ᠨᠠᠮᠤᠷ ᠤᠶᠢᠷᠠᠳᠤᠬᠤ ᠪᠠᠷ᠂᠂᠂᠂
ᠨᠡᠶᠢᠲᠡᠯᠡᠭᠰᠡᠨ ᠴᠠᠭ᠄
2020/10/20
                              ᠭᠧ ᠬᠠᠰᠲᠤᠩᠭᠠᠯᠠᠭ   ᠰᠡᠷᠢᠭᠦᠨ ᠠᠮᠢᠰᠬᠤᠯ ᠰᠠᠩᠭᠢᠨᠠᠨ ᠦᠨᠦᠷᠳᠦᠭᠳᠡᠨ ᠰᠢᠨ᠎ᠡ ᠨᠠᠮᠤᠷ ᠨᠠᠭᠠᠰᠢᠯᠠᠨ᠎ᠠ   ᠰᠡᠪᠡᠯᠭᠡ ᠳᠤ ᠤᠨᠠᠭᠰᠠᠨ ᠤᠨ ᠴᠠᠭ ᠤᠨ ᠦᠨᠡᠨ ᠢ ᠲᠡᠯᠭᠡᠨ ᠤᠶᠢᠷᠠᠳᠤᠨ᠎ᠠ︕   ᠰᠦᠮᠡᠶᠢᠬᠦ ᠠᠯᠤᠰ ᠤᠨ ᠵᠡᠷᠭᠡᠯᠭᠡᠨ ᠲᠤᠮᠳᠠ ᠠᠭᠤᠯᠠ ᠲᠠᠯ᠎ᠠ ᠨᠠᠮᠠᠯᠵᠠᠨ᠎ᠠ   ᠰᠡᠳᠭᠢᠯ ᠤᠨ ᠠᠷᠢᠭᠤᠬᠠᠨ ᠮᠦᠷᠦᠭᠡᠳᠦᠯ ᠠᠶᠢᠵᠢᠮᠯᠠᠨ ᠵᠤᠨ ᠤ ᠲᠤᠷᠠᠰᠤᠮᠵᠢ ᠲᠡᠷᠭᠡᠯᠰᠢᠨ᠎ᠡ︕   ᠨᠠᠳᠠ ᠳᠤ ᠢᠷᠡᠬᠦ ᠭᠠᠭᠴᠠᠬᠠᠨ ᠨᠠᠮᠤᠷ ᠡᠷᠭᠢᠴᠡᠭᠦᠯᠦᠯ ᠤᠨ ᠬᠠᠭᠤᠳᠠᠰᠤ ᠲᠡᠯᠭᠡᠭᠡᠳ   ᠨᠠᠮᠬᠠᠨ ᠮᠦᠷᠦᠭᠡᠳᠦᠯ ᠳᠤ ᠬᠦᠰᠡᠯ ᠲᠡᠮᠡᠦᠯᠡᠯ ᠤᠨ ᠬᠤᠵᠢᠳ ᠤᠬᠠᠭᠠᠷᠠᠯ ᠢ ᠦᠯᠢᠭᠡᠷᠯᠡᠨ᠎ᠡ   ᠨᠤᠳᠤᠭ ᠲᠤ ᠰᠠᠭᠠᠳᠠᠬᠤ ᠤᠯᠠᠨ ᠨᠠᠮᠤᠷ ᠲᠠᠷᠠᠰᠤᠨ ᠪᠤᠭᠤᠷᠤᠯ ᠲᠠᠪᠠᠯᠭᠠᠯᠠᠨ   ᠨᠠᠮᠤᠷ ᠤᠨ ᠰᠢᠪᠠᠭᠤᠳ ᠤᠨ ᠤᠶᠢᠳᠬᠠᠷᠳᠤ ᠲᠠᠭᠤᠨ ᠨᠠᠭᠤᠷ ᠤᠨ ᠬᠤᠨᠢᠶᠠᠰᠤᠨ ᠳᠤ ᠬᠤᠷᠭᠤᠳᠠᠨ᠎ᠠ︕   ᠠᠷᠭ᠎ᠠ ᠦᠭᠡᠢ ᠰᠠᠨᠠᠭᠳᠠᠬᠤ ᠪᠠᠭ᠎ᠠ ᠨᠠᠰᠤ ᠲᠤᠭᠤᠯ ᠤᠨ ᠪᠡᠯᠴᠢᠭᠡᠷ ᠲᠤ ᠵᠢᠷᠤᠭᠯᠠᠭᠳᠠᠭᠠᠳ   ᠠᠶᠠᠷᠯᠠᠨ ᠬᠤᠯᠠᠳᠠᠭ᠎ᠠ ᠵᠠᠯᠠᠭᠤ ᠴᠠᠭ ᠮᠢᠨᠢ ᠠᠯᠳᠠᠭᠰᠠᠨ ᠤᠯᠳᠠᠭᠰᠠᠨ ᠢᠶᠠᠷ ᠡᠷᠭᠢᠴᠡᠭᠦᠯᠦᠭᠳᠡᠭᠡᠳ   ᠠᠬᠢᠮᠠᠭ ᠲᠦᠬᠦᠭᠰᠡᠨ ᠡᠨᠡᠬᠡᠨ ᠤᠴᠠᠷᠠᠯ ᠳᠤ ᠴᠠᠭ ᠵᠠᠢ ᠶᠢ ᠨᠠᠨᠳᠢᠩᠨᠠᠨ   ᠠᠯᠳᠠᠮᠠᠷ ᠦᠭᠡᠢ ᠵᠢᠷᠭᠠᠯᠳᠤ ᠮᠦᠴᠡ ᠶᠢᠨ ᠰᠢᠷᠬᠡᠭ ᠪᠦᠬᠦᠨ ᠢ ᠠᠮᠢᠨᠴᠢᠯᠠᠮᠠᠷ ᠡ︕ ᠬᠠᠶ᠋ᠢᠭ᠄ ᠤᠯᠠᠭᠠᠨᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠰᠤᠪᠤᠷᠭ᠎ᠠ ᠰᠤᠮᠤ ᠶᠢᠨ ᠬᠤᠰᠢᠭᠤᠮᠠᠩᠬ᠎ᠠ ᠭᠠᠴᠠᠭ᠎ᠠ ᠭᠠᠷ ᠤᠳᠠᠰᠤ ᠶᠢᠨ ᠨᠤᠮᠧᠷ᠄15049929429
 
ᠢᠷᠡᠯᠲᠡ᠄ ᠭᠧ ᠬᠠᠰᠲᠤᠩᠭᠠᠯᠠᠭ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号