ᠲᠠᠶᠢᠮᠦ ᠬᠤᠶᠠᠷ ᠦᠭᠡ
ᠨᠡᠶᠢᠲᠡᠯᠡᠭᠰᠡᠨ ᠴᠠᠭ᠄
2021/1/6
ᠲᠡᠶᠢᠮᠦ ᠬᠤᠶᠠᠷ ᠦᠭᠡ ᠶᠢ ᠴᠢᠮᠡᠲᠦ ᠭᠡᠯᠡᠶ᠎ᠡ ᠭᠡᠵᠦ ᠪᠤᠲᠤᠮᠠᠭᠴᠠ ᠯᠡ ᠲᠠᠶᠢᠪᠤᠡᠭ ᠰᠡᠳᠬᠢᠯ ᠤᠷᠤᠯᠲᠤᠭᠠᠨ ᠤ ᠬᠦᠯᠦᠭ ᠰᠢᠭ ᠴᠤᠪᠬᠤᠴᠢᠯ ᠲᠠᠢ᠂ ᠲᠡᠨᠡᠭᠬᠡᠨ ᠲᠠᠪᠴᠢᠶᠠᠷᠢ ᠪᠠᠨ ᠲᠠᠶᠢᠳᠬᠤᠷᠠᠭᠤᠯᠤᠨ ᠨᠠᠮᠲᠠᠭᠠᠭᠰᠠᠨ ᠴᠤ ᠲᠠᠩᠭᠢᠯᠬᠠᠨ ᠴᠢᠮᠡᠲᠦ ᠬᠤᠶᠠᠷᠬᠠᠨ ᠦᠭᠡ ᠪᠠᠨ ᠰᠤᠨᠤᠰᠬᠠᠬᠤ ᠶᠢ ᠬᠦᠰᠡᠨᠡᠮ︕ ᠴᠢᠮᠠᠲᠦ ᠶᠠᠷᠢᠬᠤ ᠠᠴᠠ ᠲᠦᠪᠡᠭᠰᠢᠶᠡᠲᠡᠭ ᠲᠡᠷᠡ ᠬᠤᠶᠠᠷᠬᠠᠨ ᠦᠭᠡ ᠴᠡᠭᠡᠵᠢᠨ ᠲᠤᠲᠤᠷ᠎ᠠ ᠠᠦ᠋ᠲ᠋ᠤᠴᠢᠯᠠᠭᠰᠠᠨ ᠰᠢᠩᠭᠡᠭᠡᠯᠲᠡ ᠮᠡᠲᠦ ᠲᠠᠪᠲᠠᠮᠵᠢ ᠲᠠᠢ᠂ ᠴᠢᠯᠡᠭᠡ ᠶᠠᠳᠠᠷᠠᠭ᠎ᠠ ᠶᠢ ᠨᠢ ᠤᠷᠤᠰᠬᠤ ᠬᠦᠯᠦᠰᠦ ᠮᠡᠲᠡᠷᠡᠭᠦᠯᠲᠡᠭ ᠴᠤ ᠴᠢᠬᠢᠨ ᠲᠡᠷᠭᠡᠲᠡ ᠨᠢ ᠰᠢᠪᠡᠨᠡᠬᠦ ᠶᠢ ᠶᠡᠷᠦ ᠠᠴᠠ ᠭᠤᠷᠢᠯᠠᠭᠠᠳ ᠪᠠᠶᠢᠨ᠎ᠠ︕ ᠵᠡᠭᠦᠲᠦ ᠪᠠᠷ ᠦᠭᠦᠯᠡᠬᠦ ᠠᠴᠠ ᠠᠶᠤᠭᠠᠳ ᠪᠠᠶᠢᠲᠠᠭ ᠬᠤᠶᠠᠷ ᠦᠭᠡ ᠶᠢ ᠵᠣᠷᠢᠭ ᠬᠤᠷᠲᠦ ᠲᠠᠢ ᠴᠢᠮ᠎ᠠ ᠳᠤ ᠲᠤᠭᠤᠯᠭᠠᠬᠤ ᠠᠵᠠ ᠡᠷᠢᠨᠡᠮ᠂ ︿︿ᠵᠡᠭᠡᠷ᠎ᠡ ᠲᠠᠭᠰᠢᠭᠰᠡᠨ ᠭᠤᠪᠢ﹀﹀ ᠸᠢᠴᠠᠲ ᠳᠤ ᠤᠶᠠᠩᠭᠠᠷᠠᠬᠤ ᠪᠠᠷ ᠵᠤᠷᠢᠭᠤᠲᠠ ᠢᠯᠡᠭᠡᠭᠰᠡᠨ ᠡᠶᠠᠯᠲᠡᠭ ᠬᠠᠷᠠᠴᠠ ᠨᠢ ᠰᠠᠨᠠᠭᠲᠠᠬᠤ ᠶᠤᠮ ᠡ︕ ᠠᠭᠤᠯᠠ ᠮᠤᠲᠤᠨ ᠲᠤᠮᠲᠠ ᠲᠡᠷᠡ ᠬᠤᠶᠠᠷ ᠦᠭᠡ ᠶᠢ ᠬᠠᠰᠭᠢᠷᠴᠢᠬᠠᠪᠡᠯ ᠠᠶᠠᠯᠭᠤ ᠲᠤᠤᠯᠢᠶ᠎ᠠ ᠨᠢ ᠲᠠᠮᠵᠢᠭᠲᠠᠭᠰᠠᠭᠠᠷ ᠴᠢᠮᠡᠲᠦ ᠤᠶᠢᠷᠠᠳᠬᠤ ᠪᠤᠯᠪᠠᠤ︖ ᠠᠶᠠᠯᠠᠯ ᠤᠨ ᠵᠦᠷᠢᠭ ᠨᠢ ᠬᠦᠰᠢᠭᠡᠯᠡᠭᠰᠡᠨ ᠤᠨᠢᠶᠠᠷ ᠢ ᠢᠷᠠᠭᠰᠠᠨ ᠠᠷᠭ᠎ᠠ ᠦᠭᠡᠢ ᠰᠠᠶᠢᠬᠠᠨ ᠲᠤᠷᠠᠯᠠᠯ ᠭᠡᠭᠴᠢ ᠲᠡᠩᠲᠡᠭᠦᠤ ᠬᠦᠭᠡᠷᠦᠬᠦᠨ  ︕ ᠨᠠᠨᠳᠢᠩᠨᠠᠵᠦ ᠨᠢᠭᠤᠭᠰᠠᠨ ᠲᠡᠷᠡ ᠬᠤᠶᠠᠷ ᠵᠢᠷᠦᠬᠡᠨ ᠦᠭᠡ ᠮᠢᠨᠢ ᠨᠠᠭᠠᠲᠤᠮ ᠢᠶᠠᠷ ᠲᠦᠬᠦᠭᠡᠷᠡᠭᠰᠡᠨ ᠰᠤᠨᠤᠰᠬᠠᠯ ᠪᠤᠯᠤᠭᠰᠠᠨ ᠴᠤ ᠶᠠᠭᠠᠬᠢᠬᠤᠪ᠂ ᠨᠠᠷᠠᠲᠦ ᠶᠢᠨ ᠵᠠᠢ ᠳᠤ ᠨᠠᠲᠠ ᠶᠢ ᠲᠤᠭᠲᠤᠯᠤᠯ ᠢᠶᠠᠷ ︿︿ᠪᠡᠷᠬᠡᠲᠡᠭᠦᠯᠦᠭᠰᠡᠨ﹀﹀ ᠨᠠᠮᠤᠷ ᠤᠨ ᠦᠡᠭᠬᠡ ᠰᠢᠭ ᠪᠤᠲᠤᠯ ᠳᠤ ᠬᠤᠷᠭᠤᠲᠠᠭ᠎ᠠ ᠴᠢᠮ᠎ᠠ ᠳᠤ ᠬᠠᠶᠢᠷᠠᠲᠠᠢ︕                  ᠪᠠᠭᠠᠷᠢᠨ ᠪᠠᠷᠠᠭᠤᠨ ᠬᠤᠰᠢᠭᠤ     ᠲᠡᠮᠦᠷᠪᠠᠭᠠᠨ᠎ᠠ    13804766924
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号