ᠡᠭᠡᠨᠡᠷ ᠬᠦᠮᠦᠨ — ᠠᠴᠢᠲᠠᠢ ᠬᠦᠮᠦᠨ
ᠨᠡᠶᠢᠲᠡᠯᠡᠭᠰᠡᠨ ᠴᠠᠭ᠄
2020-07-09
  ᠡᠭᠡᠨᠡᠷ ᠬᠦᠮᠦᠨ — ᠠᠴᠢᠲᠠᠢ ᠬᠦᠮᠦᠨ       — ︽3 · 8︾ ᠤ ᠲᠡᠯᠡᠭᠡᠢ ᠶᠢᠨ ᠡᠮᠡᠭᠳᠡᠶᠢᠴᠦᠳ ᠤᠨ ᠪᠠᠶᠠᠷ ᠲᠤ       ᠪᠠ᠊ · ᠤᠳᠽᠠᠷ ᠡᠭᠡᠨᠡᠷ ᠬᠦᠮᠦᠨ ᠠᠴᠢᠲᠠᠢ ᠬᠦᠮᠦᠨ— ᠦᠷ᠎ᠠ ᠭᠡᠤᠭᠡᠳ ᠢᠶᠠᠨ ᠬᠦᠮᠦᠵᠢᠬᠦᠯᠦᠭᠰᠡᠨ ᠬᠦᠮᠦᠨ ᠡᠷ᠎ᠡ ᠨᠦᠬᠦᠷ ᠲᠡᠭᠡᠨ ᠲᠦᠰᠢᠭ ᠪᠤᠯᠤᠬᠰᠠᠨ ᠬᠦᠮᠦᠨ ᠡᠷᠦᠭᠡ ᠭᠡᠷ ᠲᠡᠭᠡᠨ ᠵᠢᠳᠬᠦᠭᠰᠡᠨ ᠬᠦᠮᠦᠨ᠃ ᠦᠷ᠎ᠡ ᠪᠠᠨ ᠪᠤᠵᠢᠭᠤᠯᠤᠬᠰᠠᠨ ᠵᠢᠳᠬᠦᠯ ᠲᠠᠢ ᠬᠦᠮᠦᠨ ᠦᠢᠯᠡ ᠪᠠᠨ ᠪᠠᠷᠠᠬᠰᠠᠨ ᠠᠴᠢᠲᠠᠢ ᠬᠦᠮᠦᠨ ᠤᠷᠤᠭ ᠰᠠᠳᠤᠨ ᠳᠠᠭᠠᠨ ᠶᠤᠰᠤᠷᠬᠠᠭ ᠬᠦᠮᠦᠨ ᠡᠯᠢᠭᠡᠨ ᠲᠦᠷᠦᠯ ᠳᠡᠭᠡᠨ ᠡᠯᠢᠭᠡᠰᠡᠭ ᠬᠦᠮᠦᠨ᠃ ᠡᠭᠡᠨᠡᠷ ᠬᠦᠮᠦᠨ ᠬᠦᠳᠡᠯᠮᠦᠷᠢᠴᠢ ᠬᠦᠮᠦᠨ ᠦᠷ᠎ᠡ ᠠᠴᠢ ᠲᠠᠭᠠᠨ ᠭᠠᠪᠢᠶ᠎ᠠ ᠲᠠᠢ ᠬᠦᠮᠦᠨ ᠡᠭᠡᠨᠡᠷ ᠬᠦᠮᠦᠨ ᠡᠨᠡᠷᠢᠯ ᠲᠠᠢ ᠬᠦᠮᠦᠨ ᠡᠬᠡ ᠶᠢᠨ ᠬᠠᠶᠢᠷ᠎ᠠ ᠪᠠᠷ ᠲᠦᠬᠦᠷᠡᠩ ᠬᠦᠮᠦᠨ᠃ ᠡᠭᠡᠨᠡᠷ ᠬᠦᠮᠦᠨ ᠬᠦᠰᠡᠯᠡᠩ ᠲᠠᠢ ᠬᠦᠮᠦᠨ ᠡᠶ᠎ᠡ ᠵᠤᠬᠢᠴᠠᠩᠭᠤᠢ ᠶᠢ ᠬᠠᠳᠠᠭᠠᠯᠠᠬᠰᠠᠨ ᠬᠦᠮᠦᠨ ᠡᠭᠡᠨᠡᠷ ᠬᠦᠮᠦᠨ ᠤᠷᠠᠨ ᠪᠦᠲᠦᠭᠡᠯᠴᠢ ᠬᠦᠮᠦᠨ ᠡᠨᠡ ᠬᠤᠷᠸ᠎ᠠ ᠳᠤ ᠬᠠᠨᠳᠢᠪ ᠡᠷᠬᠦᠭᠰᠡᠨ ᠬᠦᠮᠦᠨ᠃ ᠡᠭᠡᠨᠡᠷ ᠬᠦᠮᠦᠨ ᠬᠠᠶᠢᠷ᠎ᠠ ᠢᠪᠡᠭᠡᠯ ᠲᠠᠢ ᠬᠦᠮᠦᠨ ᠡᠭᠡᠪᠦᠷᠢ ᠶᠢᠨ ᠨᠠᠷᠠ ᠰᠢᠭ᠋ ᠬᠠᠯᠠᠭᠤᠨ ᠲᠤᠯᠠᠭᠠᠨ ᠬᠦᠮᠦᠨ ᠡᠭᠡᠨᠡᠷ ᠬᠦᠮᠦᠨ ᠦᠷᠦᠰᠢᠶᠡᠩᠬᠦᠢ ᠬᠦᠮᠦᠨ ᠦᠨᠦᠴᠢᠨ ᠭᠡᠤᠭᠡᠳ ᠢ ᠲᠡᠳᠬᠦᠵᠦ ᠲᠡᠮᠵᠢᠳᠡᠭ ᠬᠦᠮᠦᠨ᠃ ᠡᠭᠡᠨᠡᠷ ᠬᠦᠮᠦᠨ ᠦᠶ᠎ᠡ ᠵᠠᠯᠭᠠᠮᠵᠢᠯᠠᠬᠰᠠᠨ ᠬᠦᠮᠦᠨ ᠡᠨᠡ ᠲᠡᠯᠡᠭᠡᠢ ᠶᠢ ᠪᠦᠲᠦᠭᠡᠭᠰᠡᠨ ᠬᠦᠮᠦᠨ ᠡᠭᠡᠨᠡᠷ ᠬᠦᠮᠦᠨ ᠤᠬᠠᠭᠠᠨ ᠲᠠᠢ ᠬᠦᠮᠦᠨ ᠡᠨᠡ ᠶᠢᠷᠳᠢᠨᠴᠦ ᠶᠢ ᠭᠤᠶᠤᠯᠠᠬᠰᠠᠨ ᠬᠦᠮᠦᠨ᠃ ᠡᠭᠡᠨᠡᠷ ᠬᠦᠮᠦᠨ ᠠᠵᠢᠯᠴᠢ ᠪᠤᠷᠤᠬᠵᠢᠭᠤᠨ ᠬᠦᠮᠦᠨ ᠠᠳᠠᠯ ᠠᠮᠢᠳᠤᠷᠠᠯ ᠳᠤ ᠴᠠᠭᠠᠷᠠᠬᠰᠠᠨ ᠬᠦᠮᠦᠨ ᠡᠭᠡᠨᠡᠷ ᠬᠦᠮᠦᠨ ᠦᠨᠡᠨᠴᠢ ᠰᠢᠳᠤᠷᠭᠤ ᠬᠦᠮᠦᠨ ᠡᠷ᠎ᠡ ᠨᠦᠬᠦᠷ ᠲᠠᠢ ᠪᠠᠨ ᠦᠰᠦ ᠴᠠᠶᠢᠯᠭᠠᠬᠰᠠᠨ ᠬᠦᠮᠦᠨ︕ ᠲᠦᠡᠭᠯᠢᠶᠤᠤ ᠮᠤᠩᠭᠤᠯ ᠦᠨᠳᠦᠰᠦᠳᠡᠨ ᠤ ᠲᠤᠮᠳᠠᠳᠤ ᠰᠤᠷᠭᠠᠭᠤᠯᠢ  ᠶᠢᠨ ᠮᠤᠩᠭᠤᠯ ᠬᠡᠯᠡᠨ ᠤ ᠵᠢᠭᠠᠨ ᠰᠤᠷᠭᠠᠬᠤ ᠲᠤᠭᠤᠶᠢᠯᠠᠩ姓名:敖斯尔
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号