ᠨᠤ᠂ ᠴᠢᠯᠠᠭᠤᠨᠪᠠᠭᠠᠨ᠎ᠠ | ᠬᠦᠯᠦᠷᠡᠭᠰᠡᠨ ᠮᠤᠷᠢ ᠲᠠᠢ ᠬᠤᠯᠠ ᠶᠢᠨ ᠵᠤᠴᠢᠨ | ᠤᠶᠠᠭᠠᠨ ᠲᠡᠭᠡᠷ᠎ᠡ ᠪᠠᠭᠤᠬᠤ ᠰᠢᠭ᠋ | ᠬᠦᠰᠡᠯ ᠢᠳᠡᠭᠡᠯ ᠤᠨ ᠰᠢᠨ᠎ᠠ ᠲᠤᠭᠠᠯᠠᠯ | ᠤᠶᠠᠩᠭ᠎ᠠ ᠢᠷᠠᠭᠤ ᠬᠠᠭᠤᠳᠠᠰᠤ ᠰᠡᠬᠦᠵᠤ ᠪᠠᠶᠢᠨ᠎ᠠ᠃ | ᠰᠠᠶᠢᠨ ᠢᠷᠡᠪᠡᠤ︖2020 | ᠤᠰᠤ ᠭᠤᠤᠯ — | ᠴᠡᠩᠬᠡᠷ ᠬᠠᠳᠠᠭ ᠰᠢᠭ᠋ ᠨᠠᠮᠢᠷᠠᠵᠤ | ᠴᠢᠮ᠎ᠠ ᠶᠢ ᠤᠭᠳᠤᠵᠤ᠂ ᠨᠠᠮ᠎ᠠ ᠶᠢ ᠢᠷᠤᠭᠡᠨᠡᠮ︕ | ᠬᠡᠨᠵᠡᠷᠡᠵᠤ ᠤᠷᠭᠤᠭᠰᠠᠨ ᠠᠯᠳᠡᠨ ᠬᠤᠷᠤᠮ ᠤᠳ | ᠬᠡᠭᠡᠷ᠎ᠡ ᠶᠢᠨ ᠴᠠᠭᠠᠨ ᠰᠠᠯᠬᠢ ᠬᠦᠮᠠᠶᠢᠯᠠᠵᠤ | ᠬᠡᠨ ᠤ ᠴᠤ ᠰᠤᠨᠤᠰᠤᠭ᠎ᠠ ᠦᠭᠡᠢ | ᠰᠢᠨ᠎ᠡ ᠲᠠᠭᠤᠤ ᠡᠬᠢᠯᠡᠭᠦᠯᠦᠨ ᠠᠶᠠᠯᠠᠭᠤᠯᠵᠤ ᠪᠠᠶᠢᠨ᠎ᠠ | ᠰᠠᠶᠢᠨ ᠢᠷᠠᠪᠡᠤ︖2020 | ᠠᠭᠤᠯᠠ ᠬᠢᠩᠭ᠎ᠠ — | ᠤᠷᠮ᠎ᠠ ᠰᠡᠳᠬᠢᠯ ᠰᠢᠭ ᠤᠶᠠᠰᠴᠤ | ᠤᠳᠬ᠎ᠠ ᠶᠢᠨ ᠴᠢᠮᠡᠭ ᠢᠷᠭᠤᠢ ᠲᠠᠢ ᠬᠠᠮᠳᠤ ᠨᠢᠳᠤᠯᠡᠨᠡ᠃ | ᠶᠠᠪᠤᠵᠤ ᠢᠷᠡᠭᠰᠡᠨ ᠮᠦᠷ ᠪᠠᠳᠠᠭ | ᠠᠮᠢᠳᠤᠷᠡᠯ ᠤᠨ ᠬᠠᠭᠤᠳᠠᠰᠤᠨ ᠲᠡᠭᠡᠷ᠎ᠡ ᠲᠤᠷᠠᠶᠢᠵᠤ | ᠢᠷᠡᠵᠤ ᠤᠴᠢᠬᠤ ᠲᠦᠰᠦᠪ ᠵᠢᠷᠤᠭ ᠢ | ᠢᠳᠡᠭᠡᠯ ᠰᠡᠳᠬᠢᠯ ᠢᠶᠠᠷ ᠠᠮᠢᠯᠠᠭᠤᠯᠤᠨ ᠱᠤᠭᠤᠵᠤ ᠪᠠᠶᠢᠨ᠎ᠠ | ᠰᠠᠶᠢᠨ ᠢᠷᠡᠪᠡᠤ︖2020 | ᠤᠬᠠᠭᠠᠨ ᠮᠡᠳᠡᠷᠡᠮᠵᠢ — | ᠤᠰᠤᠨ ᠤ ᠠᠷ ᠰᠢᠭ᠋ ᠢᠷᠠᠯᠵᠠᠵᠤ | ᠮᠤᠷᠳᠠᠬᠤ ᠶᠢᠨ ᠲᠦᠷᠦᠭᠡᠨ ᠳᠤ ᠰᠦ ᠶᠢᠨ ᠦᠨᠤᠷ ᠢᠶᠠᠷ ᠠᠩᠭᠢᠯᠤᠨ᠎ᠠ᠃ | ᠦᠵᠡᠵᠤ ᠦᠩᠭᠡᠷᠡᠭᠰᠡᠨ ᠰᠤᠳᠤᠷ ᠤᠨ ᠬᠠᠭᠤᠳᠠᠰᠤ | ᠦᠩᠭᠡᠷᠡᠯᠳᠡ ᠶᠠᠪᠤᠴᠠ ᠶᠢ ᠲᠠᠮᠳᠡᠭᠯᠡᠨ ᠬᠤᠴᠤᠷᠠᠵᠤ | ᠦᠷᠯᠦᠭᠡ ᠶᠢᠨ ᠰᠤᠷᠭᠤᠭ ᠠᠮᠢᠰᠬᠤᠯ ᠢᠶᠠᠷ | ᠦᠩ ᠦᠭᠡᠳᠡᠷᠬᠡᠭ ᠰᠢᠨ᠎ᠠ ᠵᠢᠯ ᠡᠬᠢᠯᠡᠵᠤ ᠪᠠᠶᠢᠨ᠎ᠠ | ᠰᠠᠶᠢᠨ ᠢᠷᠡᠪᠡᠤ︖2020 | ᠬᠦᠮᠤᠨ ᠤ ᠤᠬᠠᠭᠠᠨ — | ᠬᠦᠪᠴᠢ ᠶᠢᠨ ᠰᠠᠭᠯᠠᠭᠠᠷ ᠰᠢᠭ᠋ ᠬᠦᠬᠡᠷᠡᠨ ᠨᠠᠬᠢᠶᠠᠯᠠᠵᠤ | ᠬᠦᠮᠤᠨ ᠵᠤᠨ ᠤ ᠵᠢᠰᠤᠨ ᠳᠤ ᠬᠡᠶᠢᠷᠬᠡᠨ ᠵᠢᠷᠭᠠᠨ᠎ᠠ᠃ | ᠤᠯᠤᠩ ᠵᠢᠷᠢᠮ ᠠᠭᠤᠯᠵᠠᠭᠤᠯᠤᠨ ᠵᠤᠯᠭᠠᠭᠤᠯᠵᠤ | ᠤᠩᠭᠤᠨ ᠬᠦᠯᠦᠭ ᠢᠶᠠᠨ ᠡᠮᠡᠭᠡᠯᠯᠡᠬᠦ ᠰᠢᠭ | ᠤᠯᠤᠭᠰᠠᠨ ᠠᠯᠳᠠᠭᠰᠠᠨ ᠢᠶᠠᠨ ᠢᠯᠭᠠᠪᠦᠷᠢᠯᠡᠨ ᠭᠠᠨᠵᠤᠭᠯᠠᠵᠤ | ᠤᠮᠤᠭ ᠢᠳᠡᠭᠡᠯ ᠢ ᠮᠢᠨᠢ ᠲᠠᠭᠤᠳᠡᠨ ᠰᠡᠷᠭᠦᠬᠡᠵᠤ ᠪᠠᠶᠢᠨ᠎ᠠ᠃ | ᠰᠠᠶᠢᠨ ᠶᠠᠪᠤᠭᠠᠷᠠᠢ︕2020 | ᠰᠦᠨ ᠲᠦᠷᠤᠭᠡ — | ᠰᠡᠳᠬᠢᠯ ᠤᠨ ᠲᠡᠩᠬᠡᠭᠡ ᠴᠢᠩᠭᠠᠯᠠᠨ ᠢᠷᠤᠭᠡᠵᠤ | ᠪᠦᠬᠦ ᠶᠠᠭᠤᠮ᠎ᠠ ᠪᠦᠷᠢᠨ ᠰᠠᠶᠢᠨ ᠪᠤᠯᠳᠤᠭᠠᠢ︕ | 赤峰 市巴林左旗草原传统文化协会 | 朝伦巴根:13804766874 | | | |