ᠬᠠᠳᠠᠨ ᠬᠤᠤᠱᠤ ᠨᠠᠭᠤᠷ
ᠨᠡᠶᠢᠲᠡᠯᠡᠭᠰᠡᠨ ᠴᠠᠭ᠄
2020-07-09
      ᠬᠠᠳᠠᠨ ᠬᠤᠤᠱᠤ ᠨᠠᠭᠤᠷ                                                     ︵ᠨᠠᠶᠢᠷᠠᠭᠤᠯᠤᠯ︶                                                                                 ᠡ᠊ · ᠤᠷᠳᠤᠨᠠᠰᠤᠳᠤᠬᠠᠳᠠᠨ ᠬᠤᠤᠱᠤ ᠨᠠᠭᠤᠷ ᠭᠡᠵᠦ ᠵᠢᠵᠢᠭᠭᠡᠨ ᠨᠠᠭᠤᠷ᠃  ᠭᠠᠵᠠᠷ ᠤᠨ ᠵᠢᠷᠤᠭ ᠲᠡᠭᠡᠷ᠎ᠡ ᠨᠠᠷ᠎ᠠ ᠨᠢ ᠴᠤ ᠪᠠᠶᠢᠳᠠᠭ ᠦᠭᠡᠢ  ᠪᠠᠷ ᠪᠠᠷᠠᠬᠤ ᠦᠭᠡᠢ᠂ ᠲᠡᠯᠡᠭᠡᠢ ᠶᠢᠨ ᠪᠦᠮᠪᠤᠷᠴᠡᠭ ᠲᠡᠭᠡᠷ᠎ᠡ ᠠᠴᠠ ᠬᠠᠳᠠᠨ ᠬᠤᠤᠱᠤ ᠨᠠᠭᠤᠷ ᠮᠢᠨᠢ ᠪᠠᠯᠠᠷᠠᠭᠠᠳ ᠤᠯᠠᠨ ᠵᠢᠯ ᠪᠤᠯᠵᠦ᠂ ᠭᠦᠮᠤᠰ ᠤᠨ ᠤᠢ᠂ ᠬᠠᠷᠠᠭ᠎ᠠ ᠳᠤ ᠮᠠᠷᠳᠠᠭᠳᠠᠵᠠᠢ᠃ ᠭᠡᠯ᠎ᠠ ᠴᠤ᠂ ᠲᠠᠪᠢᠨ ᠵᠢᠯ ᠤᠨ ᠡᠮᠤᠨᠡᠭᠢ ᠬᠠᠳᠠᠨ ᠬᠤᠤᠱᠤ ᠨᠠᠭᠤᠷ ᠮᠢᠨᠢ᠂ ᠮᠦᠨ ᠯᠠ ᠪᠤᠳᠤᠯ ᠰᠡᠳᠭᠢᠯ ᠳᠤ ᠮᠠᠯᠮᠠᠯᠵᠡᠭᠰᠡᠭᠡᠷ ᠯᠠ᠂ ᠲᠤᠷᠠᠰᠤᠯ ᠮᠦᠷᠤᠭᠡᠳᠤᠯ ᠤᠨ ᠡᠭᠢ ᠪᠤᠯᠵᠦ᠂ ᠴᠠᠭ ᠢᠮᠠᠭᠳᠠ ᠢᠷᠠᠭᠦ ᠶᠢ ᠶᠠᠭᠠᠭᠢᠨᠠᠮ︕ ᠲᠡᠷᠡ ᠡᠷᠡᠨ ᠳᠤ᠂ ᠵᠤᠨ ᠪᠤᠯᠭᠠᠨ᠂ ᠨᠡᠭᠦᠳᠡᠯ ᠤᠨ ᠮᠢᠩᠭᠠᠨ ᠰᠢᠪᠠᠭᠤᠳ ᠬᠤᠷᠠᠯᠴᠠᠭᠠᠳ᠂ ᠤᠶᠠᠩᠭ᠎ᠠ ᠶᠢᠨ ᠲᠦᠮᠠᠨ ᠡᠭᠡᠰᠢᠭ ᠢᠶᠠᠷ ᠢᠶᠠᠨ ᠨᠤᠳᠤᠭ ᠢᠶᠠᠨ ᠭᠦᠭᠵᠢᠭᠡᠵᠦ᠂ ᠮᠢᠨᠦ ᠱᠠᠯᠳᠠᠷ ᠪᠤᠯᠳᠠᠷ ᠪᠠᠭ᠎ᠠ ᠨᠠᠰᠤ ᠶᠢ ᠮᠢᠨᠢ ᠪᠦᠪᠠᠶᠢᠯᠠᠨ ᠠᠷᠭᠠᠳᠠᠵᠦ᠂ ᠭᠡᠤᠭᠡᠳ ᠨᠠᠰᠤᠨ ᠤ ᠮᠢᠨᠢ ᠰᠢᠪᠠᠭᠤ ᠰᠢᠭ ᠨᠢᠰᠭᠦ ᠰᠠᠨ ᠭᠡᠳᠡᠭ ᠭᠦᠰᠠᠯ ᠤᠨ ᠵᠢᠭᠦᠷ᠂  ᠮᠦᠷᠤᠭᠡᠳᠤᠯ  ᠤᠨ ᠡᠭᠡᠰᠢᠭ ᠢ ᠤᠷᠭᠤᠭᠤᠯᠵᠦ᠂ ᠵᠦᠭᠡᠯᠡᠨ ᠵᠦᠯᠭᠡ ᠲᠠᠢ ᠭᠦᠪᠡᠭᠡᠨ ᠲᠡᠭᠡᠷ᠎ᠡ ᠪᠠᠨ ᠡᠳᠤᠷᠵᠢᠨ ᠰᠠᠭᠤᠯᠭᠠᠨ᠂ ᠤᠰᠤᠨ  ᠳᠤ ᠨᠢ ᠲᠤᠨᠤᠷᠠᠬᠤ ᠭᠭᠢᠷ ᠦᠭᠡᠢ ᠲᠤᠩᠭᠠᠯᠠᠭ ᠭᠦᠭᠡ ᠲᠡᠭᠷᠢ ᠶᠢ ᠨᠢ ᠰᠢᠷᠳᠡᠭᠦᠯᠵᠦ᠂ ᠬᠠᠶᠢᠷ᠎ᠠ ᠶᠢᠨ ᠲᠤᠯᠠᠭᠠᠨ ᠡᠯᠢᠭᠡᠨ ᠳᠤ ᠪᠠᠨ᠂ ᠬᠠᠶᠢᠷᠠᠯᠠᠬᠤ᠂ ᠪᠠᠭ᠋ᠠᠷᠬᠠᠬᠤ ᠮᠦᠷᠤᠭᠡᠳᠤᠯ ᠤᠨ ᠲᠤᠷᠭᠠᠨ ᠭᠦᠢ ᠲᠠᠢ ᠪᠦᠪᠠᠶᠢᠯᠠᠵᠦ ᠦᠰᠭᠡᠭᠰᠡᠨ ᠶᠤᠮ ᠢ ᠨᠠᠮᠠᠢᠢ᠃ ᠲᠠᠪᠢᠨ ᠵᠢᠯ ᠤᠨ ᠲᠡᠷᠳᠡᠭᠡᠭᠢ᠂ ᠬᠠᠳᠠᠨ ᠬᠤᠤᠱᠤ ᠨᠠᠭᠤᠷ ᠭᠡᠵᠦ ᠲᠠᠩᠴᠢ ᠰᠠᠶᠢᠬᠠᠨ᠃ ᠮᠦᠷᠤᠭᠡᠳᠤᠯ ᠤᠨ ᠬᠢ ᠪᠢᠰᠢ᠂ ᠦᠨᠠᠨ ᠤ ᠬᠢ᠃ ᠶᠠᠭ ᠯᠠ ᠲᠤᠷᠠᠯᠠᠯ ᠬᠠᠶᠢᠷ᠎ᠠ ᠶᠢᠨ ᠵᠦᠩᠰᠠᠨ ᠳᠤ ᠨᠡᠷᠡᠭᠰᠡᠨ ᠨᠢᠭᠡ ᠬᠤᠨᠳᠠᠭ᠎ᠠ ᠲᠠᠷᠠᠰᠤ ᠰᠢᠭ ᠯᠠ ᠪᠠᠶᠢᠵᠦ᠂ ᠪᠤᠳᠤᠯ ᠰᠡᠳᠭᠢᠯ ᠳᠤ ᠮᠢᠨᠢ ᠴᠡᠩᠭᠡᠷᠯᠠᠨ ᠲᠤᠨᠤᠯᠵᠠᠵᠦ᠂ ᠰᠢᠪᠠᠭᠤᠳ ᠤᠨ ᠢᠶᠠᠨ ᠭᠦᠭᠵᠢᠭᠦᠨ ᠵᠢᠷᠭᠢᠭᠡ ᠲᠠᠢ ᠴᠤᠭ᠂ ᠢᠷᠠᠭᠤ ᠨᠠᠶᠢᠷᠠᠭ ᠤᠨ ᠮᠢᠨᠢ ᠮᠦᠩᠭᠡ ᠶᠢᠨ ᠦᠪ ᠪᠤᠯᠤᠭᠰᠠᠭᠠᠷ ᠢᠷᠡᠭᠰᠡᠨ ᠶᠤᠮ᠃ ᠬᠠᠳᠠᠨ ᠬᠤᠤᠱᠤ ᠨᠠᠭᠤᠷ ᠨᠢ ᠵᠤ ᠲᠠᠯ᠎ᠠ ᠶᠢᠨ ᠵᠢᠭᠠᠭ ᠲᠡᠭᠡᠷ᠎ᠡ ᠪᠠᠶᠢᠷᠢᠯᠠᠵᠦ᠂ ᠪᠠᠷᠠᠭᠤᠨ ᠲᠠᠯ᠎ᠠ ᠪᠠᠷ ᠨᠢ ᠮᠡᠯᠴᠡᠶᠢᠭᠰᠡᠨ ᠠᠭᠤᠳᠠᠮᠬᠠᠨ ᠲᠠᠯ᠎ᠠ ᠨᠤᠭᠤᠭᠠᠷᠠᠵᠦ᠂ ᠵᠡᠭᠦᠨ ᠲᠠᠯ᠎ᠠ ᠪᠠᠷ ᠨᠢ ᠵᠤ ᠲᠡᠨᠢᠭᠡᠷᠯᠠᠵᠦ᠂ ᠠᠷᠤ ᠡᠮᠤᠨ᠎ᠠ ᠲᠠᠯ᠎ᠠ  ᠪᠠᠷ ᠨᠢ᠂ ᠮᠤᠷᠢ ᠲᠠᠢ ᠭᠦᠮᠤᠨ ᠤᠷᠤᠭᠠᠳ ᠦᠵᠡᠭᠳᠡᠮᠠᠷ ᠦᠭᠡᠢ ᠲᠠᠷᠠᠰᠤ ᠦᠷᠭᠦᠯᠵᠢᠯᠠᠵᠦ᠂ ᠶᠠᠭ ᠯᠠ ᠨᠢᠭᠡᠨ ᠤᠷᠠᠨ ᠵᠢᠷᠤᠭᠴᠢᠨ ᠤ ᠲᠤᠰᠤᠨ ᠪᠤᠳᠤᠭ ᠤᠨ ᠵᠢᠷᠤᠭ ᠰᠢᠭ ᠭᠤᠶᠤ ᠰᠠᠶᠢᠬᠠᠨ ᠪᠠᠶᠢᠵᠦ᠂ ᠬᠠᠶᠢᠷ᠎ᠠ ᠪᠠᠭ᠋ᠠᠷᠤᠯ ᠢ ᠦᠪᠡᠷ ᠤᠨ ᠡᠷᠭᠡ ᠦᠭᠡᠢ ᠲᠠᠳᠠᠳᠠᠭ ᠰᠠᠨ᠃ ᠮᠤᠩᠭᠤᠯᠴᠤᠳ ᠲᠤ ᠲᠠᠷᠠᠰᠤ ᠭᠡᠪᠠᠯ ᠡᠷᠳᠡᠨᠢ ᠭᠡᠰᠡᠨ ᠯᠠ ᠦᠭᠡ᠃ ᠭᠦᠮᠤᠰ ᠲᠠᠷᠠᠰᠤ ᠪᠠᠷ ᠲᠡᠭᠡᠰᠤ ᠲᠠᠮᠤᠵᠦ᠂ ᠮᠤᠩᠭᠤᠯ ᠭᠡᠷ ᠤᠨ ᠪᠦᠷᠢᠶᠠᠰᠤ᠂ ᠲᠤᠭᠤᠷᠭ᠎ᠠ ᠤᠶᠤᠵᠤ᠂ ᠠᠵᠤ ᠠᠮᠢᠳᠤᠷᠠᠯ ᠤᠨ ᠢᠶᠠᠨ ᠴᠢᠬᠤᠯᠠ ᠭᠡᠷᠡᠭᠴᠡᠭᠡ ᠶᠢ ᠬᠠᠨᠭ᠍ᠭᠠᠳᠠᠭ ᠢᠶᠠᠷ ᠪᠠᠷᠠᠬᠤ ᠦᠭᠡᠢ᠂ ᠡᠪᠤᠯ ᠤᠨ ᠭᠦᠢᠳᠡᠨ᠂ ᠬᠠᠪᠤᠷ ᠤᠨ ᠰᠢᠭᠤᠷᠭᠠᠨ ᠳᠤ ᠦᠭᠡᠷ᠂ ᠬᠤᠨᠢ ᠠᠳᠤᠭᠤ  ᠪᠠᠨ ᠲᠡᠷᠠᠰᠤᠨ ᠲᠤᠩ ᠳᠤ ᠤᠷᠤᠭᠤᠯᠵᠦ ᠪᠠᠯᠴᠢᠭᠡᠷᠯᠠᠭᠦᠯᠳᠡᠭ ᠠᠴᠠ ᠶᠠᠮᠠᠷ ᠴᠤ ᠶᠡᠭᠡ ᠴᠠᠰᠤ ᠵᠤᠳ ᠲᠤ ᠠᠯᠵᠠᠬᠤ ᠦᠭᠡᠢ ᠪᠠᠶᠢᠵᠦ᠂ ᠨᠠᠩ ᠴᠤ ᠬᠠᠪᠤᠷ ᠤᠨ ᠬᠠᠨᠳᠠ ᠨᠤᠭᠤᠭᠠᠨ ᠤ ᠵᠠᠪᠰᠠᠷ᠂ ᠡᠪᠠᠰᠤ ᠪᠠᠯᠴᠢᠭᠡᠷ ᠨᠢᠮᠭᠡᠷᠡᠭᠦ ᠳᠤ᠂ ᠮᠠᠯ ᠰᠦᠷᠦᠭ ᠮᠢᠨᠢ ᠲᠡᠷᠡᠰᠤᠨ ᠰᠠᠬᠠᠯ ᠢᠶᠠᠷ ᠤᠨ ᠳᠤ ᠤᠷᠤᠳᠠᠭ ᠪᠢᠯᠠ᠃ ᠲᠠᠯᠠᠭᠠᠳ ᠤᠨ ᠤ ᠲᠤᠮᠳᠠᠴᠢ ᠰᠠᠭᠦᠯ ᠤᠨ ᠤᠯᠤᠰ ᠲᠦᠷᠦ ᠪᠠᠷ ᠭᠤᠤᠯᠯᠠᠵᠦ ᠪᠠᠶᠢᠭᠰᠠᠨ ᠴᠠᠭ ᠡᠷᠡᠨ ᠳᠤ᠂ ᠬᠠᠮᠳᠦ ᠶᠢᠨ ᠰᠦᠷᠦᠭ ᠮᠢᠨᠢ ᠡᠨᠡ ᠯᠠ ᠲᠠᠷᠠᠰᠤᠨ ᠤ ᠠᠴᠢ ᠪᠠᠷ ᠦᠨᠢᠷ ᠦᠰᠴᠤ᠂ ᠦᠷᠠᠵᠢᠵᠦ ᠲᠦᠯᠵᠢᠵᠦ ᠪᠠᠶᠢᠭᠰᠠᠨ ᠢ ᠲᠡᠤᠭᠡ ᠭᠡᠷᠡᠴᠢᠯᠠᠨ᠎ᠠ᠃ ᠵᠤᠨ ᠪᠤᠯᠬᠤ ᠳᠤ᠂ ᠬᠠᠳᠠᠨ ᠬᠤᠤᠱᠤ ᠨᠠᠭᠤᠷ ᠲᠤ ᠮᠢᠨᠢ ᠰᠢᠪᠠᠭᠤᠳ ᠤᠯᠠᠨ᠃ ᠬᠤᠨ ᠭᠠᠯᠠᠭᠤ᠂ ᠤᠷᠭᠤ᠂ ᠭᠠᠯᠠᠭᠤ᠂ ᠯᠠᠮᠠ ᠭᠠᠯᠠᠭᠤ᠂ ᠵᠡᠷᠯᠢᠭ ᠨᠤᠭᠤᠰᠤ ᠠᠴᠠ ᠡᠭᠢᠯᠡᠭᠡᠳ᠂ ᠲᠡᠭᠡᠯᠡᠢ᠂ ᠠᠯ ᠰᠠᠭᠦᠯ᠂ ᠵᠢᠭᠠᠰᠤᠴᠢᠨ ᠴᠠᠭᠠᠨ ᠵᠡᠷᠭᠡ ᠶᠡᠭᠡ ᠪᠠᠭ᠎ᠠ ᠰᠢᠪᠠᠭᠤᠳ ᠲᠦᠴᠢ ᠲᠠᠪᠢ ᠰᠢᠬᠠᠮ ᠲᠦᠷᠤᠯ ᠵᠤᠶᠢᠯ ᠤᠨ ᠬᠢ ᠪᠠᠶᠢᠯᠴᠠᠵᠦ᠂ ᠶᠤᠰᠤᠳᠠᠢ ᠡᠭᠡ ᠪᠠᠶᠢᠭᠠᠯᠢ ᠶᠢᠨ ᠲᠠᠷᠬᠠᠨ ᠴᠡᠴᠡᠷᠯᠢᠭ ᠯᠠ ᠭᠡᠵᠦ ᠭᠡᠯᠡᠵᠦ ᠪᠤᠯᠤᠨ᠎ᠠ᠃ ᠲᠡᠷᠡ ᠦᠶᠠᠰ ᠮᠠᠯᠴᠢᠳ᠂ ᠡᠳᠡᠭᠡᠷ ᠭᠠᠯᠠᠤᠳ ᠢ ᠠᠯᠠᠵᠦ ᠭᠦᠨᠤᠭᠡᠳᠡᠭ ᠦᠭᠡᠢ ᠠᠴᠠ ᠪᠢᠯᠠ ᠤᠤ︖ ᠭᠦᠮᠤᠨ ᠠᠴᠠ ᠠᠶᠤᠳᠠᠭ ᠦᠭᠡᠢ᠃ ᠨᠠᠮᠤᠷ ᠪᠤᠯᠤᠭᠰᠠᠭᠠᠷ ᠯᠠ᠂ ᠨᠠᠭᠤᠷ ᠤᠨ ᠭᠦᠪᠡᠭᠡ ᠪᠠᠷ ᠠᠷᠪᠠ ᠬᠤᠷᠢ ᠪᠠᠷ ᠵᠤᠯᠵᠠᠭ᠎ᠠ ᠪᠠᠨ ᠲᠠᠭᠠᠭᠤᠯᠤᠭᠰᠠᠨ᠂ ᠨᠤᠭᠤᠰᠤ ᠭᠦᠮᠤᠨ ᠤ ᠬᠠᠵᠠᠭᠤ  ᠪᠠᠷ ᠶᠠᠪ ᠶᠠᠭᠠᠷᠠᠮ ᠦᠭᠡᠢ ᠪᠠᠷ᠂ ᠤᠰᠤᠨ ᠵᠦᠭ ᠢᠶᠠᠨ ᠤᠷᠤᠵᠠᠭᠠᠨ᠂ ᠯᠠᠮᠠ ᠭᠠᠯᠠᠭᠤ ᠶᠢᠨ ᠵᠤᠯᠵᠠᠭ᠎ᠠ ᠨᠢ᠂ ᠬᠠᠷᠢᠨ᠂ ᠤᠰᠤᠨ ᠵᠦᠭ ᠢᠶᠠᠨ ᠲᠤᠳᠠᠭᠠᠬᠤ ᠦᠭᠡᠢ ᠭᠠᠳᠠᠭᠰᠢ ᠲᠠᠷᠠᠰᠤ ᠲᠤᠪᠤᠯᠢᠭ ᠵᠦᠭ ᠲᠤᠯᠤᠭᠠᠢ ᠪᠠᠨ ᠭᠤᠳᠤᠶᠢᠯᠭᠠᠨ ᠭᠦᠶᠤᠭᠦ ᠳᠤ ᠪᠠᠷᠢᠵᠦ ᠠᠪᠤᠭᠰᠠᠨ ᠪᠤᠯ ᠳ᠋ᠠ ᠭᠡᠵᠦ᠂ ᠲᠡᠰᠭᠦ ᠠᠯᠳᠠᠷᠠᠭᠤᠯᠳᠠᠭ ᠪᠠᠶᠢᠭᠰᠠᠨ ᠰᠠᠨᠵᠠᠢ᠃ ᠮᠠᠨ ᠤ ᠬᠢᠨ ᠲᠦᠴᠢᠨ ᠵᠢᠯ᠂ ᠬᠠᠳᠠᠨ ᠬᠤᠤᠱᠤ ᠨᠠᠭᠤᠷ ᠤᠨ ᠭᠦᠪᠡᠭᠡᠨ ᠳᠤ ᠤᠳᠤᠷᠯᠠᠵᠦ ᠠᠮᠢᠳᠤᠷᠠᠵᠠᠢ᠃ ᠠᠪᠤ ᠮᠢᠨᠢ ᠲᠦᠴᠢᠨ ᠵᠢᠯ᠂ ᠬᠠᠳᠠᠨ ᠬᠤᠤᠱᠤ ᠨᠠᠭᠤᠷ ᠢ ᠡᠷᠭᠢᠨ ᠲᠤᠭᠤᠷᠢᠵᠦ ᠶᠢᠰᠤ ᠶᠢᠨ ᠬᠤᠸᠠ᠂ ᠴᠠᠭᠠᠨ ᠬᠤᠸᠠ᠂ ᠪᠠᠷᠠᠭᠤᠨ ᠲᠠᠯ᠎ᠠ᠂ ᠮᠤᠭᠠᠶᠢᠳᠦ ᠦᠯᠵᠠᠶᠢᠳᠦ ᠭᠡᠵᠦ ᠬᠤᠨᠢ ᠬᠠᠷᠢᠭᠤᠯᠵᠦ ᠶᠠᠪᠤᠵᠠᠢ᠃ ᠭᠡᠭᠦ ᠳᠤ ᠪᠠᠨ ᠬᠠᠳᠠᠨ ᠬᠤᠤᠱᠤ ᠨᠠᠭᠤᠷ ᠨᠢ ᠮᠦᠨ ᠴᠤ ᠮᠦᠷᠤᠭᠡᠳᠤᠯ ᠤᠨ ᠬᠢ᠂ ᠪᠠᠰᠠ ᠦᠨᠠᠨ ᠤ ᠬᠢ᠃ ᠡᠵᠢ ᠮᠢᠨᠢ ᠪᠤᠷᠬᠠᠨ ᠳᠤ ᠶᠡᠭᠡ ᠰᠦᠰᠦᠭ ᠲᠠᠢ ᠪᠠᠶᠢᠵᠦ᠂ ᠠᠯᠠᠵᠦ ᠨᠢᠳᠤᠯᠠᠭᠦ ᠶᠢ ᠴᠡᠭᠡᠷᠯᠡᠳᠡᠭ᠃ ᠮᠠᠨ ᠤ ᠰᠢᠪᠠᠭᠤᠨ ᠵᠤᠯᠵᠠᠭ᠎ᠠ ᠪᠠᠷᠢᠵᠦ ᠨᠠᠭᠠᠳᠬᠤ ᠶᠢ ᠡᠭᠡ ᠦᠷ᠎ᠠ ᠶᠢ ᠰᠠᠯᠭᠠᠵᠦ᠂ ᠨᠢᠭᠦᠯ ᠭᠢᠵᠦ ᠪᠠᠶᠢᠨ᠎ᠠ ᠭᠡᠵᠦ ᠠᠭᠤᠷᠯᠠᠳᠠᠭ ᠠᠴᠠ ᠪᠢᠳᠠ ᠴᠤ ᠰᠢᠪᠠᠭᠤᠨ ᠵᠤᠯᠵᠠᠭ᠎ᠠ ᠶᠢ ᠪᠠᠷᠢᠳᠠᠭ ᠦᠭᠡᠢ᠃ ᠨᠠᠩ ᠴᠤ ᠠᠯᠠᠵᠦ ᠭᠦᠨᠤᠭᠡᠳᠡᠭ ᠦᠭᠡᠢ ᠭᠦᠮᠤᠨ ᠢ ᠬᠤᠤᠷᠯᠠᠵᠦ ᠶᠤᠷᠯᠠᠳᠠᠭ ᠦᠭᠡᠢ᠂ ᠭᠡᠪ ᠵᠢᠷᠤᠮ ᠢ ᠰᠠᠭᠢᠵᠦ ᠤᠳᠤ ᠳᠤ ᠭᠦᠷᠦᠭᠰᠡᠨ ᠶᠤᠮᠳᠠᠭ᠃ ᠬᠠᠳᠠᠨ ᠬᠤᠤᠱᠤ ᠨᠠᠭᠤᠷ ᠲᠤ ᠮᠢᠨᠢ ᠵᠢᠭᠠᠰᠤ ᠤᠯᠠᠨ ᠪᠠᠶᠢᠳᠠᠭ᠃ ᠮᠦᠷᠭᠦ ᠭᠡᠯᠳᠡᠭᠡ᠂ ᠨᠢᠯᠳᠠᠭ ᠵᠢᠭᠠᠰᠤ᠂ ᠬᠠᠷ᠎ᠠ ᠠᠮᠠᠷ᠎ᠠ᠂ ᠮᠤᠭᠠᠢ ᠵᠢᠭᠠᠰᠤ ᠭᠡᠵᠦ ᠠᠷᠪᠠ ᠭᠠᠷᠤᠢ ᠲᠦᠷᠤᠯ ᠤᠨ ᠵᠢᠭᠠᠰᠤ ᠪᠠᠶᠢᠳᠠᠭ᠃ ᠨᠤᠳᠤᠭ ᠤᠨ ᠮᠢᠨᠢ ᠡᠨᠡᠭᠦ ᠵᠢᠵᠢᠭᠭᠡᠨ ᠨᠠᠭᠤᠷ ᠭᠡᠵᠦ ᠭᠦᠭᠡᠷᠤᠭᠦᠢ ᠳ᠋ᠧ᠂ ᠭᠦᠮᠤᠨ ᠤ ᠨᠤᠳᠤᠭ ᠲᠤ ᠪᠠᠶᠢᠭᠰᠠᠨ ᠪᠦᠭᠦᠨ ᠢ ᠦᠪᠠᠷ ᠲᠤ ᠪᠠᠨ ᠪᠠᠶᠢᠯᠭᠠᠬᠤ ᠭᠡᠮᠡᠨ᠂ ᠲᠡᠯᠡᠭᠡᠢ ᠶᠢᠨ ᠵᠤᠯᠠᠢ ᠳᠤ ᠭᠠᠩᠭᠠᠬᠠᠷᠠᠵᠦ ᠶᠠᠪᠤᠵᠦ ᠳ᠋ᠧ᠃ ᠶᠠᠭ ᠯᠠ ᠮᠢᠨᠦ ᠰᠠᠶᠢᠬᠠᠨ ᠵᠠᠯᠠᠭᠤ ᠨᠠᠰᠤ ᠰᠢᠭ᠋᠃ ᠡᠨᠡ ᠨᠠᠭᠤᠷ ᠤᠨ ᠮᠢᠨᠢ ᠲᠤᠬᠠᠢ ᠡᠶᠢᠮᠦ ᠨᠢᠭᠡᠨ ᠲᠤᠮᠤᠭ ᠪᠠᠶᠢᠳᠠᠭ᠃ ᠭᠤᠷᠪᠠᠨ ᠵᠠᠭᠤ ᠵᠢᠷᠠ ᠭᠠᠷᠤᠢ ᠵᠢᠯ ᠤᠨ ᠲᠡᠷᠳᠡᠭᠡ ᠳᠤ ᠭᠦᠯᠤᠨ ᠪᠤᠶᠢᠷ ᠠᠴᠠ ᠠᠳᠠ ᠨᠡᠭᠦᠳᠠᠯᠯᠠᠵᠦ ᠢᠷᠡᠭᠰᠡᠨ ᠨᠠᠢᠮᠠᠨ ᠰᠤᠮᠤᠨ ᠤ ᠪᠤᠷᠵᠢᠭᠢᠨ ᠤᠪᠤᠭᠳᠦ ᠤᠯᠠᠭᠠᠠᠭᠦᠦ ᠠᠶᠢᠮᠠᠭ ᠤᠨ ᠲᠡᠭᠡᠳᠤᠰ ᠲᠤ ᠨᠢᠭᠡᠨ ᠡᠷᠳᠠᠮ ᠲᠠᠢ ᠯᠠᠮᠠ ᠪᠠᠶᠢᠵᠦ᠂ ᠬᠠᠳᠠᠨ ᠬᠤᠤᠱᠤ ᠶᠢᠨ ᠡᠩᠭᠡᠷ ᠲᠤ ᠪᠢᠰᠢᠯᠭᠠᠯ ᠭᠢᠵᠦ ᠪᠠᠶᠢᠵᠠᠢ᠃ ᠨᠢᠭᠡᠨ ᠵᠤᠨ ᠤ ᠹᠦ᠋ ᠶᠢᠨ ᠭᠤᠤᠯ ᠳᠤ ᠰᠦᠷᠦᠭ ᠠᠯᠳᠠᠭᠤᠯ ᠠᠳᠤᠭᠤ ᠢᠷᠠᠵᠦ᠂ ᠤᠰᠤ ᠦᠭᠡᠢ ᠴᠠᠩᠭᠠᠵᠦ ᠵᠤᠭᠰᠤᠬᠤ ᠳᠤ᠂ ᠤᠷᠭ᠎ᠠ ᠶᠢᠨ ᠡᠰᠢ ᠪᠠᠷ ᠬᠠᠳᠬᠤᠵᠦ ᠪᠤᠯᠠᠭ ᠤᠷᠭᠢᠯᠠᠭᠤᠯᠤᠭᠰᠠᠨ᠂ ᠡᠨᠡ ᠬᠠᠳᠠᠨ ᠬᠤᠤᠱᠤ ᠨᠠᠭᠤᠷ ᠪᠤᠢ ᠪᠤᠯᠤᠭᠰᠠᠨ ᠭᠡᠨ᠎ᠠ᠃ ᠪᠠᠶᠢᠭᠠᠯᠢ ᠨᠡᠶᠢᠭᠡᠮ ᠤᠨ ᠠᠭᠢᠯᠳᠠ᠂ ᠰᠢᠨᠵᠢᠯᠠᠭᠦ ᠲᠧᠭᠨᠢᠭ ᠤᠨ ᠦᠰᠤᠷᠤᠯᠳᠠ᠂ ᠭᠦᠮᠤᠨ ᠲᠦᠷᠤᠯᠭᠢᠳᠠᠨ ᠤ ᠬᠠᠶᠢᠷ ᠨᠠᠶᠢᠷ ᠦᠭᠡᠢ ᠲᠡᠯᠭᠢᠭᠳᠡᠯ ᠠᠴᠠ ᠪᠤᠯᠵᠦ᠂ ᠮᠤᠩᠭᠤᠯ ᠨᠤᠳᠤᠭ ᠲᠤ ᠮᠢᠨᠢ ᠮᠠᠰᠢ ᠤᠯᠠᠨ ᠨᠠᠭᠤᠷ ᠪᠦᠷᠢᠳᠦ ᠪᠤᠯᠠᠭ ᠴᠦᠭᠦᠷᠤᠮ᠂ ᠠᠡᠭ ᠠᠮᠢᠳᠠᠳ᠂ ᠲᠡᠯᠡᠭᠡᠢ ᠶᠢᠨ ᠪᠦᠮᠪᠤᠷᠴᠡᠭ ᠠᠴᠠ ᠠᠷᠴᠢᠭᠳᠠᠨ ᠤᠰᠠᠳᠴᠤ᠂ ᠵᠦᠪᠭᠡᠨ ᠯᠠ ᠰᠠᠶᠢᠬᠠᠨ ᠲᠤᠷᠠᠰᠤᠯ᠂ ᠮᠦᠩᠭᠡ ᠶᠢᠨ ᠲᠤᠮᠤᠭ ᠢᠶᠠᠨ ᠦᠯᠡᠳᠡᠭᠡᠭᠡᠳ ᠯᠠ᠂ ᠭᠦᠮᠤᠰ ᠤᠨ ᠤᠢ ᠤᠬᠠᠭᠠᠨ ᠳᠤ ᠮᠦᠩᠭᠡᠷᠡᠵᠠᠢ ᠭᠡᠬᠦ ᠳᠤ ᠪᠠᠨ ᠶᠠᠮᠠᠷ ᠨᠢᠭᠡᠨ ᠠᠭᠤᠤ ᠶᠡᠭᠡ ᠵᠦᠢᠯᠠᠰ ᠨᠢ ᠪᠠᠶᠢᠬᠤ ᠳᠤ ᠲᠡᠭ ᠡᠭᠡᠯ ᠵᠢᠷ ᠤᠨ ᠯᠠ ᠪᠠᠶᠢᠵᠤ᠂ ᠦᠭᠡᠢ ᠪᠤᠯᠵᠤ ᠪᠠᠯᠠᠷᠠᠭᠰᠠᠨ ᠬᠤᠶᠢᠨ᠎ᠠ ᠪᠠᠨ ᠬᠦᠮᠦᠰ ᠲᠤ ᠰᠠᠶ᠋ᠢ ᠪᠠᠭ᠋ᠠᠷᠬᠠᠭᠳᠠᠳᠠᠭ ᠨᠢ ᠲᠠᠩᠴᠢ ᠯᠠ ᠤᠷᠤᠶᠢᠳᠤᠭᠰᠠᠨ ᠤᠬᠠᠭᠠᠨ ᠭᠡᠵᠤ ᠭᠡᠯᠡᠵᠤ ᠪᠤᠯᠤᠨ᠎ᠠ᠃ ᠲᠠᠪᠢᠨ ᠵᠢᠯ ᠤᠨ ᠡᠮᠤᠨᠡᠭᠢ ᠬᠠᠳᠠᠨ ᠬᠤᠤᠱᠤ ᠨᠠᠭᠤᠷ ᠮᠢᠨᠢ ᠦᠨᠤᠳᠤᠷ ᠲᠡᠷᠢᠶᠠᠨ ᠭᠠᠵᠠᠷ ᠪᠤᠯᠵᠠᠢ᠃ ᠮᠠᠷᠭᠠᠰᠢ ᠨᠦᠭᠦᠭᠡᠳᠤᠷ ᠶᠠᠭᠤ ᠪᠤᠯᠳᠠᠭ ᠪᠤᠯ︖ ᠭᠡᠭᠦ ᠳᠤ ᠪᠠᠨ ᠯᠠ ᠲᠦᠴᠢᠨ ᠵᠢᠯ ᠭᠦᠪᠡᠭᠡᠨ ᠳᠤ ᠠᠮᠢᠳᠤᠷᠠᠭᠰᠠᠨ ᠦᠷᠠᠰ  ᠲᠠᠢ ᠪᠠᠨ ᠠᠳᠠᠯᠢ ᠪᠠᠷ ᠬᠠᠳᠠᠨ ᠬᠤᠤᠱᠤ ᠨᠠᠭᠤᠷ ᠮᠢᠨᠢ ᠭᠦᠮᠤᠨ ᠠᠷᠠᠳ ᠲᠤ ᠪᠠᠨ ᠭᠦᠴᠤᠨ ᠵᠢᠳᠭᠦᠯ ᠢᠶᠠᠨ ᠡᠷᠭᠦᠵᠦ ᠶᠠᠪᠤᠵᠠᠢ ᠭᠡᠵᠦ ᠪᠤᠳᠤᠬᠤ ᠳᠤ ᠮᠢᠨᠢ ᠨᠤᠳᠤᠭ ᠮᠢᠨᠢ ᠭᠡᠵᠦ᠂ ᠬᠠᠰᠢᠯᠠ ᠦᠭᠭᠢᠶᠠᠮᠤᠷ ᠪᠠᠶᠢᠵᠠᠢ ᠭᠡᠵᠦ᠂ ᠠᠯᠢ ᠰᠠᠶᠢᠬᠠᠨ ᠲᠤᠮᠤᠭ ᠲᠤᠷᠠᠰᠤᠯ ᠳᠤ ᠴᠢᠨᠢ ᠵᠢᠷᠭᠠᠵᠦ ᠪᠠᠶᠢᠨ᠎ᠠ᠃ ᠬᠠᠳᠠᠨ  ᠬᠤᠤᠱᠤ ᠨᠠᠭᠤᠷ ᠮᠢᠨᠢ︕                                      ᠬᠠᠶ᠋ᠢᠭ᠄  ᠪᠠᠭᠠᠷᠢᠨ ᠪᠠᠷᠠᠭᠤᠨ ᠬᠤᠰᠢᠭᠤᠨ ᠤ ᠰᠢᠷᠠᠮᠦ᠋ᠷᠡᠨ ᠰᠤᠮᠤ ᠰᠢᠪᠠᠭ ᠭᠠᠴᠠᠭ᠎ᠠ                                                ᠤᠳᠠᠰᠤ᠄  13474867585
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号