ᠡᠳᠤᠷ  ᠤᠨ  ᠴᠠᠰᠤ ᠦᠭᠭᠢᠶᠡᠮᠤᠷ  ᠭᠢᠯᠠᠰᠤᠨ᠎ᠠ
ᠨᠡᠶᠢᠲᠡᠯᠡᠭᠰᠡᠨ ᠴᠠᠭ᠄
2021/1/6
             ᠷᠢ᠊᠂  ᠰᠡᠴᠡᠨᠳᠤ                ᠬᠠᠮᠢᠭ᠎ᠠ ᠨᠢᠭᠡ ᠭᠠᠵᠠᠷ ᠢ  ᠵᠤᠷᠢᠨ ᠤᠳᠬᠤ  ᠶᠤᠮ ᠤᠤ ᠡᠰᠡᠬᠦᠯ᠎ᠡ ᠪᠠᠶᠢᠵᠤ  ᠪᠠᠶᠢᠭᠠᠳ ᠨᠢᠭᠡ ᠭᠡᠷ ᠠᠴᠠ  ᠪᠠᠨ ᠭᠠᠷᠴᠤ ᠬᠠᠮᠤᠭ  ᠲᠤᠳᠤᠨᠤ  ᠶᠢᠨ  ᠰᠠᠶᠢᠬᠠᠨ ᠠᠨᠳᠠ ᠨᠦᠬᠦᠳ  ᠂  ᠠᠶᠢᠯ ᠰᠠᠭᠠᠬᠠᠯᠳᠠ ᠶᠢᠨ ᠬᠦᠮᠤᠰ᠂  ᠠᠪᠢᠶᠠᠰ ᠲᠡᠬᠦᠯᠳᠡᠷ  ᠦᠵᠦᠭ ᠨᠢᠭᠡᠳᠡᠨ ᠲᠠᠢ  ᠪᠠᠨ  ᠂ ᠬᠠᠮᠳᠤ  ᠰᠤᠷᠤᠯᠭᠠᠳᠠᠨ  ᠶᠠᠪᠤᠭᠰᠠᠨ  ᠬᠡᠳᠤ  ᠲᠠᠢ ᠪᠠᠨ  ᠂  ᠡᠭᠡᠯ  ᠦᠭᠡᠢ  ᠡᠷᠬᠢᠮ  ᠪᠠᠭᠰᠢ   ᠲᠠᠢ  ᠶᠤᠮ  ᠤᠤ  ᠂  ᠬᠠᠶᠠ  ᠨᠢᠭᠡ ᠮᠧᠰᠵᠢᠬᠦ  ᠨᠠᠶᠢᠵᠠ ᠪᠦᠰᠡᠬᠦᠢ   ᠲᠠᠢ  ᠪᠠᠨ  ᠠᠭᠤᠯᠵᠠᠨ ᠵᠤᠯᠭᠠᠬᠤ  ᠭᠡᠵᠤ  ᠶᠠᠪᠤᠬᠤ  ᠵᠠᠮ ᠳᠤ  ᠴᠠᠰᠤ  ᠬᠠᠶᠠᠯᠠᠨ᠂  ᠦᠶ᠎ᠡ  ᠦᠶ᠎ᠡ ᠬᠢᠯᠠᠭ᠎ᠠ  ᠭᠢᠯᠠᠰᠤᠨ  ᠨᠢᠰᠤᠯᠳᠤᠨ  ᠪᠠᠶᠢᠬᠤ  ᠠᠯᠢᠶᠠᠬᠠᠨ ᠦᠵᠡᠮᠵᠢ ᠲᠠᠢ ᠪᠦᠭᠡᠳ  ᠠᠰ ᠲᠠᠭᠠᠨ   ᠪᠠᠰᠠ ᠴᠢᠮᠡᠭ   ᠲᠠᠢ  ᠂   ᠨᠠᠳᠠ ᠳᠤ  ᠢᠯᠡᠬᠦᠤ  ᠰᠠᠶᠢᠬᠠᠨ  ᠲᠦᠷᠦᠭᠳᠡᠯ᠂  ᠵᠤᠶᠢᠷᠯᠠᠰᠢ  ᠦᠭᠡᠢ  ᠰᠠᠶᠢᠨ  ᠰᠠᠶᠢᠬᠠᠨ ᠶᠠᠭᠤᠮᠠᠨ ᠤ  ᠲᠤᠬᠠᠢ ᠲᠦᠷᠰᠤᠯᠡᠯ   ᠪᠤᠳᠤᠭᠳᠠᠭᠤᠯᠤᠨ᠎ᠠ᠃  ᠬᠠᠮᠢᠭ᠎ᠠ ᠨᠢᠭᠡ ᠨᠡᠬᠦᠬᠦ  ᠡᠬᠦᠯᠡᠰ᠂   ᠠᠯᠤᠰ  ᠴᠠᠶᠢᠯᠵᠠᠬᠤ  ᠠᠭᠤᠯᠠᠰ᠂  ᠲᠤᠭᠤᠢ  ᠲᠤᠭᠤᠢ ᠬᠦᠯᠤᠶᠢᠨ ᠴᠠᠭᠠᠷᠢᠭᠯᠠᠬᠤ  ᠬᠦᠯᠳᠡᠬᠦᠤ ᠨᠠᠭᠤᠷ  ᠤᠰᠤ  ᠬᠠᠮᠤᠭ   ᠰᠠᠶᠢᠨ  ᠰᠠᠶᠢᠬᠠᠨ ᠦᠩᠭᠡᠷᠡᠯᠳᠡ  ᠂  ᠬᠠᠮᠳᠤ  ᠳᠠᠭᠠᠨ   ᠲᠠᠭᠤᠯᠠᠯᠴᠠᠨ   ᠨᠠᠷᠭᠢᠯᠳᠤᠵᠤ  ᠶᠠᠪᠤᠭᠰᠠᠨ  ᠪᠠᠭ᠎ᠠ  ᠶᠢᠨ  ᠲᠤᠷᠠᠰᠤᠮᠵᠢ  ᠂  ᠪᠠᠶᠢᠭᠠᠯᠢ  ᠲᠡᠯᠡᠬᠡᠢ  ᠬᠠᠨᠠᠭᠠᠷ  ᠲᠡᠨᠢᠬᠦᠬᠡᠨ ᠲᠠᠯ᠎ᠠ᠂  ᠬᠠᠨᠤᠮᠵᠢ  ᠲᠡᠬᠦᠯᠳᠡᠷ  ᠤᠷᠴᠢᠨ ᠠᠬᠤᠢ  ᠂  ᠬᠠᠮᠢᠭ᠎ᠠ  ᠴᠤ  ᠬᠦᠷᠭᠡᠮᠡᠷ ᠮᠤᠷᠢᠨ ᠤ  ᠰᠠᠶᠢᠬᠠᠨ ᠬᠠᠷ᠎ᠠ ᠠᠯᠬᠤᠭ᠎ᠠ ᠬᠦᠩᠭᠡᠨ ᠠᠴᠠ ᠬᠦᠩᠭᠡᠨ  ᠬᠡᠶᠢᠷᠬᠡᠨ  ᠲᠦᠬᠦᠮᠡᠯᠵᠢᠨ᠎ᠡ᠃ ᠬᠠᠮᠢᠭ᠎ᠠ  ᠨᠢᠭᠡ  ᠭᠠᠵᠠᠷ  ᠡᠨᠡ  ᠦᠶ᠎ᠡ  ᠪᠤᠷᠤᠭ᠎ᠠ ᠤᠷᠤᠵᠤ᠂  ᠴᠡᠴᠡᠭ ᠨᠤᠭᠤᠭ᠎ᠠ  ᠲᠡᠯᠭᠡᠷᠡᠵᠤ ᠪᠠᠶᠢᠬᠤ ᠶᠢ  ᠦᠨᠳᠦᠷᠯᠢᠭ ᠨᠤᠳᠤᠭ  ᠤᠨ  ᠬᠦᠮᠤᠰ ᠪᠢᠳᠡ  ᠂ ᠴᠠᠰᠤᠳᠠᠢ ᠡᠳᠤᠷ ᠤᠨ  ᠪᠠᠶᠢᠭᠠᠯᠢᠯᠢᠭ  ᠦᠵᠡᠭᠳᠡᠯ   ᠢᠶᠠᠷ ᠲᠦᠰᠤᠭᠡᠯᠡᠵᠤ   ᠬᠡᠷᠬᠢᠨ ᠴᠢᠳᠠᠬᠤ  ᠦᠭᠡᠢ  ᠴᠤ  ᠮᠠᠨ   ᠤ  ᠲᠡᠯᠡᠬᠡᠢ ᠶᠢ  ᠠᠭᠤᠵᠢᠮ ᠠᠴᠠ  ᠠᠭᠤᠵᠢᠮ  ᠭᠡᠵᠤ  ᠰᠠᠨᠠᠭ᠎ᠠ ᠰᠡᠳᠬᠢᠯ   ᠲᠡᠭᠡᠨ  ᠰᠠᠪᠠ  ᠰᠢᠮ᠎ᠡ ᠶᠢᠷᠳᠢᠨᠴᠤ  ᠶᠢᠨ ᠤᠯᠠᠷᠢᠯ  ᠪᠦᠰᠡ ᠨᠢ  ᠴᠤ ᠲᠡᠩᠴᠤ  ᠢᠵᠢᠯᠢ  ᠦᠭᠡᠢ  ᠶᠤᠮ  ᠡ  ᠭᠡᠳ  ᠲᠤᠳᠤᠷ᠎ᠠ ᠪᠠᠨ   ᠰᠠᠷᠠᠭᠤᠯᠵᠢᠨ ᠶᠠᠪᠤᠨ᠎ᠠ᠃    ᠮᠤᠩᠭᠤᠯ  ᠤᠷᠤᠨ ᠤ ᠮᠢᠨᠢ  ᠨᠢᠭᠡ  ᠡᠳᠤᠷ  ᠂  ᠮᠤᠩᠭᠤᠯ  ᠬᠦᠮᠤᠨ ᠤ ᠮᠠᠨᠢ  ᠨᠢᠭᠡ  ᠡᠳᠤᠷ  ᠂ ᠤᠨ  ᠵᠢᠯ  ᠤᠨ  ᠨᠤᠭᠤᠴᠠᠭᠠᠨ ᠳᠤ  ᠶᠠᠭ  ᠯᠠ ᠡᠳᠤᠷ  ᠤᠨ ᠴᠠᠰᠤ  ᠭᠢᠯᠠᠰᠤᠨ ᠬᠠᠶᠠᠯᠠᠵᠤ  ᠤᠳᠬᠤ  ᠰᠢᠭ᠋   ᠭᠡᠰᠡᠭ  ᠭᠡᠰᠡᠭᠬᠡᠨ  ᠪᠦᠷᠦᠭ  ᠪᠠᠷᠤᠭ  ᠪᠤᠯᠬᠤ  ᠠᠭᠤᠯᠠ  ᠲᠠᠯ᠎ᠠ  ᠶᠢᠨ  ᠢᠶᠠᠨ  ᠠᠭᠠᠯᠢ  ᠠᠷᠠᠨᠰᠢᠨ  ᠪᠠᠷ ᠠᠯᠭᠠᠰᠴᠤ  ᠂  ᠦᠨᠢ  ᠬᠤᠯᠠ  ᠶᠢᠨ  ᠶᠠᠭᠤᠮᠠᠨ ᠤ  ᠪᠦᠷᠦᠭ  ᠪᠠᠷᠤᠭ  ᠴᠤᠤᠷᠢᠶ᠎ᠡ  ᠰᠢᠭ᠋  ᠤᠷᠤ  ᠲᠠᠰᠤ   ᠵᠠᠮᠬᠠᠷᠠᠪᠠᠴᠤ  ᠂  ᠤᠢ  ᠲᠤᠶᠢᠨ  ᠳᠤ  ᠡᠷᠬᠢᠭᠡᠳ  ᠤᠷᠤᠵᠤ  ᠢᠷᠡᠳᠡᠭ ᠨᠢ  ᠨᠢᠭᠡ  ᠯᠡ  ᠤᠴᠢᠷ   ᠲᠠᠢ᠃                  ᠬᠦᠭᠡᠷᠤᠬᠡᠢ  ᠪᠢᠳᠡᠨ ᠤ  ᠮᠦᠷᠤᠭᠡᠳᠤᠯ  ᠰᠡᠳᠬᠢᠯᠭᠡ  ᠂  ᠬᠦᠷᠤᠰᠢ  ᠦᠭᠡᠢ ᠠᠨᠢᠷ ᠭᠠᠵᠠᠷ  ᠂   ᠬᠦᠨᠳᠤᠰᠢ  ᠦᠭᠡᠢ  ᠭᠡᠨᠡᠨ ᠡᠮᠵᠡᠭ ᠰᠢᠭ  ᠬᠦᠮᠤᠨ ᠬᠦᠮᠤᠨ ᠢᠶᠠᠨ  ᠰᠠᠨᠠᠬᠤ  ᠶᠢᠨ  ᠲᠡᠭᠡᠳᠤ  ᠂  ᠬᠦᠨᠳᠤᠯᠡᠵᠤ ᠬᠠᠶᠢᠷᠠᠯᠠᠬᠤ  ᠶᠢᠨ ᠲᠡᠭᠡᠳᠤ  ᠤᠬᠠᠭᠠᠨ ᠠᠴᠠ  ᠬᠡᠨ ᠠᠯᠢᠨ ᠢᠶᠠᠨ ᠡᠷᠬᠢᠵᠤ  ᠲᠤᠭᠤᠷᠢᠵᠤ ᠶᠠᠪᠤᠨ᠎ᠡ ᠭᠡᠭᠴᠢ ᠮᠤᠩᠭᠤᠯ ᠬᠦᠮᠤᠨ  ᠪᠢᠳᠡᠨ   ᠤ   ᠶᠠᠭᠠᠬᠢᠭᠰᠠᠨ ᠲᠤᠳᠤᠨᠤ ᠲᠤᠯᠠᠭᠠᠨ ᠡᠯᠢᠭᠡ  ᠰᠡᠳᠬᠢᠯ  ᠤᠨ  ᠶᠠᠪᠤᠯᠴᠠᠭ᠎ᠠ  ᠪᠤᠢ  ︖  ᠪᠤᠳᠤᠭᠰᠠᠨ  ᠰᠠᠨᠠᠭᠰᠠᠨ  ᠪᠦᠬᠦᠨ ᠢᠶᠠᠨ  ᠠᠭᠤᠳᠠᠯᠠᠵᠤ  ᠂  ᠪᠤᠭᠤᠷᠤᠯ  ᠲᠡᠭᠡᠳᠤᠰ ᠡᠪᠤᠭᠡᠳ ᠢᠶᠠᠨ  ᠲᠤᠷᠠᠰᠤᠯᠴᠠᠨ᠂  ᠰᠠᠶᠢᠬᠠᠨ ᠵᠢᠯ  ᠤᠨ  ᠦᠩᠬᠡ  ᠬᠡᠶᠢᠮᠤᠷᠢ  ᠪᠠᠨ  ᠪᠡᠯᠭᠡᠳᠡᠨ  ᠂  ᠰᠠᠷ᠎ᠠ  ᠵᠢᠯ   ᠤᠨ ᠤᠷᠳᠤ ᠳᠤ  ᠠᠶᠢᠯ  ᠰᠠᠭᠠᠬᠠᠯᠳᠠ  ᠶᠠᠪᠤᠭᠰᠠᠨ ᠭᠠᠵᠠᠷ  ᠤᠰᠤ  ᠪᠠᠨ  ᠨᠠᠷᠠᠯᠠᠨ  ᠂  ᠠᠳᠤᠭᠤ ᠮᠠᠯ  ᠤᠨ  ᠵᠢᠰᠤ  ᠢᠵᠢᠯᠢ  ᠬᠡᠯᠡᠵᠤ  ᠂  ᠠᠬᠤ  ᠵᠧ  ᠬᠡᠦ ᠭᠡᠵᠤ  ᠡᠮᠤᠨ᠎ᠡ  ᠬᠤᠶᠢᠨ᠎ᠡ  ᠪᠠᠨ  ᠬᠤᠪᠢ  ᠵᠠᠶᠠᠭ᠎ᠠ ᠪᠠᠨ  ᠬᠡᠯᠡᠯᠴᠡᠨ ᠠᠵᠤ  ᠲᠦᠷᠦᠭᠰᠡᠨ  ᠬᠦᠮᠤᠰ   ᠲᠠᠢ  ᠪᠠᠨ  ᠤᠴᠠᠷᠠᠨ ᠠᠭᠤᠯᠵᠠᠨ᠎ᠠ ᠭᠡᠳᠡᠭ ᠬᠤᠷᠸ᠎ᠠ ᠶᠢᠨ  ᠲᠦᠮᠡᠨ  ᠵᠢᠷᠭᠠᠯᠠᠩ  ᠂  ᠬᠤᠤᠰ ᠦᠭᠡᠢ  ᠪᠠᠶᠠᠷ  ᠤᠨ  ᠴᠢᠮᠡᠭ  ︕             ᠡᠳᠤᠷ  ᠤᠨ  ᠴᠠᠰᠤ  ᠦᠯᠵᠡᠢ   ᠲᠠᠢ  ᠦᠨᠢ  ᠶᠢᠨ  ᠨᠤᠳᠤᠭ   ᠬᠦᠮᠤᠨ  ᠬᠤᠶᠠᠷ  ᠤᠨ ᠰᠠᠨᠠᠵᠤ  ᠲᠤᠷᠠᠰᠬᠤ  ᠰᠠᠶᠢᠬᠠᠨ  ᠡᠳᠤᠷ  ᠤᠨ  ᠬᠢᠵᠠᠭᠠᠷ ᠮᠢᠯᠢᠶᠡᠵᠤ   ᠦᠶ᠎ᠡ  ᠦᠶᠡᠬᠡᠨ   ᠭᠢᠯᠠᠰᠤᠬᠤ ᠴᠠᠩ  ᠬᠢᠯᠠᠭ᠎ᠠ  ᠂  ᠡᠪᠡᠰᠤ  ᠂  ᠲᠠᠷᠠᠰᠤᠨ ᠤ  ᠲᠤᠯᠤᠭᠠᠢ  ᠰᠡᠬᠦᠶᠢᠯᠭᠡᠨ ᠭᠡᠷᠡᠯᠳᠤᠨ ᠴᠠᠶᠢᠷᠠᠨ᠎ᠠ᠃            ᠨᠠᠶᠢᠵᠠ  ᠨᠦᠬᠦᠳ  ᠤᠨ ᠨᠠᠨᠳᠢᠨ ᠲᠤᠷᠠᠰᠤᠯ  ᠂  ᠨᠡᠶᠢᠭᠡᠮ  ᠴᠠᠭ  ᠤᠨ  ᠬᠦᠭᠵᠢᠯ  ᠬᠤᠪᠢᠷᠠᠯᠳᠠ᠂  ᠨᠤᠳᠤᠭ  ᠨᠤᠳᠤᠭ  ᠤᠨ  ᠰᠠᠶᠢᠬᠠᠨ ᠢ  ᠪᠠᠭ᠋ᠠᠷᠬᠠᠭᠰᠠᠨ ᠨᠠᠷᠭᠢᠶᠠᠨᠳᠤ ᠵᠤᠭᠤᠭ  ᠂  ᠦᠶ᠎ᠡ  ᠶᠢᠨ  ᠪᠤᠭᠤᠷᠤᠯᠴᠤᠳ ᠤᠨ  ᠢᠶᠠᠨ ᠲᠤᠬᠠᠢ ᠶᠠᠷᠢᠶ᠎ᠡ᠂᠂᠂᠂   ᠬᠤᠨᠳᠠᠭ᠎ᠠ  ᠰᠠᠷᠬᠤᠳ ᠤᠨ ᠱᠠᠯᠠᠭ᠎ᠠ᠂  ᠬᠤᠭᠤᠯᠠ ᠴᠠᠢ  ᠶᠢᠨ  ᠱᠠᠯᠠᠭ᠎ᠠ  ᠠᠬᠠᠳᠠᠵᠤ  ᠂᠂᠂᠂  ᠂ ᠨᠠᠷᠠ  ᠴᠡᠴᠡᠷᠭᠡᠨᠡᠨ ᠲᠠᠭᠠᠷᠠᠳᠠᠰᠤ  ᠬᠦᠷᠦᠭᠰᠡᠨ ᠭᠠᠳᠠᠨ᠎ᠠ ᠤᠷᠴᠢᠨ ᠢ  ᠲᠠᠭ  ᠮᠠᠷᠳᠠᠵᠤ  ᠂  ᠵᠠ  ᠮᠤᠷᠳᠠᠶ᠎ᠠ ᠳ᠋ᠠ  ᠭᠡᠵᠤ  ᠴᠠᠭ  ᠢᠶᠠᠨ  ᠬᠠᠷᠠᠨ  ᠂  ᠴᠢᠮ᠎ᠠ ᠪᠠᠨ  ᠤᠷᠬᠢᠬᠤ  ᠠᠴᠠ  ᠭᠡᠵᠤ  ᠰᠠᠯᠵᠤ  ᠶᠠᠳᠠᠨ  ᠡᠷᠭᠡᠯᠵᠡᠵᠤ  ᠰᠠᠭᠤᠭᠰᠠᠨ  ᠮᠤᠩᠭᠤᠯ  ᠬᠦᠮᠤᠨ ᠤ   ᠵᠤᠴᠢᠨᠰᠡᠭ ᠲᠠᠩᠰᠤᠭ  ᠂   ᠭᠡᠶᠢᠴᠡᠷᠬᠦᠤ ᠲᠤᠳᠤᠨᠤ  ᠶᠢᠨ   ᠨᠢᠭᠡ  ᠡᠳᠤᠷ  ᠮᠠᠯ   ᠬᠤᠳᠠᠨ  ᠳᠠᠭᠠᠨ  ᠡᠷᠬᠢᠵᠤ  ᠮᠠᠨ   ᠤ  ᠲᠠᠨ   ᠤ  ᠠᠶᠢᠯ  ᠤᠨ  ᠤᠳᠤᠭ᠎ᠠ  ᠤᠨᠢᠶᠠᠷ  ᠰᠠᠪᠰᠠᠯᠠᠬᠤ  ᠦᠳᠡᠰᠢ  ᠪᠠᠷ  ᠶᠠᠪᠤᠨ᠎ᠠ  ᠃  ᠶᠠᠪᠤᠨ᠎ᠠ  ᠭᠡᠳ  ᠭᠠᠷᠤᠭᠰᠠᠨ  ᠨᠢᠭᠡᠨ ᠦᠷᠯᠦᠭᠡᠨ ᠤ  ᠠᠵᠤ  ᠪᠠᠶᠢᠳᠠᠯ  ᠂  ᠠᠶᠠᠨ   ᠤ  ᠰᠠᠶᠢᠬᠠᠨ   ᠤᠷᠮ᠎ᠠ ᠰᠡᠳᠬᠢᠯᠭᠡ ᠬᠦᠷᠤᠨ᠎ᠡ  ᠭᠡᠳ  ᠮᠤᠷᠳᠠᠭᠰᠠᠨ  ᠬᠦᠮᠤᠨ   ᠤ ᠨᠢᠭᠡᠨ  ᠡᠳᠤᠷ  ᠤᠨ   ᠨᠠᠷᠠ  ᠠᠭᠤᠯᠠ  ᠲᠡᠷᠡᠯᠡᠨ  ᠲᠡᠷᠳᠡᠭᠡ ᠵᠢᠷᠭᠠᠬᠤ  ᠳᠤ  ᠶᠢᠷᠳᠢᠨᠴᠤ  ᠶᠢᠨ  ᠮᠢᠩᠭᠠᠨ ᠵᠢᠯ  ᠨᠢᠭᠡᠨ ᠡᠳᠤᠷ  ᠤᠨ ᠴᠠᠰᠤᠨ  ᠭᠢᠯᠠᠰᠤᠭ᠎ᠠ  ᠲᠤᠮᠳᠠᠭᠤᠷ  ᠂  ᠬᠠᠮᠢᠭ᠎ᠠ  ᠨᠢᠭᠡ  ᠭᠠᠵᠠᠷ  ᠬᠤᠪᠢ  ᠪᠠᠨ   ᠬᠦᠭᠡᠭᠡᠵᠤ ᠰᠠᠭᠤᠵᠤ  ᠪᠠᠶᠢᠬᠤ  ᠳᠤ  ᠶᠤᠮ  ᠤᠤ  ᠬᠤᠨᠢ ᠪᠠᠨ  ᠬᠠᠷᠢᠭᠤᠯᠵᠤ  ᠂   ᠬᠤᠭᠤᠯᠠᠨ ᠭᠡᠷ  ᠲᠤ  ᠡᠰᠡᠬᠦᠯ᠎ᠡ  ᠬᠡᠳᠤᠬᠦᠯᠡ ᠨᠠᠷᠬᠢᠵᠤ  ᠰᠠᠭᠤᠵᠤ  ᠪᠠᠶᠢᠬᠤ  ᠳᠤ  ᠬᠤᠯᠠ ᠶᠢᠨ  ᠨᠢᠭᠡᠨ  ᠭᠠᠷᠠᠭ  ᠤᠷᠴᠢᠯᠠᠩ  ᠢ  ᠵᠤᠷᠢᠭᠠᠳ  ᠂  ᠮᠠᠨ   ᠤ  ᠮᠡᠳᠡᠬᠦ  ᠦᠭᠡᠢ  ᠬᠡᠯᠡ ᠪᠠᠷ  ᠶᠠᠮᠠᠷ  ᠨᠢᠭᠡ  ᠡᠳᠡᠭᠡᠳ ᠬᠠᠷᠢᠴᠠᠵᠤ  ᠂   ᠮᠠᠨ ᠤ  ᠬᠠᠷᠠᠭ᠎ᠠ ᠦᠭᠡᠢ  ᠬᠤᠷᠳᠤ  ᠪᠠᠷ  ᠵᠠᠮ  ᠳᠤ   ᠵᠦᠷᠪᠤᠰᠬᠢᠨ ᠵᠦᠷᠢᠬᠦ  ᠳᠤ ᠴᠠᠰᠤ  ᠠᠯᠢᠶᠠᠬᠠᠨ   ᠭᠢᠯᠠᠰᠴᠤ   ᠬᠠᠶᠠᠯᠠᠭᠰᠠᠨ  ᠢ  ᠪᠢ  ᠦᠪᠤᠷ ᠤᠨ ᠪᠠᠶᠠᠷ ᠢᠶᠠᠨ   ᠪᠤᠯᠭᠠᠵᠤ  ᠬᠤᠭᠤᠷᠤᠨᠳᠤ  ᠠᠴᠠ   ᠨᠢ ᠬᠠᠭᠤᠷᠳᠠᠵᠤ  ᠪᠠᠶᠠᠷᠯᠠᠭᠰᠠᠨ  ᠴᠤ ᠶᠤᠮ  ᠤᠤ  ᠠᠢ  ᠪᠤᠳᠤᠬᠤ  ᠶᠢᠨ  ᠰᠠᠶᠢᠬᠠᠨ ᠬᠤᠷᠸ᠎ᠠ  ᠂  ᠪᠤᠴᠠᠬᠠᠤ  ᠶᠢᠨ ᠰᠠᠶᠢᠬᠠᠨ ᠵᠠᠮ  ᠭᠡᠵᠤ  ᠲᠤᠳᠤᠷ᠎ᠠ  ᠠᠴᠠ  ᠴᠢᠯᠠᠭᠤ  ᠠᠪᠴᠤ ᠬᠠᠶᠠᠭᠰᠠᠨ  ᠶᠤᠮ  ᠰᠢᠭ᠋  ᠬᠠᠩᠭᠠᠶᠢᠷᠠᠨ᠎ᠠ᠃            
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号