| — ᠠᠯᠳᠠ ᠮᠦᠩᠭᠦᠨ ᠤ ᠪᠠᠷᠢᠯᠳᠤᠯᠭ᠎ᠠ ᠭᠡᠵᠦ | ᠠᠮᠠᠯᠠᠵᠦ ᠲᠤᠭᠳᠠᠭᠰᠠᠨ ᠰᠦᠢ ᠤᠤ ᠳ᠋ᠠ | ᠠᠯᠠᠭ ᠲᠡᠯᠡᠬᠡᠢ ᠨᠢ ᠪᠦᠮᠪᠦᠷᠢᠳᠡᠭ ᠯᠡ ᠪᠤᠯ | ᠠᠯᠳᠠᠵᠦ ᠪᠤᠯᠬᠤ ᠦᠭᠡᠢ ᠲᠠᠩᠭᠠᠷᠢᠭ ᠰᠢᠤ | | ᠰᠢᠪᠠᠭᠤ ᠬᠦᠮᠦᠨ ᠬᠤᠶᠠᠷ ᠢᠵᠢᠯᠢᠰᠢᠨ ᠨᠤᠳᠤᠭᠰᠢᠵᠦ | ᠦᠨᠳᠡᠭᠡ ᠪᠠᠷ ᠢᠶᠠᠨ ᠲᠤᠭᠲᠠᠭᠰᠠᠨ ᠲᠠᠩᠭᠠᠷᠢᠭ | ᠰᠦᠢ ᠶᠢᠨ ᠲᠠᠯ᠎ᠠ | ᠰᠠᠯᠬᠢ ᠤᠰᠤ ᠬᠤᠶᠠᠷ ᠠᠳᠠᠯᠢᠬᠠᠨ ᠰᠡᠩᠬᠢᠨᠡᠵᠦ | ᠦᠨᠦᠷ ᠢᠶᠠᠷ ᠢᠶᠠᠨ ᠨᠠᠷᠡᠯᠡᠭᠳᠡᠭᠰᠡᠨ ᠰᠦ | ᠰᠦᠢ ᠶᠢᠨ ᠲᠠᠯ᠎ᠠ | ᠭᠡᠷ ᠪᠠᠶᠢᠭᠠᠯᠢ ᠬᠤᠶᠠᠷ ᠨᠦᠮᠦᠷᠢᠯᠡᠨ ᠪᠠᠶᠢᠷᠢᠯᠠᠵᠦ | ᠬᠠᠶᠢᠷ᠎ᠠ ᠪᠠᠷ ᠢᠶᠠᠨ ᠬᠤᠯᠪᠤᠭᠳᠠᠭᠰᠠᠨ ᠲᠦᠪ | ᠰᠦᠢ ᠶᠢᠨ ᠲᠠᠯ᠎ᠠ | ᠨᠠᠷᠠ ᠰᠠᠷ᠎ᠠ ᠬᠤᠶᠠᠷ ᠡᠭᠡᠯᠵᠢᠯᠡᠨ ᠬᠤᠷᠭᠤᠳᠠᠵᠦ | | ᠨᠤᠳᠤᠭ ᠭᠡᠵᠦ ᠤᠷᠤᠩᠨᠠᠭᠰᠠᠨ ᠴᠡᠭ | ᠰᠦᠢ ᠶᠢᠨ ᠲᠠᠯ᠎ᠠ | ᠨᠠᠰᠤ ᠪᠡᠶ᠎ᠡ ᠬᠤᠶᠠᠷ ᠲᠡᠩᠴᠡᠭᠦᠬᠡᠨ ᠵᠢᠷᠭᠠᠵᠦ | ᠵᠠᠶᠠᠭ᠎ᠠ ᠪᠠᠷ ᠢᠶᠠᠨ ᠵᠤᠯᠭᠠᠭᠰᠠᠨ ᠤᠴᠠᠷᠠᠯ | ᠰᠦᠢ ᠶᠢᠨ ᠲᠠᠯ᠎ᠠ | ᠮᠤᠷᠢ ᠨᠤᠬᠠᠢ ᠬᠤᠶᠠᠷ ᠵᠢᠷᠦᠮᠳᠡᠶᠢᠬᠡᠨ ᠡᠭᠡᠨᠡᠭᠰᠢᠵᠦ | ᠡᠪ ᠢᠶᠠᠷ ᠢᠶᠠᠨ ᠤᠯᠤᠯᠴᠠᠭᠰᠠᠨ ᠬᠠᠨᠢ | ᠰᠦᠢ ᠶᠢᠨ ᠲᠠᠯ᠎ᠠ | ᠤᠳᠤ ᠱᠠᠭ᠎ᠠ ᠬᠤᠶᠠᠷ ᠢ ᠠᠳᠡᠭᠦᠷᠡᠨ ᠲᠤᠭᠯᠠᠵᠦ | ᠠᠯᠠᠭᠠᠨ ᠳᠠᠭᠠᠨ ᠪᠠᠭᠲᠠᠭᠠᠭᠰᠠᠨ ᠨᠠᠭᠠᠳᠤᠮ | ᠰᠦᠢ ᠶᠢᠨ ᠲᠠᠯ᠎ᠠ | ᠬᠦᠰᠡᠯ ᠰᠤᠯᠤᠩᠭ᠎ᠠ ᠬᠤᠶᠠᠷ ᠲᠤ ᠲᠠᠲᠠᠭᠳᠠᠨ ᠲᠤᠨᠢᠷᠬᠠᠵᠦ | ᠬᠤᠷᠤᠭᠤᠨ ᠳᠠᠭᠠᠨ ᠰᠢᠩᠭᠡᠭᠡᠭᠰᠡᠨ ᠬᠡᠤᠬᠡᠳ ᠤᠨ ᠪᠠᠭ᠋ᠠᠷᠬᠠᠯ | ᠰᠦᠢ ᠶᠢᠨ ᠲᠠᠯ᠎ᠠ | ᠡᠪᠡᠰᠦ ᠮᠤᠳᠤ ᠴᠡᠴᠡᠭ ᠴᠢᠯᠠᠭᠤ ᠨᠢ ᠨᠢᠭᠤᠴᠠ ᠬᠡᠮᠨᠡᠯ ᠪᠠᠶᠢᠷᠢ | ᠠᠷᠢᠶᠠᠲᠠᠨ ᠠᠮᠢᠲᠠᠨ ᠬᠦᠮᠦᠨ ᠮᠠᠯ ᠨᠢ ᠢᠯᠡ ᠲᠤᠭᠲᠠᠯᠴᠠᠭ᠎ᠠ ᠤᠨᠤᠯ | ᠰᠦᠢ ᠶᠢᠨ ᠲᠠᠯ᠎ᠠ | ᠡᠰ ᠨᠡᠬᠡᠳᠡᠰᠦ ᠡᠷᠬᠡᠳᠡᠨ ᠰᠦᠨᠡᠰᠦᠨ ᠤ ᠰᠤᠷᠢᠨᠵᠢᠨ ᠤᠷᠤᠨ | ᠡᠷᠭᠢᠨ ᠰᠢᠨᠡᠳᠦᠵᠦ ᠦᠨᠢ ᠲᠡᠯᠭᠡᠷᠡᠬᠦ ᠬᠠᠶᠢᠷ᠎ᠠ ᠶᠢᠨ ᠦᠨᠳᠦᠰᠦ | ᠠᠯᠳᠠ ᠮᠦᠩᠭᠦᠨ ᠰᠦᠢ ᠶᠢᠨ ᠲᠠᠯ᠎ᠠ ᠡ︕ | | * ᠰᠢᠷ᠎ᠠ ᠴᠠᠭᠠᠨ ᠤᠭᠤᠷᠠᠭ ᠮᠦᠷᠡᠨ— ᠮᠢᠨᠤ ᠨᠤᠳᠤᠭ ᠤᠨ ᠴᠠᠭᠠᠨ ᠮᠦᠷᠡᠨ᠂ ᠰᠢᠷ᠎ᠠ ᠮᠦᠷᠡᠨ ᠢ ᠵᠢᠭᠠᠵᠦ ᠪᠤᠢ | ᠂᠂ | | ᠵᠤᠬᠢᠶᠠᠭᠴᠢ ᠶᠢᠨ ᠬᠠᠶ᠋ᠢᠭ ᠄ | ᠬᠦᠬᠡᠬᠤᠳᠡ ᠶᠢᠨ ᠰᠠᠶᠢᠬᠠᠨ ᠲᠤᠭᠤᠷᠢᠭ | ᠤᠳᠠᠰᠤ᠄15848377751 | | |