ᠴᠦᠨ ᠴᠢᠦ ᠶᠢᠨ  ᠰᠡᠭᠦᠯᠴᠢ ᠶᠢᠨ  ᠦᠶ᠎ᠡ᠂  ᠪᠠᠶᠢᠯᠳᠤᠭᠠᠳᠤ ᠤᠯᠤᠰ ᠤᠨ  ᠡᠬᠢᠨ  ᠤ ᠦᠶ᠎ᠡ ᠶᠢᠨ  ᠰᠢᠷ᠎ᠠ ᠦᠨᠳᠤᠷ ᠤᠨ  ᠡᠷᠳᠡᠨ  ᠬᠦᠮᠦᠨ  ᠰᠦᠷᠦᠭ  ︵ᠨᠢᠭᠡ︶
ᠨᠡᠶᠢᠲᠡᠯᠡᠭᠰᠡᠨ ᠴᠠᠭ᠄
2020-08-11
       ᠰᠢᠷ᠎ᠠ ᠦᠨᠳᠤᠷ  ︵ᠤᠳᠤᠬᠠᠨ   ᠳᠤ ᠵᠢᠩ  ᠭᠧᠦ ᠽᠢ  ︶ ᠡᠷᠳᠡᠨ   ᠤ ᠬᠦᠮᠦᠨ   ᠤ ᠰᠦᠷᠦᠭ ᠨᠢ ᠴᠦᠨ ᠴᠢᠦ   ᠶᠢᠨ  ᠰᠡᠭᠦᠯᠴᠢ ᠶᠢᠨ  ᠦᠶ᠎ᠡ ᠪᠠᠶᠢᠯᠳᠤᠭᠠᠨᠳᠤ ᠤᠯᠤᠰ ᠤᠨ  ᠡᠬᠢᠨ   ᠦᠶ᠎ᠡ ᠶᠢᠨ  ︵550BC---300BC) ᠢᠵᠠᠭᠤᠷ ᠤᠩᠭᠤᠨ ᠤ  ᠰᠦᠷᠦᠭ   ᠨᠢ ᠰᠢᠨ ᠴᠧᠩᠽᠢ ᠪᠠᠯᠭᠠᠰᠤᠨ ᠤ  ᠤᠪᠤᠭᠠᠳᠤ ᠲᠤᠰᠬᠤᠨ ᠤ  ᠲᠤᠤᠷ᠎ᠠ  ᠬᠠᠷᠢᠶᠠᠯᠠᠭᠳᠠᠬᠤ  ᠵᠢᠩ  ᠭᠧᠦ ᠽᠢ  ᠪᠠᠶᠢᠭᠠᠯᠢᠭ ᠲᠤᠰᠬᠤᠨ   ᠤ ᠳ᠋ᠠ ᠬᠤᠸᠠᠩ ᠱᠠᠨ  ︵ᠰᠢᠷ᠎ᠠ ᠦᠨᠳᠤᠷ︶ ᠤᠨ  ᠨᠠᠷᠠᠨ ᠡᠭᠡᠪᠦᠷ ᠲᠠᠯ᠎ᠠ ᠶᠢᠨ  ᠰᠢᠷ᠎ᠠ ᠰᠢᠷᠦᠢ ᠶᠢᠨ  ᠬᠢᠷ᠎ᠠ ᠲᠡᠭᠡᠷ᠎ᠡ  ᠤᠷᠤᠰᠢᠨ᠎ᠠ᠃  ᠪᠠᠷᠠᠭᠤᠨ ᠬᠤᠶᠢᠰᠢ ᠪᠠᠨ  ᠯᠢᠨᠰᠢ ᠰᠢᠶᠠᠨ ᠤ ᠠᠷᠠᠳ ᠤᠨ  ᠵᠠᠰᠠᠭ ᠤᠨ  ᠤᠷᠳᠤᠨ ᠤ   ᠰᠠᠭᠤᠭ᠎ᠠ ᠭᠠᠵᠠᠷ ᠠᠴᠠ 40 ᠺᠢᠯᠤᠮᠧᠲᠷ ᠵᠠᠶᠢᠳᠠᠢ᠂  ᠡᠮᠦᠨᠡᠰᠢ  ᠰᠢᠨ ᠴᠧᠩᠽᠢ  ᠪᠠᠯᠭᠠᠰᠤᠨ ᠤ  ᠰᠠᠭᠤᠭ᠎ᠠ ᠭᠠᠵᠠᠷ  ᠱᠤᠸᠠᠩ ᠵᠢᠩ ᠳ᠋ᠢᠶᠠᠨ  ᠠᠴᠠ 7 ᠺᠢᠯᠤᠮᠧᠲᠷ  ᠵᠠᠶᠢᠳᠠᠢ  ᠃ ᠤᠩᠭᠤᠨ   ᠨᠢ ᠵᠡᠭᠦᠨ ᠪᠠᠷᠠᠭᠤᠨ ᠬᠤᠶᠠᠷ ᠲᠤᠭᠤᠷᠢᠭ ᠬᠤᠪᠢᠶᠠᠭᠳᠠᠵᠤ  ᠵᠠᠭᠤᠨ ᠢᠯᠡᠭᠦᠦ  ᠬᠠᠭᠤᠴᠢᠳ ᠢ  ᠪᠠᠭᠳᠠᠭᠠᠵᠠᠢ᠃  ᠡᠭᠦᠨ ᠳᠤ ᠪᠠᠷᠠᠭᠤᠨ ᠲᠤᠭᠤᠷᠢᠭ ᠠᠴᠠ   ᠨᠢ 58 ᠬᠠᠭᠤᠴᠢᠳ  ᠂ 9 ᠦᠨᠡᠰᠤᠨ ᠨᠦᠭᠡ᠂  1 ᠭᠡᠷ ᠤᠨ  ᠰᠠᠭᠤᠷᠢ ᠢᠯᠡᠷᠡᠭᠦᠯᠵᠠᠢ᠃  ᠪᠤᠰᠤᠳ ᠨᠢ ᠵᠡᠭᠦᠨ ᠲᠤᠭᠤᠷᠢᠭ ᠲᠤ ᠬᠠᠷᠢᠶᠠᠯᠠᠭᠳᠠᠵᠤ  ᠂ ᠬᠠᠭᠤᠴᠢᠳ ᠤᠨ  ᠤᠯᠠᠩᠬᠢ ᠨᠢ  ᠰᠢᠷᠦᠢ ᠶᠢᠨ  ᠨᠦᠭᠡᠨ ᠳᠤ ᠠᠪᠰᠠ ᠦᠭᠡᠢ ᠰᠤᠯᠠ ᠤᠷᠤᠰᠢᠭᠤᠯᠤᠭᠰᠠᠨ ᠬᠡᠭᠦᠷ  ᠢᠵᠠᠭᠤᠷ ᠮᠦᠨ᠃  ᠪᠤᠳᠠᠳᠠᠢ ᠬᠡᠮᠵᠢᠯᠳᠠ ᠪᠠᠷ  ᠲᠠᠮᠵᠢᠨ  ᠪᠦᠬᠦᠶᠢᠯᠡ  ᠦᠯᠡᠳᠡᠭᠳᠡᠯ   ᠨᠢ ᠵᠡᠭᠦᠨ ᠠᠴᠠ  ᠪᠠᠷᠠᠭᠤᠨᠰᠢ 240 ᠮᠧᠲᠷ  ᠂ ᠡᠮᠦᠨ᠎ᠡ ᠠᠴᠠ ᠤᠮᠠᠷᠠᠰᠢ 100—120 ᠮᠧᠲᠷ  ᠂   ᠪᠦᠬᠦᠶᠢᠯᠡ ᠲᠠᠯᠠᠪᠠᠢ ᠨᠢ 26000 ᠲᠦᠷᠪᠡᠯᠵᠢᠨ  ᠮᠧᠲᠷ  ᠃ 1998 ᠤᠨ ᠳᠤ  ᠯᠢᠨᠰᠢ ᠰᠢᠶᠠᠨ   ᠤ ᠰᠤᠶᠤᠯ ᠤᠨ  ᠪᠤᠳᠠᠰ ᠤᠨ  ᠬᠠᠮᠢᠶᠠᠷᠤᠯᠳᠠ ᠶᠢᠨ  ᠰᠠᠯᠪᠤᠷᠢ ᠶᠢᠨ  ᠲᠠᠷᠤᠭ᠎ᠠ ᠸᠠᠩ ᠭᠠᠩ  ᠵᠤᠬᠢᠶᠠᠯ  ᠨᠡᠶᠢᠳᠡᠯᠡᠵᠦ  ᠲᠤᠰ  ᠬᠡᠰᠡᠭ ᠤᠷᠤᠨ   ᠢ  ᠰᠢᠶᠠ ᠵᠢᠶᠠ  ᠳ᠋ᠢᠶᠠᠨ ᠤ  ᠲᠡᠭᠡᠳᠦ ᠲᠠᠪᠬᠤᠷᠠᠭ᠎ᠠ ᠶᠢᠨ  ᠰᠤᠶᠤᠯ ᠤᠨ  ᠬᠡᠯᠪᠡᠷᠢ  ᠭᠡᠵᠦ ᠨᠤᠳᠠᠯᠠᠵᠠᠢ᠃  ᠪᠠᠷᠠᠭᠤᠨ  ᠲᠤᠭᠤᠷᠢᠭ ᠠᠴᠠ  ᠢᠯᠡᠷᠡᠭᠦᠯᠦᠭᠰᠡᠨ 58 ᠬᠠᠭᠤᠴᠢᠳ  ᠲᠦᠷᠦᠯ ᠵᠦᠢᠯ ᠳᠤ  ᠱᠠᠭᠠᠵᠠᠩ ᠪᠠᠭᠠᠵᠢ᠂  ᠬᠦᠷᠡᠯ  ᠪᠠᠭᠠᠵᠢ᠂  ᠶᠠᠰᠤᠨ ᠡᠪᠡᠷ ᠤᠨ  ᠪᠠᠭᠠᠵᠢ᠂   ᠬᠠᠰ ᠭᠡᠷᠡᠭᠰᠡᠯ  ᠵᠢᠴᠢ ᠬᠢᠰᠤᠭ᠎ᠠ ᠶᠢᠨ ᠶᠠᠰᠤᠨ ᠪᠠᠭᠠᠵᠢ ᠵᠡᠷᠭᠡ  ᠨᠡᠶᠢᠳᠡ 2083 ᠵᠦᠢᠯ ᠢᠯᠡᠷᠡᠵᠠᠢ  ᠃ ᠡᠷᠳᠡᠨ ᠤ   ᠬᠢ ᠬᠠᠶᠢᠨ ᠰᠢᠨᠵᠢᠯᠡᠬᠦ ᠤᠬᠠᠭᠠᠨᠳᠠᠳ ᠤᠨ  ᠵᠠᠳᠠᠯᠤᠭᠰᠠᠨ ᠢ  ᠦᠨᠳᠤᠰᠤᠯᠡᠵᠦ  ᠂ ᠵᠢᠩ ᠭᠧᠦ ᠽᠢ  ᠪᠠᠷᠠᠭᠤᠨ ᠲᠤᠭᠤᠷᠢᠭ ᠤᠨ  ᠤᠩᠭᠤᠨ   ᠪᠠᠷ ᠲᠦᠯᠦᠭᠡᠯᠡᠭᠦᠯᠦᠭᠰᠡᠨ  ᠦᠯᠡᠳᠡᠭᠳᠡᠯ   ᠢ   ᠲᠦᠷ  ︽ᠵᠢᠩ ᠭᠧᠦ ᠽᠢ  ᠲᠦᠷᠦᠯ ᠵᠦᠢᠯ  ︾   ᠤᠨ  ᠰᠤᠶᠤᠯ  ᠭᠡᠵᠦ ᠲᠤᠭᠳᠠᠭᠠᠵᠠᠢ᠃        ᠠᠳᠡ  ᠯᠢᠨᠰᠢ ᠰᠢᠶᠠᠨ ᠤ   ᠪᠤᠳᠠᠰ ᠤᠨ ᠰᠤᠶᠤᠯ ᠤᠨ  ᠰᠠᠯᠪᠤᠷᠢ ᠶᠢᠨ  ᠲᠠᠷᠤᠭ᠎ᠠ  ᠸᠠᠩ ᠭᠠᠩ ᠨᠦᠭᠦᠷ  ᠤᠨ  ᠲᠠᠨᠢᠯᠴᠠᠭᠤᠯᠭ᠎ᠠ ᠶᠢ ᠦᠨᠳᠤᠰᠤᠯᠡᠵᠦ  ᠵᠢᠩ ᠭᠧᠦ ᠽᠢ  ᠡᠷᠳᠡᠨ ᠤ ᠬᠦᠮᠦᠨ ᠲᠦᠷᠦᠯᠬᠢᠳᠡᠨ ᠤ  ᠤᠩᠭᠤᠨ ᠤ ᠰᠦᠷᠦᠭ ᠢ  ᠤᠨᠴᠠᠯᠢᠭ  ᠂ ᠠᠵᠤ ᠠᠬᠤᠢ ᠶᠢᠨ  ᠬᠡᠯᠪᠡᠷᠢ᠂  ᠦᠨᠳᠤᠰᠤ ᠤᠭᠰᠠᠭ᠎ᠠ  ᠂  ᠤᠩᠭᠤᠯᠠᠭᠰᠠᠨ ᠪᠠᠶᠢᠳᠠᠯ   ᠤᠨ   ᠲᠤᠤᠷᠠᠬᠢ ᠮᠡᠳᠦ ᠲᠡᠮᠳᠡᠭᠯᠡᠶ᠎ᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号