ᠠᠪᠤ ᠶᠢᠨ ᠮᠢᠨᠢ ᠪᠠᠷ᠎ᠠ
ᠨᠡᠶᠢᠲᠡᠯᠡᠭᠰᠡᠨ ᠴᠠᠭ᠄
2020-08-04
                    ᠨᠠ᠊᠂ ᠡᠷᠳᠡᠨᠢᠳᠣᠡᠠᠳᠠᠬᠤ       ᠠᠪᠤ ᠮᠢᠨᠢ᠄ ᠡᠵᠢ ᠶᠢᠨ ᠤᠶᠣᠡᠠᠰᠡᠨ ᠰᠢᠷᠮᠡᠯ ᠤᠯᠠ ᠲᠠᠢ ᠪᠥᠰ ᠱᠠᠬᠠᠢ ᠶᠢ ᠬᠤᠨᠭ᠍ᠬᠢᠯᠳᠠᠭ ᠡᠮᠤᠰᠴᠤ᠂ ᠵᠤᠨ ᠤ ᠦᠷᠯᠤᠭᠡ ᠶᠢᠨ ᠰᠢᠬᠦᠳᠡᠷᠢ ᠨᠠᠮᠤᠷ ᠤᠨ ᠡᠪᠡᠰᠤᠨ ᠤ ᠰᠢᠬᠦᠰᠤᠨ ᠳᠤ ᠥᠡᠭᠭᠡ ᠭᠠᠳᠠᠷ ᠨᠢ ᠢᠯᠭᠠᠡᠠᠳᠠᠮᠠᠷ ᠦᠭᠡᠢ ᠲᠠᠷᠳᠠᠵᠤ ᠬᠠᠭᠤᠴᠢᠷᠠᠭᠠᠳ ᠠᠳᠡ ᠲᠠᠨᠳᠡ ᠪᠠᠨ ᠨᠦᠬᠦᠭᠡᠰᠤ ᠪᠠᠷ ᠭᠤᠣᠯᠳᠠᠭᠤᠯᠣᠡᠠᠰᠡᠨ ᠠᠭᠤᠵᠢᠮ ᠡᠯᠪᠡᠭ ᠪᠥᠰ ᠥᠮᠣᠳᠡᠨ ᠤ ᠬᠢᠨᠢ ᠰᠢᠷᠬᠤᠨᠠᠭ ᠤᠨ ᠲᠤᠣᠭᠤᠷ ᠪᠠᠳᠠᠭᠠᠨ᠎ᠠ ᠰᠢᠮᠠᠭᠤᠯ ᠳᠤ ᠵᠠᠭᠤᠯᠭᠠᠵᠤ ᠰᠢᠯᠪᠡᠷᠳᠡᠯ᠎ᠡ ᠮᠠᠭᠠᠵᠢᠡᠠᠰᠡᠨ ᠰᠢᠷᠬ᠎ᠠ ᠰᠦᠷᠪᠢ ᠲᠠᠢ   ᠬᠦᠷᠡᠩᠰᠢᠵᠣ ᠪᠤᠷᠣᠯᠬᠠᠰᠡᠨ ᠡᠷᠴᠢᠳᠤ  ᠪᠤᠯᠴᠢᠩ ᠲᠠᠢ ᠬᠥᠯ ᠢᠶᠠᠷ ᠢᠶᠠᠨ ᠡᠬᠡ ᠨᠤᠳᠤᠭ ᠤᠨ ᠢᠶᠠᠨ ᠬᠦᠷᠤᠰᠣᠨ ᠲᠡᠭᠡᠬᠦᠷ ᠠᠭᠠᠵᠢᠮ ᠪᠤᠯᠪᠴᠤ ᠠᠯᠳᠠ ᠲᠡᠯᠢᠮ ᠰᠡᠪᠡᠯᠵᠢᠳᠡᠯ᠎ᠡ ᠠᠯᠬᠤᠬᠤ ᠳᠤ ᠡᠪᠡᠰᠤ ᠪᠡᠯᠴᠢᠭᠡᠷ ᠡᠯᠡᠰᠣ ᠮᠠᠩᠬ᠎ᠠ ᠠᠭᠤᠯᠠ ᠵᠣ ᠪᠠᠷ ᠬᠡᠪ ᠭᠠᠷᠳᠠᠯ᠎ᠠ ᠲᠠᠮᠠᠭᠠᠯᠠᠨ ᠶᠠᠪᠤᠳᠠᠭ ᠢᠳᠡᠷᠡᠬᠦᠨ ᠬᠤᠶᠠᠷ ᠬᠥᠯ ᠤᠨ  ᠬᠢᠨᠢ ᠬᠠᠯᠠᠭᠤᠨ ᠮᠦᠷ ᠨᠢ  ᠲᠣᠷᠡᠶᠢᠨ ᠬᠠᠷᠬᠠᠳᠠᠳᠠᠭ ᠠᠴᠠ ᠮᠢᠨᠤ ᠪᠠᠯᠴᠢᠷ ᠪᠠᠭ᠎ᠠ ᠶᠢᠨ ᠤᠶᠣᠨ ᠲᠠᠷᠢᠬᠢᠨ ᠎ ᠳᠤ ᠬᠡᠵᠢᠶ᠎ᠡ ᠡᠬᠦᠷᠢᠳᠡ ᠪᠠᠯᠠᠷᠠᠰᠢ ᠦᠭᠡᠢ  ᠬᠡᠪ ᠭᠠᠷᠠᠳᠠᠯ᠎ᠠ ᠰᠡᠶᠢᠯᠤᠭ᠍ᠳᠡᠨ ᠴᠢᠯᠠᠭᠤᠵᠢᠪᠠ᠃      ᠲᠡᠶᠢᠮᠣ ᠡ︕ ᠠᠪᠤ ᠮᠢᠨᠢ ᠠᠭᠤᠯᠠ ᠲᠠᠯ᠎ᠠ ᠤᠰᠣ ᠨᠤᠳᠤᠭ ᠤᠨ ᠢᠶᠠᠨ ᠡᠷᠭᠢ ᠭᠠᠨᠭ᠍ᠭ᠎ᠠ ᠪᠤᠯᠤᠨ ᠡᠪᠳᠡᠭᠳᠡᠨ ᠰᠥᠢᠳᠬᠡᠭᠳᠡᠵᠣ ᠡᠯᠡᠰᠤᠵᠢᠭᠡᠳ ᠡᠳᠤᠷᠵᠢᠨ ᠪᠣᠳᠡᠭ ᠲᠤᠭᠤᠰᠤ  ᠲᠡᠭᠳᠡᠭᠰᠡᠨ ᠪᠤᠭᠤᠷᠤᠯ ᠨᠤᠳᠤᠭ ᠤᠨ ᠢᠶᠠᠨ ᠠᠯᠤᠰ ᠤᠨ ᠪᠠᠷ᠎ᠠ ᠶᠢ ᠪᠤᠳᠣᠯᠭᠠᠰᠢᠷᠡᠨ ᠰᠢᠷᠳᠡᠬᠦ ᠳᠤ ᠬᠤᠷᠴᠠ ᠬᠠᠷᠠᠴᠠ ᠲᠠᠢ ᠠᠯᠠᠭ ᠨᠢᠳᠣᠨ ᠳᠤ ᠨᠢ ᠡᠨᠡᠷᠢᠯ ᠬᠠᠶᠢᠷ᠎ᠠ ᠶᠢᠨ ᠲᠤᠶᠠᠭ᠎ᠠ ᠡᠷᠬᠡ ᠦᠭᠡᠢ ᠮᠠᠨᠠᠯᠵᠢᠨ᠂ ᠦᠷᠴᠢᠯᠡᠭᠡ ᠬᠤᠨᠢᠶᠠᠰᠤᠷᠡᠠᠰᠡᠨ ᠪᠤᠷᠣᠬᠠᠨ ᠴᠢᠷᠡᠢ ᠳᠤ ᠨᠢ ᠤᠴᠠᠭᠠᠷ ᠪᠦᠬᠢᠨᠢᠳᠣᠯ ᠠᠭᠤᠷ ᠬᠢᠯᠢᠩ ᠤᠨ ᠣᠴᠢ ᠦᠷᠪᠡᠰᠤᠳᠡᠭ᠃       ᠠᠪᠤ ᠬᠤᠨᠢᠨ ᠤ ᠪᠤᠭᠤᠷᠤᠯ ᠢᠶᠠᠨ ᠤᠨᠠᠴᠢᠭᠠᠳ ᠠᠯᠢᠪᠠ ᠭᠦᠨᠳᠤ ᠬᠡᠴᠡᠬᠦᠤ ᠠᠵᠢᠯ ᠢ ᠬᠤᠭᠤ ᠨᠤᠭᠤ ᠲᠠᠷᠤᠵᠣ ᠪᠡᠶᠢᠳᠠᠭ ᠬᠦᠴᠤᠳᠣ ᠬᠤᠶᠠᠷ ᠭᠠᠷ ᠲᠤ ᠪᠠᠨ ᠡᠷ᠎ᠡ ᠬᠠᠷ᠎ᠠ ᠰᠤᠷ ᠵᠢᠯᠤᠭᠤ ᠴᠤᠯᠪᠤᠭᠤᠷ ᠢ ᠨᠡᠶᠢᠯᠡᠬᠦᠯᠤᠨ ᠠᠳᠬᠤᠵᠣ ᠲᠦᠷᠤᠭᠡᠨ ᠲᠡᠭᠡᠷ᠎ᠡ ᠪᠠᠨ ᠬᠥᠯ ᠢᠶᠠᠨ ᠲᠡᠬᠦᠵᠢᠯᠡᠭᠰᠡᠨ ᠬᠦᠳᠡᠷᠯᠢᠭ ᠬᠠᠨᠭ᠍ᠬᠠᠷ ᠪᠡᠶ᠎ᠡ ᠲᠠᠢ ᠠᠪᠤ ᠮᠢᠨᠢ《 ᠰᠠᠷᠠᠭᠤᠯ ᠲᠠᠯ᠎ᠠ》᠎ ᠪᠠᠨ ᠬᠠᠨᠭ᠍ᠬᠢᠨᠠᠳᠠᠯ᠎ᠠ ᠰᠢᠷᠤᠩᠭᠤᠶᠢᠯᠠᠭᠠᠳ ᠲᠠᠰᠢᠭᠤᠷ ᠤᠨ ᠢᠳᠡᠨ ᠳᠤ ᠬᠤᠨᠢᠨ ᠤ ᠪᠤᠭᠤᠷᠤᠯ ᠢᠶᠠᠨ ᠲᠠᠪᠬᠢᠭᠤᠯᠳᠠᠭ ᠪᠢᠰᠢ᠂ ᠬᠠᠷᠢᠨ ᠬᠤᠨᠢᠨ ᠤ ᠪᠤᠭᠤᠷᠤᠯ ᠳᠤ ᠪᠠᠨ ᠡᠵᠡᠮᠳᠡᠭᠳᠡᠨ ᠲᠤᠷ᠎ᠡ ᠨᠢ ᠬᠦᠷᠪᠡᠯ ᠭᠡᠷ ᠥᠭᠡᠳᠡ ᠪᠠᠨ ᠱᠤᠡᠠᠰᠢᠴᠢᠳᠠᠭ  ᠭᠡᠳᠡᠰᠤᠨ ᠨᠢ ᠲᠤᠨᠳᠠᠷᠪᠡᠯ ᠡᠪᠡᠰᠤ ᠵᠤᠯᠭᠠᠴᠢᠳᠠᠭ᠃ ᠬᠤᠮᠤᠣᠯ ᠢᠶᠠᠨ ᠬᠦᠷᠳᠡᠯ᠎ᠡ ᠵᠤᠡᠠᠰᠤᠵᠣ ᠪᠡᠶᠢᠭᠠᠳ ᠤᠨᠠᠭᠠᠳᠠᠭ ᠴᠦ ᠠᠪᠤ ᠮᠢᠨᠢ ᠠᠭᠤᠷᠠᠯᠵᠣ ᠲᠠᠰᠢᠭᠠᠤᠷ ᠲᠠᠯᠪᠢᠳᠠᠭ ᠦᠭᠡᠢ ᠡᠵᠡᠨ ᠤ ᠪᠠᠨ ᠡᠷᠬᠡ ᠬᠤᠨᠭ᠍ᠭᠤᠷ ᠭᠥᠯᠦᠭ᠂ ᠠᠪᠤ ᠶᠢᠨ ᠮᠢᠨᠢ ᠬᠥᠯ ᠨᠢᠷᠤᠭᠤ ᠶᠢ ᠠᠮᠠᠷᠠᠭᠠᠳᠠᠭ ᠠᠴᠢᠳᠡᠨ  ᠬᠦᠳᠡᠷ ᠬᠠᠨᠭ᠍ᠬᠠᠷ ᠠᠪᠤ ᠶᠢ  ᠮᠢᠨᠢ ᠤᠨᠠᠭᠤᠯᠴᠢᠭᠠᠳ ᠲᠡᠷᠡ ᠬᠤᠯᠠ ᠶᠢᠨ ᠬᠤᠨᠢᠨ ᠤ ᠪᠡᠯᠴᠢᠭᠡᠷ ᠠᠴᠠ ᠨᠡᠬᠦᠭᠰᠡᠭᠡᠷ ᠨᠠᠭᠠᠰᠢᠯᠠᠳᠠᠭ ᠠᠪᠤ ᠶᠢᠨ ᠮᠢᠨᠢ ᠪᠠᠷ᠎ᠠ ᠮᠢᠨᠣ ᠤᠨᠠᠭᠠᠨ ᠪᠠᠭ᠎ᠠ ᠶᠢᠨ ᠤᠭᠤᠷᠤᠭ ᠲᠠᠷᠢᠬᠢᠨ ᠳᠤ  ᠰᠦᠨᠳᠡᠷᠯᠡᠭᠰᠡᠭᠡᠷ ᠡ︕      ᠠᠪᠤ  ᠮᠢᠨᠢ ᠨᠠᠷᠠ ᠵᠢᠷᠭᠠᠬᠤ ᠪᠠᠷ ᠬᠤᠨᠢ ᠪᠠᠨ ᠬᠤᠳᠠᠯᠴᠢᠭᠠᠳ ᠰᠢᠷᠮᠡᠯ ᠤᠯᠠ ᠲᠠᠢ ᠱᠠᠬᠠᠢ ᠪᠠᠨ  ᠲᠠᠶᠢᠯᠡᠨ ᠬᠠᠭᠠᠯᠭᠠᠨ ᠤ ᠠᠷᠤ ᠳᠤ ᠵᠤᠣᠵᠡᠢ ᠬᠤᠯᠪᠤᠨ ᠲᠠᠯᠪᠢᠴᠢᠭᠠᠳ  ᠬᠠᠨᠵᠡᠨ ᠲᠡᠭᠡᠷ᠎ᠡ ᠪᠠᠨ ᠭᠠᠷᠴᠤ《 ᠬᠠᠷ᠎ᠠ ᠭᠡᠷ ᠎ ᠲᠤ ᠪᠠᠨ ᠬᠠᠭᠠᠨ᠂ ᠪᠤᠷᠣ ᠭᠡᠷ ᠲᠤ ᠪᠠᠨ ᠪᠤᠡᠠᠳᠠ》 ᠪᠤᠯᠵᠣ ᠲᠦᠷᠪᠡᠯᠵᠢᠯᠡᠨ ᠵᠠᠪᠠᠯᠠᠨ ᠰᠠᠭᠤᠭᠠᠳ ᠡᠵᠢ ᠶᠢᠨ ᠠᠶᠠᠭᠠᠯᠬᠠᠰᠡᠨ ᠠᠭᠰᠢᠭᠤᠨ ᠬᠠᠷ᠎ᠠ  ᠭᠥᠬᠡ ᠴᠠᠢ ᠶᠢ ᠠᠮᠳᠠᠷᠬᠠᠨ ᠤᠭᠤᠴᠢᠯᠡᠨ ᠤᠮᠳᠠ ᠪᠠᠨ ᠲᠠᠷᠤᠵᠣ᠂ ᠭᠠᠨᠭ᠍ᠰᠠ ᠲᠠᠮᠠᠬᠢ ᠪᠠᠨ ᠲᠠᠳᠠᠵᠣ ᠠᠮᠠᠨ ᠠᠡᠠᠰᠢᠭ᠎ᠠ ᠪᠠᠨ ᠭᠠᠷᠭᠠᠵᠣ᠂ ᠦᠨᠤᠳᠣᠷ ᠤᠨ ᠦᠵᠡᠵᠣ  ᠰᠤᠨᠣᠰᠤᠡᠠᠰᠡᠨ ᠢᠶᠠᠨ ᠭᠦᠤᠷᠨᠢᠨ ᠶᠠᠮᠠᠷ ᠬᠤᠨᠢ ᠰᠠᠯᠬᠢᠨ᠋ᠠᠳᠠᠵᠤ ᠰᠠᠯᠤᠡᠠᠰᠡᠨ ᠲᠤᠬᠠᠢ᠂ ᠪᠣᠳᠠ ᠢᠷᠤᠭᠤᠷ ᠲᠤ ᠪᠢᠯᠵᠤᠣᠬᠠᠢ ᠬᠡᠳᠣ ᠦᠨᠳᠡᠭᠡᠯᠡᠭᠡᠳ ᠪᠡᠶᠢᠬᠤ ᠡᠨᠡ ᠵᠢᠯ ᠬᠤᠷ᠎ᠠ ᠪᠤᠷᠤᠭᠠᠨ ᠡᠯᠪᠡᠭ ᠰᠠᠶᠢᠨ ᠵᠢᠯ ᠪᠤᠯᠬᠤ ᠨᠢ ᠭᠡᠳ ᠪᠠᠰᠠ ᠲᠦᠷᠤ ᠬᠦᠷᠤᠨ ᠤ ᠣᠴᠢᠷ ᠲᠦᠮᠡᠨ  ᠤᠯᠠᠨ ᠤ ᠪᠡᠶᠢᠳᠡᠯ ᠢ ᠷᠠᠳᠢᠤ᠋ ᠠᠴᠠ ᠰᠤᠨᠣᠰᠤᠡᠠᠰᠡᠨ ᠢᠶᠠᠨ ᠡᠵᠢ ᠳᠤ᠂ ᠨᠢ ᠨᠤ  ᠦᠭᠡᠢ ᠶᠠᠷᠢᠵᠣ ᠦᠭᠡᠳᠡᠭ ᠬᠦᠡᠭᠬᠢᠨᠡᠮ᠎ᠡ ᠲᠤᠩᠭᠠᠯᠠᠭ ᠶᠠᠷᠢᠶ᠎ᠠ ᠬᠦᠭᠡᠷᠤᠭᠡ ᠨᠢ ᠴᠢᠬᠡᠨ ᠤ  ᠴᠢᠮᠡᠭ ᠪᠤᠯᠣᠨ ᠴᠠᠩᠭᠡᠷ  ᠣᠡᠠᠳᠠᠷᠭᠤᠢ ᠳᠤ ᠬᠠᠨᠭ᠍ᠬᠢᠨᠡᠨ ᠴᠤᠣᠷᠢᠶᠠᠯᠠᠵᠤ᠂ ᠴᠡᠴᠡᠭᠳᠣ ᠲᠠᠯ᠎ᠠ ᠳᠤ ᠪᠠᠨ ᠬᠡᠪ ᠭᠠᠷᠳᠠᠯ᠎ᠠ ᠭᠡᠰᠬᠢᠵᠤ ᠶᠠᠪᠤᠳᠠᠭ ᠮᠦᠷ ᠤᠨ ᠢᠶᠠᠨ ᠬᠠᠮᠳᠤ ᠴᠢᠮᠡᠭᠡ ᠪᠠᠷ᠎ᠠ ᠨᠢ ᠦᠭᠡᠶᠢᠯᠡᠭᠳᠡᠭᠡᠳ ᠠᠷᠪᠠᠭᠠᠳ ᠵᠢᠯ ᠴᠠᠭᠠᠨ᠎ᠠ ᠲᠠᠯᠳᠠᠷᠬᠠᠰᠡᠨ ᠪᠤᠯᠪᠴᠤ ᠬᠦᠷᠡᠩ ᠪᠤᠷᠣ ᠴᠢᠷᠡᠢ ᠳᠤ ᠪᠠᠨ ᠡᠨᠡᠷᠡᠩᠬᠦᠢ ᠵᠦᠭᠡᠯᠡᠨ ᠮᠦᠰᠢᠶᠡᠳᠤ ᠲᠤᠳᠣᠷᠠᠭᠤᠯᠤᠨ ᠢᠨᠢᠶᠡᠮᠰᠤᠭᠡᠯᠬᠦ ᠪᠦᠷᠢ ᠵᠢᠭᠳᠡ ᠴᠠᠭᠠᠨ ᠰᠢᠳᠦ ᠨᠢ ᠢᠷᠵᠢᠰᠬᠢᠵᠤ᠂ ᠮᠠᠯ ᠬᠠᠷ᠎ᠠ ᠭᠡᠵᠢᠭᠡᠨ  ᠶᠢ ᠨᠢ ᠨᠠᠰᠣᠨ ᠤ ᠬᠢᠷᠠᠭᠤ ᠪᠤᠭᠤᠷᠤᠯᠰᠢᠭᠤᠯᠵᠤ  ᠨᠤᠳᠤᠭ ᠤᠨ ᠰᠠᠯᠬᠢ ᠪᠠᠷ  ᠰᠠᠮᠨᠠᠭᠤᠯᠣᠡᠠᠰᠠᠭᠠᠷ ᠢᠷᠡᠳᠡᠭ ᠠᠪᠤ ᠶᠢᠨ ᠮᠢᠨᠢ ᠪᠠᠷ᠎ᠠ ᠤᠳᠣ ᠠᠮᠳᠠᠳᠤ ᠨᠤᠶᠢᠷᠡᠨ ᠳᠤ ᠰᠡᠪ ᠰᠡᠮᠬᠡᠨ ᠢᠷᠡᠴᠢᠭᠡᠳ᠄        ᠬᠦᠭᠡᠷᠤᠬᠦᠢ — ᠬᠥᠤ ᠮᠢᠨᠢ ᠪᠠᠰᠠ ᠨᠠᠰᠤᠨ ᠤ ᠨᠠᠮᠤᠷ ᠲᠤ ᠪᠠᠨ ᠤᠷᠣᠵᠣ ᠠᠵᠤ ᠠᠮᠢᠳᠣᠷᠡᠯ ᠳᠤ ᠪᠠᠨ ᠡᠬᠦᠷᠡᠭᠳᠡᠭᠡᠳ ᠶᠠᠳᠠᠷᠵᠣ ᠶᠠᠪᠤᠨ᠎ᠠ᠃《 ᠤᠨᠳᠠᠭ》 ᠳ᠋ᠠ《 ᠤᠨᠳᠠᠭ》 ᠪᠤᠣ ᠰᠡᠷᠭᠡᠴᠢᠭᠡᠶ᠎ᠡ ᠭᠡᠵᠣ ᠪᠤᠳᠣᠡᠠᠰᠠᠭᠠᠷ ᠲᠤᠯᠤᠭᠠᠢ ᠶᠢᠨ ᠦᠵᠤᠬᠦᠷ ᠵᠤᠡᠠᠰᠤᠴᠢᠭᠠᠳ ᠲᠡᠭᠡᠷ᠎ᠡ ᠠᠴᠠ ᠮᠢᠨᠢ ᠡᠨᠡᠷᠡᠩᠬᠦᠢ ᠵᠦᠭᠡᠯᠡᠨ ᠬᠠᠷᠠᠴᠠ ᠲᠤᠨᠤᠷᠠᠭᠤᠯᠤᠨ ᠬᠠᠶᠢᠷ᠎ᠠ ᠢᠪᠡᠯᠡᠬᠦᠯᠤᠨ ᠰᠢᠷᠳᠡᠭᠰᠡᠭᠡᠷ ᠪᠡᠶᠢᠵᠣ ᠡᠷᠬᠡ ᠦᠭᠡᠢ ᠦᠬᠡᠷ ᠤᠨ ᠬᠡᠯᠡ ᠰᠢᠭ ᠰᠢᠷᠤᠬᠦᠭᠡᠨ ᠪᠡᠶᠢᠳᠠᠭ ᠭᠠᠷ ᠤᠨ ᠠᠯᠠᠭ᠎ᠠ ᠪᠠᠷ ᠢᠶᠠᠨ ᠬᠠᠯᠴᠠᠭᠠᠶᠢᠷᠠᠵᠤ ᠪᠡᠶᠢᠭ᠎ᠠ ᠪᠤᠭᠤᠷᠤᠯ ᠦᠰᠤ ᠶᠢ ᠮᠢᠨᠢ ᠡᠩᠭᠦᠷᠡᠶᠢᠯᠡᠨ ᠢᠯᠪᠡᠵᠣ  ᠤᠰᠡᠬᠤᠷᠳᠠᠵᠣ ᠲᠠᠰᠤᠷᠬᠠᠰᠡᠨ ᠵᠤᠵᠠᠭᠠᠨ ᠤᠷᠣᠭᠤᠯ ᠢᠶᠠᠷ ᠢᠶᠠᠨ ᠬᠠᠭ ᠵᠤᠩᠬᠠᠭ ᠲᠠᠢ ᠵᠦᠭᠡᠯᠡᠨ  ᠦᠷᠪᠡᠯᠭᠡ ᠶᠢ ᠦᠨᠤᠷᠯᠡᠨ ᠦᠨᠤᠰᠴᠤ ᠪᠡᠶᠢᠳᠠᠭ ᠰᠢᠭ᠋ ᠢᠶᠠᠨ ᠬᠦᠯᠤᠰᠣ ᠲᠤᠭᠤᠰᠤ ᠨᠠᠷᠠ ᠵᠢᠪᠠᠷ ᠦᠨᠤᠷᠳᠤᠭ᠍ᠰᠡᠨ ᠬᠠᠳᠠᠭᠤᠬᠠᠨ ᠭᠡᠵᠢᠭᠡ ᠶᠢ ᠮᠢᠨᠢ ᠦᠨᠣᠷᠯᠡᠨ ᠦᠨᠤᠰᠴᠤ ᠠᠪᠤᠭᠠᠳ ᠰᠠᠯᠵᠣ ᠶᠠᠳ᠋ᠬᠠᠰᠡᠨ  ᠬᠠᠷᠠᠴᠢᠨ ᠳᠤ ᠪᠠᠨ ᠨᠢᠯᠪᠤᠰᠣ ᠵᠠᠶᠢᠷᠯᠠᠭᠤᠯᠤᠡᠠᠰᠠᠭᠠᠷ ᠡᠷᠭᠡᠨ ᠡᠷᠭᠡᠨ ᠬᠠᠷᠠᠵᠣ ᠠᠭᠠᠵᠢᠮ ᠪᠤᠯᠪᠴᠤ ᠠᠯᠳᠠ ᠲᠡᠯᠢᠮ ᠪᠠᠷ ᠬᠦᠰᠡᠷ ᠲᠤᠷᠬᠢᠭᠤᠯᠤᠨ ᠠᠯᠬᠤᠳᠠᠭ ᠬᠥᠨᠳᠤ ᠲᠤᠰᠣᠯᠳᠡ ᠲᠠᠢ ᠬᠥᠯ ᠤᠨ ᠬᠢᠨᠢ ᠴᠢᠮᠡᠭᠡ ᠶᠠᠭ ᠯᠠ ᠬᠥᠪᠤᠡᠭ ᠬᠦᠭᠡᠰᠤᠨ ᠲᠡᠭᠡᠬᠦᠷ ᠭᠡᠰᠬᠢᠯᠡᠨ ᠶᠠᠪᠤᠵᠣ ᠪᠡᠶᠢᠭ᠎ᠠ ᠰᠢᠭ ᠴᠠᠭᠠᠰᠢᠯᠠᠬᠤ ᠨᠢ ᠬᠠᠳᠠᠨ ᠭᠡᠷ ᠲᠤ ᠪᠠᠨ ᠤᠤ᠂ ᠬᠠᠨ ᠲᠡᠭᠷᠢ ᠳᠤ ᠪᠡᠨ‌‍ᠤᠤ︖ ᠪᠤᠣ ᠮᠠᠳᠡ ᠡᠬᠦᠯᠡ ᠮᠠᠨᠠᠨ ᠤ ᠲᠤᠮᠳᠠᠭᠤᠷ ᠰᠡᠪᠡᠯᠵᠢᠳᠡᠯ᠎ᠡ ᠠᠯᠬᠤᠭᠠᠳ ᠴᠠᠰᠢ ᠶᠠᠪᠤᠬᠤ ᠠᠪᠤ ᠶᠢᠨ ᠮᠢᠨᠢ ᠪᠠᠷ᠎ᠠ ᠠᠯᠤᠰ ᠲᠤ ᠪᠦᠳᠡᠭᠡᠶᠢᠷᠡᠨ ᠪᠦᠳᠡᠭᠡᠶᠢᠷᠡᠭᠰᠡᠭᠡᠷ ᠴᠠᠭᠠᠰᠢᠯᠠᠬᠤ ᠳᠤ ᠪᠢ《  ᠠᠪᠤ ᠡ︕》 ᠬᠦᠯᠢᠶᠡᠵᠤ ᠪᠠᠢ᠃《 ᠠᠪᠤ ᠡ》 ᠭᠡᠵᠤ ᠪᠠᠷᠬᠢᠷᠬᠠᠰᠠᠭᠠᠷ ᠬᠤᠶᠢᠨ᠎ᠠ ᠠᠴᠠ ᠨᠢ ᠬᠦᠶᠤᠭᠦ ᠳᠤ ᠶᠠᠭᠤ ᠨᠢᠭᠡ ᠶᠠᠭᠤᠮ᠎ᠠ ᠳᠤ ᠪᠦᠳᠤᠷᠣᠨ ᠤᠨᠠᠭᠠᠳ ᠲᠠᠬᠢᠨ ᠪᠤᠰᠬᠤ ᠳᠤ ᠠᠪᠤ ᠶᠢᠨ ᠮᠢᠨᠢ ᠪᠠᠷ᠎ᠠ ᠵᠢᠵᠢᠭᠰᠡᠭᠡᠷ ᠨᠢᠭᠡᠨ ᠭᠡᠷᠡᠯᠳᠤ ᠤᠳᠣ ᠪᠤᠯᠤᠨ ᠬᠠᠷᠪᠤᠭᠠᠳ ᠶᠠᠪᠤᠴᠢᠬᠠᠯ᠎ᠠ᠃                                             2018ᠤᠨ ᠤ6 ᠰᠠᠷ᠎ᠠ ᠶᠢᠨ2 ᠡᠳᠤᠷ         ᠨᠤᠭᠤᠭᠠᠨ ᠲᠤᠪᠤ ᠶᠢᠨ ᠪᠠᠭᠤᠴᠢᠨ ᠳᠤ ᠪᠢᠴᠢᠪᠡᠢ                                       ᠬᠠᠶ᠋ᠢᠭ᠄ ᠪᠠᠭᠠᠷᠢᠨ ᠪᠠᠷᠠᠭᠤᠨ ᠬᠤᠰᠢᠭᠠᠨ ᠤ ᠴᠠᠭᠠᠨᠠᠭᠤᠷ ᠪᠠᠯᠭᠠᠰᠤᠨ ᠤ ᠯᠦᠤᠽᠢ ᠭᠠᠴᠠᠭ᠎ᠠ᠂ ᠡᠷᠳᠡᠨᠢᠳᠤᠡᠠᠳᠠᠬᠤ                           巴林右旗查干诺尔镇  楼子嘎查。额尔敦陶格套  。13848976738                                                            
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号