ᠤᠷᠢᠬᠠᠨ ᠰᠠᠯᠬᠢᠨ ᠢᠯᠪᠢᠬᠦᠶ᠎ᠡ
ᠨᠡᠶᠢᠲᠡᠯᠡᠭᠰᠡᠨ ᠴᠠᠭ᠄
2020-07-09
 ᠤᠷᠢᠬᠠᠨ ᠰᠠᠯᠬᠢᠨ ᠢᠯᠪᠢᠬᠦᠶ᠎ᠡ                            ᠪᠣᠷᠵᠢᠭᠢᠨ ᠰᠠᠴᠤᠷᠠᠯ ᠠᠷᠣ ᠶᠢᠨ ᠦᠨᠳᠦᠷ ᠠᠭᠤᠯᠠᠰ ᠨᠡᠬᠡᠢ ᠶᠢᠨ ᠡᠩᠭᠡᠷ ᠢᠶᠠᠨ ᠵᠠᠳᠠᠭᠠᠶᠢᠯᠠᠭᠠᠳ ᠠᠮᠰᠠᠬᠤ ᠲᠠᠷᠠᠰᠤᠨ ᠳᠤ ᠪᠠᠨ ᠵᠢᠷᠭᠠᠵᠦ ᠰᠠᠭᠤᠭ᠎ᠠ ᠡᠪᠦᠭᠡᠳ ᠮᠢᠨᠢ ᠰᠢᠭ ᠵᠤᠯᠪᠣᠭ᠎ᠠ ᠲᠠᠢ ᠠᠯᠢᠶ᠎ᠡ ᠬᠤᠩᠭᠤᠷ ᠵᠡᠷᠭᠡᠯᠭᠡᠨ ᠠᠯᠴᠢᠭᠤᠷ ᠰᠠᠵᠢᠨ ᠲᠡᠪᠬᠡᠷᠦᠭᠡᠳ ᠠᠳᠠᠷ ᠬᠦᠨᠲᠡᠢ ᠰᠡᠶᠢᠭᠡᠭᠦᠯᠦᠭᠰᠡᠨ ᠠᠳᠤᠭᠤᠨ ᠲᠡᠯ ᠰᠢᠭ ᠵᠢᠪᠬᠤᠭᠠᠳᠠᠢ ᠴᠠᠬᠢᠯᠳᠠᠭ ᠬᠦᠪᠦᠷᠡᠭᠰᠡᠨ ᠲᠡᠯᠡᠬᠡᠢ ᠴᠠᠭᠠᠨ᠎ᠠ ᠪᠠᠨ ᠨᠢᠭᠡ ᠯᠡ ᠲᠤᠨᠢᠶᠡᠷᠬᠠᠭᠠᠳ ᠴᠠᠢ ᠪᠠᠨ ᠴᠢᠨᠠᠭᠠᠳ ᠴᠢᠷᠠᠢ ᠪᠠᠨ ᠦᠭᠲᠡᠭ ᠠᠶᠢᠯ ᠤᠨ ᠪᠡᠷᠢ ᠰᠢᠭ ᠡᠭᠡᠯᠢᠲᠡᠢ ᠴᠡᠷᠪᠡᠬᠦ ᠰᠢᠪᠠᠭᠤᠳ ᠤᠨ ᠬᠦᠩᠭᠡᠨ ᠲᠡᠯᠢ ᠳᠤ ᠬᠤᠷ᠎ᠠ ᠶᠢᠨ ᠰᠤᠷᠠᠭ ᠠᠨᠢᠷᠳᠤᠭᠠᠳ ᠴᠡᠯᠡᠯᠵᠡᠬᠦ ᠣᠰᠤᠨ ᠤ ᠲᠣᠩᠭᠠᠯᠠᠭ ᠮᠡᠯᠮᠡᠢ ᠬᠠᠶᠢᠷ᠎ᠠ ᠶᠢᠨ ᠬᠠᠷᠠᠴᠠ ᠰᠢᠭ᠋ ᠠᠶᠠᠳᠠᠢ ᠲᠤᠭᠤᠨᠤ ᠪᠠᠷ ᠰᠤᠪᠣᠷᠠᠬᠤ ᠠᠷᠭᠠᠯ ᠤᠨ ᠤᠲᠤᠭ᠎ᠠ ᠴᠡᠩᠬᠡᠷ ᠬᠠᠳᠠᠭ ᠰᠢᠭ᠋ ᠮᠢᠷᠠᠯᠵᠠᠭᠠᠳ ᠲᠤᠭᠤᠯ ᠤᠨ ᠨᠢᠳᠦ ᠰᠢᠭ ᠤᠯᠠᠷᠢᠯ ᠤᠨ ᠲᠦᠯᠭᠡᠨ ᠳᠤ ᠬᠦᠬᠡ ᠢᠷᠭᠤᠢ ᠲᠤᠬᠢᠯᠵᠠᠨ᠎ᠠ ᠲᠤᠷᠭᠠᠨ ᠤᠲᠠᠰᠤ ᠰᠢᠭ᠋ ᠨᠠᠷᠠᠨ ᠤ ᠭᠡᠷᠡᠯ ᠢ ᠰᠢᠷᠬᠡᠭ ᠰᠢᠷᠬᠡᠭ ᠢᠶᠠᠷ ᠰᠦᠪᠡᠯᠡᠭᠡᠳ ᠲᠤᠭᠤᠰᠤ ᠶᠢ ᠨᠢ ᠠᠷᠢᠭᠤᠯᠵᠦ ᠲᠠᠯ᠎ᠠ ᠶᠢᠨ ᠲᠡᠨᠵᠢ ᠪᠠᠷ ᠲᠠᠩᠰᠤᠭ ᠵᠢᠷᠤᠭ ᠣᠷᠠᠯᠠᠨ᠎ᠠ ᠣᠰᠤ ᠭᠦᠶᠦᠭᠰᠡᠨ ᠣᠳᠠᠨ ᠤ ᠮᠦᠴᠢᠷ ᠰᠠᠯᠬᠢ ᠠᠷᠭᠠᠳᠠᠨ ᠭᠦᠯᠦᠭᠡᠯᠡᠭᠡᠳ ᠤᠶᠠᠩᠭ᠎ᠠ ᠨᠠᠶᠢᠷᠠᠭᠰᠠᠨ ᠰᠢᠪᠠᠭᠤᠳ ᠤᠨ ᠨᠢᠳᠦ ᠰᠢᠭ ᠬᠤᠷᠸ᠎ᠠ ᠤᠶᠠᠰᠬᠠᠨ ᠲᠤᠷᠮᠤᠯᠵᠠᠨ᠎ᠠ ᠣᠨᠢ ᠬᠤᠯᠪᠣᠭᠰᠠᠨ ᠵᠤ ᠲᠤᠯᠣᠭᠠᠳ ᠲᠦᠯ ᠤᠨ ᠲᠠᠭᠤᠨ ᠳᠤ ᠬᠦᠪᠪᠦᠯᠵᠡᠭᠡᠳ ᠤᠷᠢ ᠲᠠᠭᠤᠳᠠᠭᠰᠠᠨ ᠴᠠᠭ ᠤᠨ ᠠᠮᠢᠰᠬᠤᠭ᠎ᠠ ᠰᠡᠳᠭᠢᠯ ᠰᠡᠷᠭᠦᠭᠡᠵᠦ ᠬᠦᠪᠭᠢᠯᠵᠡᠨ᠎ᠡ ᠴᠡᠯᠮᠡᠭ ᠬᠦᠬᠡ ᠲᠡᠭᠷᠢ ᠶᠢᠨ ᠮᠠᠨᠳᠠᠯ ᠳᠤ ᠴᠠᠭᠠᠨ ᠡᠭᠦᠯᠡᠰ ᠴᠡᠴᠡᠭᠯᠡᠬᠦ ᠪᠠᠷ ᠴᠡᠮᠴᠡᠭᠡᠷ ᠭᠤᠪᠢ ᠶᠢᠨ ᠶᠠᠭᠠᠨ ᠵᠡᠭᠦᠳᠦ ᠭᠦᠢᠯᠡᠰᠦᠨ ᠮᠦᠴᠢᠷ ᠲᠠᠢ ᠲᠡᠯᠪᠡᠬᠡᠯᠡᠨᠡᠮ ᠴᠡᠭᠡᠨ ᠰᠦ ᠶᠢᠨ ᠰᠠᠴᠤᠯᠢ ᠲᠠᠢ ᠬᠦᠮᠦᠨ ᠪᠠᠶᠢᠭᠠᠯᠢ ᠨᠠᠶᠢᠷᠠᠮᠳᠠᠬᠤ ᠪᠠᠷ ᠴᠡᠩᠬᠡᠷ ᠡᠨᠡ ᠣᠷᠴᠢᠯᠠᠩ ᠰᠡᠭᠦᠲᠡᠷ ᠢᠶᠠᠨ ᠠᠷᠴᠢᠵᠦ ᠲᠤᠶᠠᠭᠠᠷᠠᠨᠠᠮ              地址;通辽市科左中旗舍伯吐中心校              笔名;孛儿只斤,萨楚日啦              实名;包锁柱              手机;15947447898
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号