳᠤ ᠯᠡ ᠡᠬᠡ ᠣᠷᠣᠨ ᠳᠤ ᠪᠠᠨ ᠥᠷᠢᠳᠥᠭᠰᠡᠨ ᠮᠢᠨᠢ ᠪᠣᠳᠣᠭᠳᠠᠨ᠎ᠠ᠂ ᠡᠵᠢ ᠶᠢᠨ ᠴᠢᠨᠠᠭᠰᠠᠨ ᠰᠥ ᠲᠠᠢ ᠴᠠᠢ ᠡᠪᠴᠢᠭᠦᠥ ᠴᠡᠭᠡᠵᠢ ᠪᠠᠷ ᠠᠩᠭᠢᠯᠣᠭᠠᠳ ᠯᠡ ᠡᠩᠬᠦᠷᠠᠢ ᠨᠣᠳᠤᠭ ᠤᠨ ᠮᠢᠨᠢ ᠰᠥᠮᠡᠶᠢᠬᠦ ᠪᠠᠷᠠᠭ᠎ᠠ ᠰᠡᠳᠭᠢᠯ ᠠᠷᠭᠠᠳᠠᠨ ᠨᠡᠳᠥᠶᠢᠭᠡᠳ ᠯᠡ ᠬᠡᠯᠡ   ᠳᠤ ᠣᠷᠣᠭᠰᠠᠨ ᠰᠠᠶᠢᠬᠠᠨ ᠥᠭᠡ ᠪᠠᠨ ᠮᠠᠷᠳᠠᠭᠠᠳ ᠯᠡ ᠡᠯᠡᠭᠡᠨ ᠬᠠᠯᠠᠭᠤᠨ ᠨᠣᠳᠤᠭ ᠣᠰᠣ ᠮᠢᠨᠢ ᠰᠠᠨᠠᠭᠳᠠᠭᠠᠳ ᠯᠡ  ᠁ ᠬᠠᠶ᠋ᠢᠭ᠄ ᠣᠯᠠᠭᠠᠨᠬᠠᠳᠠ ᠬᠤᠳᠠ ᠶᠢᠨ ᠪᠠᠭᠠᠷᠢᠨ ᠵᠡᠭᠦᠨ ᠬᠤᠰᠢᠭᠤᠨ ᠤ ᠴᠠᠭᠠᠨᠬᠠᠳᠠ ᠰᠣᠮᠣᠨ ᠤ ᠬᠥᠪᠢᠨ ᠭᠤᠣ ᠭᠠᠴᠠᠭ᠎ᠠ   ᠨᠡᠷ᠎ᠡ᠄ ᠪᠣᠶᠠᠨᠳᠠᠯᠠᠢ ᠣᠳᠠᠰᠣ᠄13298003138                      
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号