ᠴᠢ ᠪᠢᠳᠡ ᠬᠤᠶᠠᠷ
ᠨᠡᠶᠢᠲᠡᠯᠡᠭᠰᠡᠨ ᠴᠠᠭ᠄
2020-08-04
           ᠸᠠᠩ ᠹᠦ᠋ ᠰᠢᠶᠠᠩ ᠵᠣᠬᠢᠶᠠᠪᠠ ᠨᠢᠭᠡ ᠯᠡ ᠨᠠᠷᠠᠨ ᠤ ᠲᠤᠤᠷ᠎ᠠ  ᠬᠦᠯᠦᠷᠡᠵᠦ ᠠᠯᠬᠤᠭ᠎ᠠ ᠶᠤᠮ ᠴᠢᠨᠢ   ᠬᠠᠮᠲᠦ ᠪᠠᠶᠢᠬᠤ ᠪᠡᠶᠢᠯᠬᠦᠢ ᠶᠠᠭᠠᠬᠢᠬᠤ ᠪᠤᠢ ᠨᠠᠷᠠᠨ ᠮᠠᠨᠳᠤᠬᠤ ᠵᠡᠭᠦᠨ ᠠᠭᠤᠯᠠ ᠶᠢᠨ  ᠤᠷᠬᠢᠯ ᠠᠴᠠ ᠨᠢ ᠲᠤᠰᠤᠭᠰᠠᠨ ᠭᠡᠭᠡ ᠶᠢ ᠨᠠᠷᠠᠨ ᠰᠢᠩᠭᠡᠬᠦ ᠪᠠᠷᠠᠭᠤᠨ ᠠᠭᠤᠯᠠ ᠶᠢᠨ ᠪᠡᠯ  ᠎ ᠳᠤᠨᠢ ᠰᠢᠩᠭᠡᠭᠡᠵᠦ ᠬᠦᠷᠭᠡᠭᠰᠡᠭᠡᠷ ᠦᠷᠯᠦᠭᠡ ᠦᠳᠡᠰᠢ ᠶᠢ ᠴᠢ ᠪᠢᠳᠡ ᠬᠤᠶᠠᠷ ᠨᠢᠭᠡ ᠯᠡ ᠨᠠᠷᠠᠨ ᠠᠴᠠ ᠠᠰᠠᠭᠤᠨ᠎ᠠ ᠡ ᠨᠢᠭᠡ ᠯᠡ ᠰᠠᠷᠠᠨ ᠤ ᠭᠡᠭᠡᠨ ᠳᠤ ᠰᠡᠮᠡᠷᠡᠵᠦ ᠯᠡ ᠰᠠᠭᠤᠭ᠎ᠠ ᠶᠤᠮ ᠴᠢᠨᠢ ᠬᠠᠮᠲᠦ ᠪᠡᠶᠢᠯᠬᠦᠢ ᠶᠠᠭᠠᠬᠢᠬᠤ ᠪᠤᠢ ᠰᠠᠷᠠ ᠬᠠᠪᠢᠷᠭᠠᠯᠠᠬᠤ ᠰᠢᠨᠡᠳ ᠤᠨ ᠪᠦᠷᠦᠭ ᠨᠢᠭᠤᠴᠠᠬᠠᠨ ᠭᠤᠨᠢᠭ ᠢ ᠰᠠᠷᠠᠨ ᠲᠦᠭᠦᠷᠬᠦ ᠠᠷᠪᠠᠳ ᠤᠨ ᠪᠦᠲᠦᠨ ᠭᠡᠭᠡ ᠪᠠᠷ ᠠᠷᠴᠢᠭᠰᠠᠭᠠᠷ ᠤᠷᠴᠢᠬᠤ ᠵᠠᠮ ᠢᠶᠠᠨ ᠴᠢ ᠪᠢᠳᠡ ᠬᠤᠶᠠᠷ ᠨᠢᠭᠡ  ᠯᠡ ᠰᠠᠷᠠᠨ ᠢᠶᠠᠷ ᠲᠦᠰᠦᠭᠡᠯᠡᠨ᠎ᠡ ᠨᠢᠭᠡ ᠯᠡ ᠴᠠᠭ ᠬᠤᠭᠤᠴᠠᠭᠠᠨ ᠤ ᠡᠯᠡᠭᠳᠡᠯ ᠢ ᠮᠡᠳᠡᠷᠡᠵᠦ ᠯᠡ ᠶᠠᠪᠤᠭ᠎ᠠ ᠶᠤᠮ ᠴᠢᠨᠢ ᠬᠠᠮᠲᠦ ᠪᠡᠶᠢᠯᠬᠦᠢ ᠶᠠᠭᠠᠬᠢᠬᠤ ᠪᠤᠢ ᠨᠢᠰᠴᠦ ᠶᠠᠪᠤᠭᠰᠠᠨ ᠰᠢᠪᠠᠭᠤᠳ ᠠᠴᠠ ᠮᠡᠳᠡᠷᠡᠭᠰᠡᠨ ᠬᠤᠭᠤᠰᠤᠨ ᠮᠦᠷ ᠤᠨ ᠡᠬᠢᠯᠡᠯ ᠨᠡᠭᠦᠳᠡᠯ ᠲᠤᠮᠳᠠ ᠠᠴᠠ ᠵᠠᠭᠤᠵᠦ ᠠᠪᠴᠢᠷᠠᠭᠰᠠᠨ ᠲᠤᠩᠭᠠᠯᠠᠭ ᠴᠢᠨᠠᠷ ᠤᠨ ᠲᠤᠩᠬᠠᠭ ᠴᠢᠨᠠᠲᠦ ᠶᠢᠨ ᠨᠤᠮᠤᠬᠠᠨ ᠰᠠᠬᠢᠶ᠎ᠠ ᠮᠢᠨᠢ  ᠴᠢᠮᠠᠢ ᠯᠡ ᠬᠠᠶᠢᠷᠠᠯᠠᠵᠦ ᠨᠠᠰᠤ ᠪᠠᠨ ᠪᠠᠷᠠᠬᠤ ᠴᠠᠭ ᠤᠨ ᠵᠡᠭᠦᠦ ᠳᠤ ᠡᠯᠡᠭᠳᠡᠬᠦ ᠴᠢ ᠪᠢᠳᠡ ᠬᠤᠶᠠᠷ ᠨᠢᠭᠡ ᠯᠡ ᠪᠦᠮᠪᠦᠷᠴᠡᠭ ᠢᠶᠠᠨ ᠬᠠᠶᠢᠷᠠᠯᠠᠨ ᠲᠡᠪᠡᠷᠢᠨ᠎ᠡ ᠡ                   ᠵᠣᠬᠢᠶᠠᠭᠴᠢ ᠶᠢᠨ  ᠬᠠᠶ᠋ᠢᠭ᠄ ᠬᠦᠬᠡᠬᠤᠲᠠ ᠦᠨᠳᠦᠰᠦᠲᠡᠨ ᠤ ᠲᠡᠭᠡᠳᠦ ᠰᠤᠷᠭᠠᠭᠤᠯᠢ ᠶᠢᠨ  ᠮᠡᠳᠡᠭᠡ ᠵᠠᠭᠤᠴᠢᠯᠠᠭᠤᠷ ᠤᠨ ᠰᠠᠯᠪᠤᠷᠢ ᠶᠢᠨ14 ᠰᠤᠨᠢᠨ ᠮᠡᠳᠡᠭᠡᠨ ᠤ ᠠᠩᠬᠢ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号