ᠨᠢᠴᠦᠭᠦᠳ᠂ ᠤᠯᠠᠭᠠᠨᠪᠠᠭᠠᠨ᠎ᠠ | | ᠮᠢᠨᠤ ᠰᠠᠶᠢᠬᠠᠨ ᠬᠤᠯᠪᠤᠭᠠᠯᠵᠢ | | | — ᠨᠡᠷᠡᠲᠦ ᠢᠷᠠᠭᠤ ᠨᠠᠶᠢᠷᠠᠭᠴᠢ ᠠᠯᠲᠠᠨᠭᠠᠷᠤᠳᠢ ᠳᠤ | | ᠬᠡᠵᠢᠶ᠎ᠡ ᠴᠤ ᠪᠢᠳᠡᠬᠡᠢ ᠵᠠᠶᠢᠳᠠᠶᠠ ᠭᠡᠵᠦ | ᠠᠨᠳᠠ ᠶᠢᠨ ᠲᠠᠩᠭᠠᠷᠢᠭ ᠢᠶᠠᠨ ᠦᠯᠠᠳᠡᠭᠡᠭᠡᠳ | ᠬᠡᠯᠡ ᠲᠠᠢ ᠪᠤᠯᠤᠭᠰᠠᠨ ᠲᠡᠷᠡ ᠴᠠᠭ ᠠᠴᠠ | ᠤᠳᠤ ᠳᠤ ᠲᠤᠯᠲᠠᠯ᠎ᠠ ᠶᠠᠷᠢᠭᠳᠠᠭᠰᠠᠨ ᠭᠡᠷᠡᠴᠢ | ᠬᠤᠯᠪᠤᠭᠠᠯᠵᠢ ᠬᠤᠶᠠᠷ ᠬᠤᠸᠠ | ᠦᠷ᠎ᠡ ᠪᠠᠨ ᠦᠯᠦᠰᠴᠦ ᠤᠬᠢᠯᠠᠬᠤ ᠪᠠᠷ ᠨᠢ | ᠦᠷ ᠰᠦᠨᠢ ᠶᠢᠨ ᠴᠢᠮᠬᠢᠭᠦᠨ ᠳᠤ ᠨᠦᠮᠦᠭᠡᠯᠡᠵᠦ | ᠦᠮᠦᠯᠵᠡᠭᠰᠡᠨ ᠤᠷᠤᠭᠤᠯ ᠳᠤ ᠨᠢ ᠨᠠᠭᠠᠯᠳᠤᠭᠤᠯᠤᠭᠰᠠᠨ | ᠡᠨᠡᠷᠢᠯᠳᠦ ᠡᠬᠡ ᠶᠢᠨ ᠬᠠᠯᠠᠭᠤᠨ ᠬᠦᠬᠦ | ᠬᠤᠯᠪᠤᠭᠠᠯᠵᠢ ᠬᠤᠶᠠᠷ ᠬᠤᠸᠠ | | ᠨᠠᠷᠠᠨ ᠤ ᠴᠡᠩᠬᠡᠷ ᠲᠤᠭᠤᠰᠤᠨ ᠳᠤ ᠠᠯᠳᠠᠷᠠᠨ | ᠲᠡᠷᠭᠡᠳᠡ ᠠᠴᠠ ᠲᠡᠩᠳᠡᠭᠦᠦ ᠬᠤᠯᠠᠳᠠᠭᠤᠵᠠᠢ ᠬᠡᠮᠡᠨ | ᠢᠯᠪᠢᠬᠦ ᠲᠤᠯᠠᠭᠠᠨ ᠭᠡᠷᠡᠯ ᠢᠶᠠᠷ ᠢᠶᠠᠨ ᠡᠩᠬᠦᠷᠡᠶᠢᠯᠡᠵᠦ | ᠦᠨᠳᠡᠶᠢᠨ ᠲᠦᠰᠢᠯᠴᠡᠭᠰᠡᠨ ᠬᠠᠯᠠᠭᠤᠨ ᠡᠯᠢᠭᠡᠨ | ᠬᠤᠯᠪᠤᠭᠠᠯᠵᠢ ᠬᠤᠶᠠᠷ ᠬᠤᠸᠠ | | | ᠮᠤᠯᠤᠷ ᠡᠷᠳᠡᠨᠢ ᠶᠢᠨ ᠲᠤᠪᠴᠢᠶᠠᠨ ᠰᠡᠬᠦᠬᠦ ᠳᠤ | ᠠᠳᠤᠭᠤᠳ ᠤᠨ ᠲᠦᠪᠡᠷᠭᠡᠨ ᠰᠡᠮᠬᠡᠨ ᠠᠨᠢᠷᠯᠠᠵᠦ | ᠮᠦᠷᠦᠭᠡᠳᠦᠯ ᠢᠶᠠᠷ ᠡᠩᠰᠡᠷᠡᠭᠰᠡᠨ ᠪᠤᠳᠤᠯ ᠤᠨ ᠬᠠᠷᠠᠴᠠᠨ ᠳᠤ | ᠡᠮᠡᠭᠡᠯ ᠤᠨ ᠪᠦᠭᠦᠷᠭᠡ ᠰᠢᠭ ᠬᠠᠷᠠᠭᠳᠠᠭᠰᠠᠨ ᠭᠠᠶᠢᠬᠠᠮᠰᠢᠭ | ᠬᠤᠯᠪᠤᠭᠠᠯᠵᠢ ᠬᠤᠶᠠᠷ ᠬᠤᠸᠠ | ᠠᠯᠲᠠᠨ ᠭᠠᠷᠤᠳᠢ ᠶᠢᠨ ᠵᠤᠯᠵᠠᠭ᠎ᠠ ᠪᠠᠨ ᠲᠠᠭᠤᠯᠠᠬᠤ ᠳᠤ | ᠠᠪᠤ ᠶᠢᠨ ᠨᠤᠳᠤᠭ ᠠᠯᠤᠰ ᠠᠴᠠ ᠰᠠᠨᠠᠭᠳᠠᠵᠦ | ᠠᠭᠠᠷ ᠲᠤ ᠨᠤᠮᠤᠳᠠᠭᠰᠠᠨ ᠰᠤᠯᠤᠩᠭᠠᠨ ᠬᠡ ᠲᠠᠢ ᠪᠠᠨ | ᠬᠠᠪᠤᠷ ᠤᠨ ᠨᠤᠭᠤᠭ᠎ᠠ ᠡᠭᠡᠪᠦᠷ ᠲᠤ ᠨᠢ ᠴᠤᠬᠤᠶᠢᠭᠰᠠᠨ | ᠬᠤᠯᠪᠤᠭᠠᠯᠵᠢ ᠬᠤᠶᠠᠷ ᠬᠤᠸᠠ | ᠬᠤᠯᠠ ᠠᠴᠠ ᠬᠠᠷᠠᠬᠤ ᠳᠤ ᠰᠢᠷᠭᠠᠯᠬᠠᠨ ᠡᠳᠦᠷ ᠢᠶᠠᠷ | ᠬᠤᠨᠢᠨ ᠤ ᠠᠪᠤ ᠲᠡᠳᠡ ᠬᠦᠬᠦᠷ ᠢᠶᠠᠨ ᠰᠤᠯᠢᠯᠴᠠᠭᠠᠳ | ᠠᠯᠳᠠ ᠪᠠᠷ ᠦᠩᠭᠡᠯᠡᠭᠰᠡᠨ ᠨᠠᠮᠤᠷ ᠤᠨ ᠵᠢᠷᠤᠭ ᠲᠤ | ᠬᠠᠭᠤᠴᠢ ᠬᠦᠭᠡᠷᠦᠭᠡ ᠲᠠᠢ ᠪᠠᠨ ᠰᠢᠩᠭᠡᠭᠰᠡᠨ ᠲᠤᠮᠤᠭ | ᠬᠤᠯᠪᠤᠭᠠᠯᠵᠢ ᠬᠤᠶᠠᠷ ᠬᠤᠸᠠ | ᠨᠤᠳᠤᠭ ᠤᠨ ᠰᠢᠷᠤᠢ ᠶᠢ ᠷᠠᠰᠢᠶᠠᠯᠠᠨ ᠤᠮᠳᠠᠯᠠᠭᠰᠠᠨ | ᠰᠢᠷ᠎ᠠ ᠴᠠᠭᠠᠨ ᠤᠭᠤᠷᠠᠭ ᠮᠦᠷᠠᠨ ᠢ | ᠰᠡᠳᠬᠢᠯ ᠤᠨ ᠭᠦᠨ ᠠᠴᠠ ᠪᠠᠨ ᠮᠦᠩᠬᠡᠳᠡ ᠢᠪᠢᠯᠭᠡᠭᠰᠡᠨ | ᠪᠠᠷ᠎ᠠ ᠨᠢ ᠲᠤᠳᠤᠨᠤ ᠵᠢᠷᠦᠬᠡᠨ ᠤ ᠰᠦᠯᠳᠡ | ᠬᠤᠯᠪᠤᠭᠠᠯᠵᠢ ᠬᠤᠶᠠᠷ ᠬᠤᠸᠠ | ᠬᠠᠭᠠᠴᠠᠵᠦ ᠪᠤᠯᠬᠤ ᠦᠭᠡᠢ ᠴᠡᠭᠡᠷ ᠢ ᠲᠠᠨᠢᠭᠤᠯᠵᠤ | ᠬᠠᠨᠢᠰᠴᠦ ᠶᠠᠪᠤᠬᠤ ᠶᠢᠨ ᠰᠢᠳᠢ ᠶᠢ ᠤᠬᠠᠭᠠᠷᠠᠭᠤᠯᠵᠤ | | ᠬᠠᠶᠢᠷᠠᠯᠠᠵᠤ ᠪᠦᠯᠬᠦᠮᠳᠡᠬᠦ ᠶᠢᠨ ᠬᠦᠴᠤ ᠶᠢ ᠵᠢᠭᠠᠵᠤ | ᠬᠦᠰᠢᠶ᠎ᠡ ᠪᠤᠯᠤᠨ ᠮᠦᠩᠬᠡᠷᠡᠵᠦ ᠬᠠᠷᠠᠭᠳᠠᠳᠠᠭ ᠨᠢ ᠯᠡ | ᠮᠢᠨᠤ ᠰᠠᠶᠢᠬᠠᠨ ᠬᠤᠯᠪᠤᠭᠠᠯᠵᠢ︕ | | |