ᠡᠮᠭᠡᠨᠢᠯ
ᠨᠡᠶᠢᠲᠡᠯᠡᠭᠰᠡᠨ ᠴᠠᠭ᠄
2020/11/19
ᠨᠠᠮᠤᠷ                    ᠭᠡ᠊ · ᠰᠦᠭᠡ ᠨᠠᠷᠠ ᠮᠠᠨᠳᠤᠬᠤ ᠪᠠᠨ ᠵᠠᠯᠬᠠᠭᠤᠷᠠᠵᠦ ᠠᠭᠤᠯᠠ ᠶᠢᠨ ᠴᠠᠭᠠᠨ᠎ᠠ ᠠᠴᠠ ᠤᠯᠠᠯᠵᠠᠩᠬᠠᠨ ᠲᠤᠯᠠᠯᠵᠠᠩᠬᠠᠨ ᠰᠠᠷᠠ ᠰᠢᠩᠭᠡᠬᠦ ᠪᠠᠨ ᠮᠠᠷᠳᠠᠵᠦ ᠤᠰᠤᠨ ᠤ ᠲᠤᠳᠤᠷ᠎ᠠ ᠠᠴᠠ ᠮᠡᠯᠮᠡᠯᠵᠡᠩᠭᠡᠨ ᠮᠡᠯᠳᠡᠭᠡᠨᠡᠩᠭᠡᠨ ᠤᠳᠦ ᠠᠨᠢᠪᠴᠢᠬᠤ ᠪᠠᠨ ᠡᠮᠢᠶᠡᠵᠦ ᠲᠡᠭᠷᠢ ᠶᠢᠨ ᠮᠠᠨᠳᠠᠯ ᠠᠴᠠ ᠰᠢᠷᠳᠡᠩᠭᠡᠨ ᠰᠢᠷᠪᠡᠭᠡᠳᠦᠩᠭᠡᠨ ᠨᠠᠪᠴᠢ ᠰᠢᠷᠠᠯᠠᠬᠤ ᠪᠠᠨ ᠶᠠᠭᠠᠷᠠᠵᠦ ᠮᠤᠳᠤᠨ ᠲᠡᠭᠡᠷ᠎ᠡ ᠠᠴᠠ ᠭᠡᠶᠢᠰᠦᠩᠭᠡᠨ ᠭᠡᠶᠢᠷᠭᠡᠩᠭᠡᠨ ᠁           2018.9.19   ᠲᠠᠯᠠᠶᠢᠨᠠᠭᠤᠷ ᠲᠤ       ᠡᠮᠭᠡᠨᠢᠯ                       —— ᠲᠠᠭᠤᠴᠢᠨ ᠪᠦᠷᠢᠨᠪᠠᠶᠠᠷ ᠤᠨ ᠭᠡᠭᠡᠨ ᠰᠦᠨᠡᠰᠦᠨ ᠳᠤ ᠬᠢᠴᠢᠶᠡᠩᠬᠦᠶᠢᠯᠡᠪᠡ                                 ᠭᠡ᠊ · ᠰᠦᠭᠡ ᠪᠠᠷᠭᠤ ᠶᠢᠨ ᠲᠠᠯ᠎ᠠ ᠳᠤ ᠡᠪᠡᠰᠦ ᠭᠤᠨᠳᠠᠭᠠᠳ ᠪᠤᠭᠤᠷᠤᠯ ᠮᠠᠨᠠᠨ ᠬᠦᠳᠡᠩᠳᠡᠬᠦ ᠪᠠᠷ ᠪᠤᠮᠠᠨ ᠤᠷᠠᠯᠢᠭ ᠤᠨ ᠰᠢᠳᠢ ᠪᠠᠨ ᠤᠷᠬᠢᠭᠠᠳ ᠪᠤᠷᠬᠠᠨ ᠤ ᠤᠷᠤᠨ ᠳᠤ ᠲᠠ ᠶᠠᠭᠠᠷᠠᠤᠬᠠᠨ ᠁ ᠲᠡᠨᠳᠡ ︽ᠲᠠᠭᠤᠤ ᠬᠦᠭᠵᠢᠮ︾ ᠪᠠᠶᠢᠨ᠎ᠠ ᠁ ᠬᠦᠯᠦᠨ ᠤ ᠬᠦᠪᠡᠭᠡᠨ ᠳᠤ ᠵᠢᠭᠡᠬᠦᠦ ᠤᠷᠬᠢᠭᠠᠳ ᠤᠰᠤᠨ ᠬᠠᠷᠠᠯᠠᠭᠠᠳ ᠤᠢ ᠭᠤᠳᠤᠭᠤᠯᠬᠤ ᠪᠠᠷ ᠰᠠᠶᠢᠬᠠᠨ ᠮᠤᠩᠭᠤᠯ ᠤᠨ ᠷᠢᠳᠢ ᠪᠠᠨ ᠤᠷᠬᠢᠭᠠᠳ ︽ᠲᠡᠭᠷᠢ ᠶᠢᠨ ᠬᠢᠵᠠᠭᠠᠷ︾   ᠲᠤ ᠲᠠ ᠶᠠᠭᠠᠷᠠᠤᠬᠠᠨ ᠁ ᠲᠡᠨᠳᠡ ︽ᠴᠢᠨᠳᠠᠮᠤᠨᠢ ᠡᠷᠳᠡᠨᠢ︾ ᠪᠠᠶᠢᠨ᠎ᠠ ᠁           2018.9.21    ᠠᠯᠪᠠᠨ᠎ᠠ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号