ᠥᠷᠢ ᠲᠦᠯᠦᠭᠦᠢ
ᠨᠡᠶᠢᠲᠡᠯᠡᠭᠰᠡᠨ ᠴᠠᠭ᠄
2020-07-09
       ᠥᠷᠢ ᠲᠦᠯᠣᠬᠦᠢ   ︵ᠴᠢᠯᠣᠭᠡᠳᠤ ᠪᠢᠴᠢᠯᠭᠡ︶                                           ᠮᠠᠨᠣᠰ ᠶᠠᠭᠤ ᠪᠠᠨ ᠠᠯᠳᠠᠭᠰᠠᠨ ᠴᠤ                                              ᠬᠡᠯᠡ ᠪᠠᠨ ᠠᠯᠳᠠᠵᠤ ᠪᠣᠯᠬᠤ ᠦᠭᠡᠢ                                        ᠬᠡᠵᠢᠶ᠎ᠡ ᠬᠠᠮᠢᠭ᠎ᠠ ᠴᠤ ᠮᠣᠩᠭᠤᠯ ᠢᠶᠠᠨ                                              ᠮᠡᠳᠡᠷᠡᠭᠳᠡᠭᠦᠯᠦᠨ ᠶᠠᠪᠤᠬᠤ ᠰᠠᠨ                                                                        ᠹ᠊ · ᠪᠦᠬᠡ        ᠨᠢᠭᠡ︽ᠬᠠᠭᠤᠴᠢᠨ ᠶᠠᠭᠤᠮ᠎ᠠ ᠤᠯᠡ ᠰᠢᠨ᠎ᠡ ᠶᠠᠭᠤᠮ᠎ᠠ ᠵᠤᠯᠡ︾ ᠭᠡᠳᠡᠭ ᠪᠣᠯ ᠬᠦᠮᠤᠨ ᠲᠡᠷᠢᠭᠦᠳᠡᠨ ᠭᠡᠴᠢᠨᠡᠨ ᠮᠢᠩᠭ᠎ᠠ ᠵᠠᠭᠤᠨ ᠤ ᠲᠤᠷᠰᠢᠳᠡᠬᠢ ᠤᠬᠠᠭᠠᠨ ᠤ ᠱᠦᠯᠳᠣ᠂ ᠠᠬᠤᠶᠢᠴᠢ ᠬᠤᠷᠢᠶᠡᠩᠭᠤᠶᠢᠯᠠᠯ ᠰᠠᠨ᠃ ᠲᠡᠭᠡᠬᠦ ᠳᠤ ᠬᠠᠭᠤᠴᠢᠨ ᠶᠠᠭᠤᠮ᠎ᠡ ᠨᠢ ᠰᠢᠨ᠎ᠡ ᠶᠠᠭᠤᠮᠡᠨ ᠳᠠᠭᠠᠨ ᠲᠡᠪᠢᠰᠭᠡᠷᠯᠡᠨ ᠨᠡᠶᠢᠭᠡᠮ ᠤᠨ ᠬᠦᠷᠳᠣᠨ ᠡᠷᠭᠢᠯᠳᠠ ᠶᠢ ᠲᠦᠷᠭᠡᠣᠡᠭᠡᠳᠡᠭ ᠪᠢᠯᠡ᠃ ᠮᠢᠨᠤ ᠪᠡᠶ᠎ᠡ ᠡᠨᠠᠬᠦ ︽ᠴᠢᠯᠣᠭᠡᠳᠤ ᠪᠢᠴᠢᠯᠭᠡ︾ ᠪᠠᠨ ᠬᠠᠭᠠᠰ ᠵᠠᠭᠤᠨ ᠭᠠᠷᠤᠢ— ᠲᠠᠯᠠᠭᠠᠣᠨ ᠵᠢᠯ ᠤᠨ ᠲᠡᠷᠳᠡᠭᠡᠬᠢ ᠰᠣᠷᠭᠠᠭᠤᠯᠢ ᠶᠢᠨ ᠪᠤᠱᠤᠭ᠎ᠠ ᠶᠢ ᠠᠯᠬᠤᠨ ᠮᠤᠩᠭᠤᠯ ᠥᠰᠣᠭ᠌ ᠤᠨ ᠴᠠᠭᠠᠨ ᠲᠤᠯᠤᠭᠠᠢ ᠯᠤᠭ᠎ᠠ ᠵᠤᠯᠭᠠᠨ ᠤᠶᠤᠨ ᠲᠦᠯᠵᠢᠭᠰᠡᠨ ᠲᠤᠷᠡᠰᠤᠮᠵᠢ ᠠᠴᠠ ᠡᠯᠭᠦᠯᠳᠠᠢ᠃ ᠲᠡᠷᠡ ᠪᠠᠷᠤᠡᠡᠯᠠᠵᠢᠨ ᠬᠤᠶᠡᠳᠡᠬᠢ ᠰᠤᠷᠤᠯᠭ᠎ᠠ ᠶᠢᠨ ᠬᠤᠭᠤᠴᠠᠭ᠎ᠠ ᠶᠢᠨ ᠡᠬᠢᠯᠡᠯᠳᠡ ᠣᠴᠢᠵᠤ ᠲᠠᠭᠠᠷᠡᠯᠳᠠᠢ᠃ ᠮᠠᠨ ᠤ ᠰᠣᠷᠭᠠᠭᠤᠯᠢ ᠳᠤ ᠫᠤᠩᠰᠤᠭ ᠭᠡᠭᠴᠢ ᠵᠠᠯᠠᠭᠤᠬᠠᠨ ᠪᠠᠭᠰᠢ ᠰᠢᠯᠵᠢᠨ ᠢᠷᠡᠵᠠᠢ᠃ ᠪᠠᠭᠰᠢ ᠮᠠᠨᠢ ᠪᠦᠳᠣᠭᠦᠨ ᠬᠠᠳᠣᠭᠤᠨ ᠪᠢᠯᠳᠡᠷᠳᠡᠨ ᠴᠣ᠋ ᠶᠡᠷᠤ ᠨᠢ ᠡᠪᠤᠭᠡᠵᠢᠶᠡᠷᠬᠡᠨ ᠰᠠᠨ᠋ᠬᠠᠳ᠋ᠬᠠᠰᠡᠨ ᠠᠪᠡᠢ᠃ ᠪᠠᠭᠰᠢ ᠶᠢᠨ ᠭᠡᠷ ᠨᠢ ᠮᠠᠨ ᠤ ᠵᠦᠬᠢᠨᠬᠤᠤᠡᠳᠤᠭ ᠠᠴᠠ ᠭᠤᠴᠢ ᠲᠦᠴᠢᠭᠡᠣᠨ ᠤᠨ ᠵᠠᠶᠢᠳᠠᠭᠤ ᠪᠠᠶᠢᠭᠠᠯ ᠠᠶᠢᠯ ᠭᠡᠨ᠎ᠡ᠃ ᠪᠠᠭᠰᠢ ᠪᠠᠷ ᠰᠤᠷᠭᠠᠭᠤᠯᠢ ᠶᠢᠨ ᠬᠦᠡᠳᠡᠢ ᠭᠡᠷ ᠲᠤ ᠭᠠᠨᠢ ᠭᠠᠭᠴᠠᠭᠠᠷ ᠪᠤᠯᠬᠤᠷ ᠨᠠᠮᠠᠶᠢ ᠬᠤᠨᠤᠭ ᠤᠨ ᠬᠠᠨᠢ ᠪᠤᠯᠭᠠᠳᠠᠭ᠃ ᠪᠠᠭᠰᠢ ᠳᠤ ᠬᠠᠨᠢ ᠪᠤᠯᠤᠡᠡᠰᠡᠨ ᠤᠬᠤᠷᠬᠠᠨ ᠬᠡᠳᠤᠨ ᠡᠳᠤᠷ ᠲᠤ ᠮᠠᠨ ᠤ ᠬᠤᠶᠡᠭᠤᠯᠨ ᠪᠠᠭᠰᠢ ᠱᠠᠪᠢ ᠶᠢᠨ ᠬᠦᠡᠳᠤᠤᠡᠭᠡᠯ ᠬᠠᠯᠠᠮᠵᠢᠯᠠᠯ ᠢᠶᠠᠷ ᠤᠴᠢᠷ ᠦᠭᠡᠢ ᠲᠠᠰᠣᠯᠴᠬᠠᠰᠡᠨ ᠳ᠋ᠡ᠃ ᠪᠠᠭᠰᠢ ᠮᠠᠨᠢ ᠨᠢᠭᠡᠨ ᠤᠳᠠᠭ᠎ᠠ ᠨᠣᠳᠤᠭ ︵ᠲᠡᠷᠨ ᠦᠶ᠎ᠡ ᠰᠣᠮᠣ ᠶᠢᠨ ᠨᠡᠷᠡᠶᠢᠳᠣᠯ︶ ᠤᠨ ᠬᠤᠷᠡᠯ ᠠᠴᠠ ᠢᠷᠡᠬᠦ ᠳᠡᠭᠡᠨ ᠲᠤᠮᠤᠬᠠᠨ ᠪᠠᠨᠯᠠᠭᠠᠳᠣ ᠬᠡᠴᠢᠶᠠᠯ ᠤᠨ ᠲᠡᠪᠳᠡᠷ ᠠᠪᠴᠢᠷᠠᠭᠠᠣᠨ ᠮᠠᠨᠤᠰ ᠢ ᠰᠠᠮᠪᠡᠷᠳᠣ ᠬᠢᠴᠢᠶᠡᠯᠡᠯᠭᠡ ᠠᠴᠠ ᠰᠠᠯᠭᠠᠨ ᠴᠢᠳᠠᠵᠠᠢ᠃ ᠲᠡᠭᠡᠭᠡᠣᠨ ᠰᠠᠶ᠋ᠢ ᠰᠤᠷᠬᠤ ᠪᠢᠴᠢᠭ ᠭᠡᠳᠡᠭ ᠲᠡᠶᠢᠮᠤ ᠶᠢ ᠮᠡᠳᠡᠭᠰᠡᠨ ᠪᠦᠭᠡᠤᠨ ᠲᠡᠷᠨ ᠲᠡᠪᠳᠡᠷ ᠠᠴᠠ ᠦᠨᠤᠷᠯᠡᠭᠳᠡᠬᠦ ᠰᠢᠨ᠎ᠡ ᠰᠣᠷᠭᠤᠬᠠᠡᠨ ᠦᠨᠤᠷ ᠢ ᠲᠠᠬᠢᠨ ᠲᠠᠬᠢᠨ ᠦᠨᠤᠷᠯᠡᠨ ᠴᠡᠭᠡᠵᠢ ᠵᠢᠷᠤᠬᠡ ᠪᠠᠨ ᠠᠷᠢᠭᠤᠰᠬᠠᠳᠠᠭ ᠪᠠᠭ᠋ᠠᠷᠡᠯ ᠪᠤᠴᠡᠵᠤ ᠢᠷᠡᠭᠡ ᠳ᠋ᠡ᠃ ᠬᠢᠴᠢᠶᠡᠯ ᠤᠨ ᠪᠢᠴᠢᠭ ᠤᠨ ᠲᠡᠷᠨ ᠭᠤᠴᠤ ᠦᠨᠤᠷ ᠨᠠᠮᠠᠶᠢ ᠨᠣᠮ ᠪᠢᠴᠢᠭ ᠤᠨ ᠪᠠᠭ᠋ᠠᠳᠣᠯ ᠲᠡᠰᠢ ᠬᠦᠳᠣᠯᠣᠯ᠎ᠠ ᠭᠡᠵᠣ ᠪᠤᠯᠤᠮᠠᠷ ᠶᠤᠮ᠃ ᠲᠡᠷᠨ ᠰᠢᠨ᠎ᠡ ᠲᠡᠪᠳᠡᠷ ᠠᠴᠠ ᠠᠩᠬᠢᠯᠣᠬᠤ ᠰᠣᠳᠣᠨ ᠦᠨᠤᠷᠳᠡᠯ ᠤᠨ ᠰᠣᠷᠢᠡᠵᠢᠯ ᠢ ᠢᠪᠷᠠᠶᠢᠴᠣᠣᠯ ︽ᠠᠷᠢᠭᠤᠨ ᠨᠣᠮ︾ ᠳᠠᠭᠠᠨ ᠪᠠᠯ ᠲᠦᠷᠬᠢᠨ ᠬᠡᠤᠬᠡᠳ ᠢᠶᠠᠷ ᠢᠶᠠᠨ ᠲᠤᠯᠢᠶᠡᠯᠭᠠᠨ ᠠᠮᠲᠠᠷᠬᠠᠭᠤᠯᠵᠤ ᠨᠣᠮ ᠤᠡᠭᠰᠢᠬᠤ ᠪᠠᠬ᠎ᠠ ᠳᠤ ᠬᠥᠲᠥᠯᠳᠡᠭ ᠭᠡᠳᠡᠭ ᠰᠠᠶᠢᠬᠠᠨ ᠲᠠᠭᠤᠷᠢᠰᠬᠠᠯ ᠯᠤᠭ᠎ᠠ ᠲᠠᠩᠴᠡᠭᠳᠡᠭᠦᠨ ᠵᠢᠷᠤᠮᠠᠷ ᠶᠤᠮ᠃ ᠨᠢᠭᠡᠨ ᠦᠳᠡ ᠶᠢᠨ ᠠᠮᠠᠷᠡᠯᠳᠡ ᠳᠤ ᠪᠠᠭᠰᠢ ᠸᠠᠳᠠᠩ ︵ᠲᠡᠷᠡ ᠦᠶ᠎ᠡ ᠳᠤ ᠪᠤᠡᠡᠴᠣ ᠮᠤᠡᠡᠴᠣ ᠭᠡᠵᠣ ᠬᠠᠮᠢᠭ᠎ᠠ ᠪᠤᠢ︶ ᠠᠴᠠ ᠪᠠᠨ ᠨᠠᠷᠢᠨ ᠡᠩ ᠤᠨ ᠬᠢᠷᠢᠳᠠᠢ ᠰᠢᠷᠠᠩᠭᠤᠶᠢᠬᠠᠨ ᠬᠡᠰᠡᠭᠳᠣ ᠴᠠᠭᠠᠰᠣ ᠭᠠᠷᠭᠠᠨ ᠡᠷᠬᠢᠭᠦᠯᠤᠨ ᠤᠷᠪᠡᠭᠤᠯᠵᠤ ᠣᠪᠣᠷ ᠲᠣᠪᠣᠷ ᠣᠡᠭᠰᠢᠡᠡᠰᠡᠨ ᠢᠶᠠᠨ ᠰᠢᠷᠡᠭᠡᠨ᠎ᠠ ᠲᠡᠯᠭᠡᠵᠣ ︽ᠪᠦᠬᠡ ᠴᠢ ᠪᠠᠷᠤᠭ ᠡᠭᠦᠨ ᠢ ᠣᠡᠭᠰᠢᠴᠢᠯᠠᠭᠦᠢ᠂ ᠠᠭᠤᠵᠢᠭᠤᠬᠠᠨ ᠦᠰᠣᠭ᠍ᠴᠢᠯᠡᠭᠡᠣᠨ ᠠᠯᠢ︕︾ ᠭᠡᠴᠢᠬᠡᠬᠡᠣᠨ ︽ᠡᠭᠦᠨ ᠢ ᠰᠤᠨᠢᠨ ᠭᠡᠵᠣ ᠬᠡᠯᠡᠨ᠎ᠡ᠂ ᠡᠨᠡ ᠦᠰᠣᠭ᠌ ᠤᠳ ᠨᠢ ᠲᠠᠨ ᠤ ᠰᠠᠮᠪᠡᠷᠯᠡᠯ ᠳᠤ ᠣᠡᠭᠰᠢᠳᠠᠭ ᠦᠰᠤᠭ᠌ ᠲᠠᠢ ᠠᠳᠠᠯᠢᠬᠠᠨ ᠶᠤᠮ ᠰᠢᠤ︾ ᠭᠡᠬᠦ ᠳᠤ ᠰᠣᠨᠢᠨ ᠭᠡᠳᠡᠭ ᠢ ᠰᠠᠶ᠋ᠢᠬᠠᠨ ᠦᠵᠡᠭᠡ᠂ ᠲᠡᠷᠨ ᠢᠵᠢᠷ ᠪᠢᠵᠢᠷᠬᠡᠨ ᠰᠢᠷᠭᠤᠯᠵᠢ ᠰᠢᠤᠬᠠᠨ ᠶᠠᠭᠤᠮ᠎ᠡ ᠶᠢ ᠶᠠᠭᠠᠬᠢᠨ ᠤᠡᠭᠰᠢᠳᠠᠭ ᠤᠤ ᠭᠡᠵᠤ ᠬᠢᠷᠳᠡᠬᠢᠨ ᠪᠠᠭᠰᠢ ᠶᠢ ᠡᠭᠴᠡᠯᠡᠨ ᠬᠢᠷᠪᠢᠰᠢᠩᠭᠦᠶᠢᠯᠡᠬᠦ ᠳᠤ ︽ᠴᠢ ᠰᠠᠮᠪᠡᠷ ᠤᠨ ᠦᠰᠣᠭ᠌ ᠢ ᠬᠠᠮᠤᠭ ᠠᠴᠠ ᠲᠦᠷᠭᠡᠨ ᠬᠠᠮᠤᠭ ᠠᠴᠠ ᠲᠤᠳᠤ ᠤᠡᠭᠰᠢᠳᠠᠭ ᠪᠢᠰᠢᠤ᠂ ᠮᠦᠤᠡᠳᠡᠷ ᠶᠠᠩᠵᠣ ᠪᠠᠷ ᠢᠶᠠᠨ ᠣᠡᠭᠰᠢ ᠭᠡᠨ᠎ᠡ︾᠃ ᠪᠢ ᠪᠠᠭᠰᠢ ᠶᠢᠨ ᠦᠭᠡ ᠪᠠᠷ ᠬᠠᠮᠤᠭ ᠲᠡᠭᠡᠭᠦᠷᠡᠬᠢ ᠬᠡᠳᠣᠨ ᠲᠤᠮᠤ ᠦᠰᠣᠭ᠌ ᠢ ︽ᠦ᠊ -ᠪᠤᠷ᠂ ᠮᠤᠩ᠊-‍ᠭᠤᠯ᠂ ᠮᠠ᠊- ᠳ᠋ᠡ᠊- ᠭᠡ︾ ᠭᠡᠵᠣ ᠵᠦᠭᠡᠭᠡᠨ ᠬᠡᠯᠬᠢᠨ ᠨᠡᠶᠢᠯᠡᠭᠦᠯᠣᠯ᠎ᠠ ᠴᠣ᠋ ᠲᠤᠮᠳᠡᠳᠡᠬᠢ ᠶᠢ ᠨᠢ ᠤᠡᠭᠰᠢᠨ ᠴᠢᠳᠠᠭ᠎ᠠ ᠦᠭᠡᠢ ᠳᠤ ᠲᠡᠷᠡᠪᠡᠷ ︽ᠡᠭᠦᠨ ᠢ ᠲᠡᠶᠢᠨ ᠢᠯᠭᠠᠯ ︿ ᠤᠨ﹀ ᠭᠡᠨ᠎ᠡ᠂ ᠲᠠᠨᠠᠷ ᠠᠭᠠᠵᠢᠮ ᠳᠠᠭᠠᠨ ᠰᠤᠷᠴᠢᠬᠠᠬᠤ ᠶᠤᠮ︾ ᠭᠡᠬᠦᠨ᠎ᠡ ᠪᠢ ᠰᠠᠶ᠋ᠢᠬᠢ ᠥᠰᠦᠭᠯᠡᠭᠰᠡᠨ ᠭᠤᠷᠪᠡ ᠲᠠᠢ ᠨᠡᠶᠢᠯᠡᠭᠦᠯᠣᠨ ︽ᠦᠪᠤᠷ ᠮᠤᠩᠭᠤᠯ ᠤᠨ ᠮᠡᠳᠡᠭᠡ︾ ᠭᠡᠵᠣ ᠪᠦᠷᠢᠨ ᠭᠠᠷᠭᠠᠬᠤᠯᠠᠷ ᠪᠠᠭᠰᠢ ᠠᠯᠠᠰᠬᠢᠨ ᠪᠡᠶᠡᠷᠯᠡᠴᠣ ︽ᠪᠤᠯᠵᠤ ᠪᠠᠶᠢᠨ᠎ᠠ᠂ ᠪᠤᠯᠵᠤ ᠪᠠᠶᠢᠨ᠎ᠠ︕︾ ᠭᠡᠣᠨ ᠮᠦᠷᠤ ᠶᠢ ᠲᠠᠪᠰᠢᠨ ᠲᠠᠪᠰᠢᠨ ᠡᠷᠡᠬᠡᠢ ᠭᠠᠷᠭᠠᠪᠡ᠃ ᠪᠠᠭᠰᠢ ᠵᠠᠯᠭᠠᠭᠠᠤᠨ ᠶᠠᠭᠤ ᠬᠡᠯᠡᠮᠡᠷᠬᠡᠨ ᠢᠶᠠᠨ ︽ᠴᠢᠩᠬᠢᠯ ᠦᠭᠡᠢ ᠂ ᠴᠢ ᠡᠨᠡ ᠰᠤᠨᠢᠨ ᠢ ᠠᠪᠤᠭᠠᠣᠨ ᠶᠡᠪᠤ︾ ᠭᠡᠤᠨ ᠰᠤᠨᠢᠨ ᠤ ᠬᠠᠮᠤᠭ ᠲᠦᠷᠤᠭᠦᠨ ᠤ ᠮᠡᠳᠡᠭᠡ ᠶᠢ ᠵᠢᠭᠠᠨ ︽ᠮᠠᠷᠭᠠᠰᠢ ᠴᠢᠮ᠎ᠠ ᠪᠠᠷ ᠣᠡᠭᠰᠢᠭᠤᠯᠤᠨ᠎ᠠ︾ ᠭᠡᠵᠣ ᠵᠡᠬᠢᠪᠡ᠃ ᠪᠢ ᠭᠡᠷ ᠪᠤᠴᠠᠯᠭᠠᠨ ᠳᠤ ᠴᠣᠭᠠᠷ ᠶᠠᠪᠤᠭᠰᠠᠳ ᠠᠴᠠ ᠬᠤᠴᠤᠷᠤᠰᠬᠢᠨ ᠬᠠᠭᠤᠷᠠᠢ ᠭᠤᠣᠯ ᠤᠨ ᠡᠷᠭᠢ ᠳᠤ ᠪᠤᠡᠡᠵᠣᠶᠢᠨ ᠨᠦᠮᠤᠷᠳᠡᠭᠡᠤᠨ ᠲᠡᠷᠨ ᠰᠤᠨᠢᠨ ᠢ ᠭᠠᠷᠭᠠᠪᠡᠯ ᠲᠤᠮᠳᠡᠭᠤᠷ ᠨᠢ ᠨᠤᠭᠤᠯᠠᠭᠠᠰᠣᠳᠠᠢ ᠬᠤᠶᠡᠷ ᠨᠢᠭᠤᠷ ᠤᠨ ᠴᠠᠭᠠᠳᠣ ᠲᠠᠯ᠎ᠠ ᠨᠢ ᠴᠣᠯᠭᠤᠢ᠃ ᠪᠢ ᠪᠠᠭᠰᠢ ᠶᠢᠨ ᠬᠡᠯᠡᠭᠰᠡᠨ ︽ᠱᠠᠮᠰᠢᠡᠡᠴᠢ ᠶᠡᠯᠡᠳᠡᠨ ᠪᠧ ᠸᠧᠨ ᠬᠤᠸ᠋ᠨ︾ ᠭᠡᠰᠡᠨ ᠮᠡᠳᠡᠭᠡ ᠶᠢ ᠦᠬᠡᠷ ᠮᠤᠷᠢᠨ ᠤ ᠬᠦᠴᠤᠨ ᠢᠶᠠᠷ ᠮᠦᠷ ᠲᠠᠷᠠᠭᠠᠯᠡᠨ ᠦᠰᠣᠭ᠍ᠯᠡᠭᠰᠡᠭᠡᠷ ᠤᠡᠭᠰᠢᠨ ᠪᠠᠷᠭᠠᠭᠠᠣᠨ ᠲᠡᠷᠨ ᠪᠠᠶᠡᠷᠯᠬᠠᠰᠡᠨ ᠤᠤ᠂ ᠲᠡᠷᠨ ᠲᠤᠡᠡᠳᠣᠯᠡᠯ ᠲᠡᠪᠭᠡᠷᠡᠯ ᠢ ᠣᠳᠣ ᠢᠯᠡᠣᠡᠭᠡᠮᠡᠷ ᠡᠪᠳᠠᠢ ᠦᠭᠡ ᠤᠯᠳᠠᠬᠤ ᠦᠭᠡᠢ ᠪᠠᠶᠢᠭ᠎ᠠ᠃ ᠲᠡᠳᠤᠢ ᠳᠤ ᠶᠡᠭᠡᠴᠣᠣᠯ ᠲᠠᠢ ᠠᠳᠠᠯᠢ ᠲᠠᠭᠤᠯᠠᠵᠣ ᠴᠢᠳᠠᠳᠠᠭ ᠪᠣᠯ ᠬᠠᠭᠤᠷᠠᠢ ᠭᠤᠣᠯ ᠤᠨ ᠰᠣᠬᠤᠷᠬᠠᠰᠡᠨ ᠪᠤᠯᠠᠭ ᠱᠠᠩᠳᠡ ᠶᠢ ᠤᠷᠭᠢᠳᠡᠯ᠎ᠡ ᠠᠶᠠᠯᠠᠭᠤᠯᠤᠡᠡᠰᠡᠨ ᠪᠠᠶᠢᠵᠤ ᠮᠡᠳᠡᠬᠦ ᠶᠤᠮ᠃ ᠬᠡᠷᠪᠡ ᠬᠠᠵᠠᠭᠤᠬᠠᠨ ᠳᠤ ᠽᠸᠡᠲᠸᠣ ︵ᠤᠳᠣ ᠶᠢᠨ ᠬᠥᠯ ᠪᠦᠮᠪᠦᠭᠡᠨ ᠤ ᠣᠷᠢᠳᠣᠰ ᠤᠤ︶ ᠪᠠᠶᠢᠡᠡᠰᠡᠨ ᠪᠣᠯ ᠬᠦᠯᠣᠷᠡᠳᠡᠯ᠎ᠡ ᠢᠰᠭᠦᠯᠤᠨ ᠬᠦᠭᠯᠡᠭᠰᠡᠨ ᠪᠤᠯᠵᠣᠰᠢ ᠦᠭᠡᠢ᠂ ᠶᠠᠭᠤ ᠪᠤᠯᠤᠶ᠎ᠡ ᠪᠡᠶ᠎ᠡ ᠪᠠᠨ ᠡᠵᠡᠮᠳᠡᠨ ᠴᠢᠳᠠᠬᠤ ᠦᠭᠡᠢ ᠬᠦᠭᠡᠷᠤᠵᠠᠢ᠃ ᠭᠡᠳᠣᠢ ᠲᠡᠭᠡᠵᠣ ᠪᠡᠶᠡᠷᠯᠡᠯ᠎ᠠ ᠭᠡᠤᠨ ︽ᠱᠠᠮᠰᠢᠡᠡᠴᠢ ᠶᠡᠯᠡᠳᠡᠨ ᠪᠧ ᠸᠧᠨ ᠬᠤᠸ᠋ᠨ︾ ᠭᠡᠳᠡᠭ ᠨᠢ ᠶᠠᠭᠤ ᠶᠢ ᠲᠦᠭᠦᠭᠡᠷᠡᠬᠦ ᠦᠭᠡᠢ ᠰᠢᠪ᠃ ᠲᠡᠷᠨ ᠬᠡᠳᠣᠨ ᠦᠭᠡ ᠪᠢᠳᠡᠭᠦᠣ ᠬᠠᠳᠠᠭᠤ ᠪᠠᠷ ᠲᠠᠷᠢᠬᠢᠨ ᠳᠤ ᠰᠠᠶᠢᠯᠣᠭ᠍ᠳᠡᠭᠡ᠃ ᠣᠳᠣ ᠪᠤᠳᠤᠬᠤ ᠳᠤ ᠠᠯᠳᠡᠷᠠᠶᠢᠬᠠᠨ ᠤ ᠤᠢ ᠲᠤᠡᠡᠳᠠᠭᠠᠮᠵᠢ ᠪᠤᠯᠤᠮᠠᠷ ᠪᠠᠶᠢᠵᠠᠢ᠃ ᠬᠤᠵᠢᠮᠳᠠᠨ ᠣᠢ ᠴᠡᠭᠡᠵᠢ ᠮᠡᠳᠡᠭᠳᠡᠮ᠎ᠡ ᠰᠣᠯᠠᠷᠡᠵᠣ ᠣᠡᠭᠰᠢᠨ ᠪᠦᠬᠦᠢ ᠶᠠᠭᠤᠮᠡᠨ ᠤ ᠪᠠᠨ ᠬᠦᠮᠤᠨ᠂ ᠦᠯᠢᠭᠡᠷ ᠦᠢᠯᠡ ᠶᠢ ᠣᠡᠭᠰᠢᠨ ᠪᠤᠢ ᠮᠠᠷᠳᠡᠨ ᠪᠤᠢ᠃ ᠲᠡᠷᠨ ᠮᠡᠷᠳᠡᠯ ᠢ ︽ᠰᠡᠪᠠ ᠨᠢ ᠴᠣᠭᠤᠷᠬᠠᠢ︾᠂ ᠡᠰᠡᠪᠡᠯ ︽ᠰᠢᠰᠢᠨ ᠲᠠᠷᠢᠶᠡᠨ ᠳᠤ ᠤᠷᠤᠡᠡᠰᠡᠨ ᠰᠠᠷᠮᠬᠠᠴᠢᠨ ᠤ ᠦᠷᠤᠭᠡᠰᠣᠨ ᠨᠢ︾ ᠭᠡᠪᠡᠯ ᠵᠠᠭᠤᠢ ᠲᠦᠰᠤᠭᠡᠷᠬᠡᠨ᠎ᠠ ᠪᠤᠯᠤᠯᠳᠠᠢ᠃ ᠡᠨᠡ ᠤᠬᠤᠷᠬᠠᠨ ᠲᠤᠷᠡᠰᠤᠮᠵᠢ ᠨᠦᠬᠦᠯ ᠪᠣᠯ ᠲᠠᠯᠠᠭᠠᠣᠨ ᠵᠢᠯ ᠤᠨ ᠡᠮᠤᠨᠠᠬᠢ ᠵᠦᠬᠢᠨᠬᠤᠤᠡᠳᠤᠭ ᠠᠶᠢᠯ ᠤᠨ ᠰᠤᠷᠭᠠᠭᠤᠯᠢ ᠳᠤ ︽ᠠᠩᠬ᠎ᠠ ᠨᠢᠭᠤᠷᠳ᠋ᠬᠠᠰᠡᠨ ᠰᠤᠨᠢᠨ ᠰᠢᠨ᠎ᠡ᠂ ᠠᠪᠢᠶᠡᠯᠡᠨ ᠤᠡᠭᠰᠢᠡᠡᠳ᠋ᠬᠠᠰᠡᠨ ᠥᠰᠤᠭ᠌ ᠰᠢᠨ᠎ᠡ ᠪᠦᠭᠡᠤᠨ ᠡᠨᠡ ᠬᠤᠶᠡᠷ ᠰᠢᠨ᠎ᠡ ᠲᠡᠭᠡᠷ᠎ᠡ ᠪᠢ ᠪᠡᠰᠠ ᠰᠢᠨ᠎ᠡ᠂ ᠭᠤᠷᠪᠡᠨ ᠰᠢᠨ᠎ᠡ ᠶᠢᠨ ᠲᠤᠡᠡᠯᠬᠠᠰᠡᠨ ᠭᠠᠭᠴᠨ ᠦᠵᠡᠭᠳᠡᠯᠳᠣ ᠵᠦᠵᠣᠭᠡ ᠰᠠᠨ︾᠂ ᠬᠢᠷᠢ ᠵᠦᠵᠣᠭᠡ ᠭᠡᠳᠡᠭ ᠢ ᠬᠡᠯᠡᠬᠦ ᠴᠢᠬᠤᠯᠨ ᠦᠭᠡᠢ᠂ ᠬᠠᠷᠢᠨ ᠲᠦᠷᠤᠭᠦᠤ ᠵᠠᠭᠤᠨ ᠤ ᠡᠬᠢᠨ᠎ᠡ ︽ᠮᠢᠨᠤ ᠨᠣᠳᠤᠭ ᠲᠠᠬᠢ ᠡᠷᠡᠨ ᠵᠠᠭᠠᠭᠯᠠᠯᠲᠤ ᠡᠬᠡ ᠬᠡᠯᠡᠨ ᠤ ᠵᠦᠵᠤᠭᠡ ᠪᠤᠯᠤᠡᠡᠰᠡᠨ ᠨᠢ ᠦᠨ᠎ᠡ ᠬᠦᠷᠤᠮᠡᠷ ᠭᠡᠵᠤ ᠪᠤᠳᠣᠮᠣᠢ᠃ ᠲᠡᠷᠨ ᠵᠦᠵᠣᠭᠡ ᠮᠦᠨ ᠡᠨᠡ ᠨᠣᠳᠤᠭ ᠤᠨ ᠬᠦᠷᠤᠰᠤᠨ ᠠᠴᠠ ᠴᠣᠬᠤᠶᠢᠡᠡᠰᠡᠨ ᠢᠷᠡᠮᠭᠦᠨ ᠨᠠᠬᠢᠶ᠎ᠡ ᠬᠡᠯᠳᠠᠢ᠃ ᠲᠡᠷᠨ ᠰᠤᠷᠭᠠᠭᠤᠯᠢ  ᠠᠴᠠ ᠨᠡᠷ᠎ᠡ ᠵᠢᠯᠲᠡᠨ ᠭᠠᠷᠤᠭ᠎ᠠ ᠦᠭᠡᠢ ᠴᠤ ᠡᠬᠡ ᠰᠤᠶᠤᠯ ᠳᠠᠭᠠᠨ ᠬᠦᠴᠤᠨ ᠴᠢᠳᠠᠯ ᠢᠶᠠᠨ ᠡᠷᠭᠦᠭᠰᠡᠳ ᠲᠠᠰᠤᠷᠠᠭ᠎ᠠ ᠦᠭᠡᠢ᠂ ᠣᠳᠣ ᠪᠤᠯᠳᠡᠯ᠎ᠠ ᠮᠤᠩᠭᠤᠯ ᠥᠰᠣᠭ᠌ ᠤᠨ ᠠᠷᠤᠤᠬᠠᠨ ᠠᠪᠢᠶ᠎ᠠ ᠠᠨᠢᠷᠳᠠᠭ᠎ᠠ ᠨᠢ ᠨᠤᠳᠠᠯᠠᠯᠳᠠᠢ ᠪᠢᠰᠢᠤ᠃  ︽ᠤᠰᠤ ᠶᠢ ᠨᠢ ᠤᠤᠭᠤᠪᠡᠯ ᠡᠬᠢ ᠶᠢ ᠨᠢ ᠮᠡᠷᠳᠠᠬᠤ ᠦᠭᠡᠢ︾᠂ ᠨᠠᠮᠠᠢᠢ ᠦᠯᠮᠠᠶᠢᠯᠡᠭᠦᠯᠤᠨ ᠦᠭᠡᠯᠡᠶᠢᠰᠢᠭᠦᠯᠦᠭᠰᠡᠨ ᠤᠤᠭᠠᠯ ᠨᠣᠳᠤᠭ— ᠵᠦᠭᠢᠨᠬᠤᠳᠲᠤᠭ ᠢᠶᠠᠨ ᠮᠡᠷᠳᠠᠬᠤ ᠦᠭᠡᠢ᠂ ᠡᠷᠳᠡᠮ ᠤᠨ ᠵᠢᠯᠣᠭᠤ ᠠᠤᠡᠬᠤᠭᠤᠯᠤᠡᠡᠰᠡᠨ ᠰᠤᠷᠭᠠᠭᠤᠯᠢ ᠪᠠᠨ ᠮᠡᠷᠳᠠᠬᠤ ᠦᠭᠡᠢ᠂ ᠤᠡᠭᠰᠢᠯᠭ᠎ᠠ ᠠᠩᠬᠠᠯᠠᠭᠤᠯᠤᠡᠡᠰᠡᠨ ᠫᠤᠩᠰᠤᠭ ᠪᠠᠭᠰᠢᠳᠡᠨ ᠢᠶᠠᠨ ᠦᠭᠡᠶᠢᠯᠡᠨ ᠮᠦᠷᠤᠭᠡᠣᠡᠴᠤ᠂ ᠮᠡᠳᠡᠯᠭᠡᠵᠢᠬᠦ ᠶᠢᠨ ᠬᠦᠳᠤᠴᠢ ︽ᠦᠪᠤᠷ ᠮᠤᠩᠭᠤᠯ ᠤᠨ ᠮᠡᠳᠡᠭᠡ︾ ᠳᠤ ᠰᠡᠣᠡᠬᠢᠯ ᠤᠨ ᠤᠭ ᠠᠴᠠ ᠲᠠᠯᠠᠷᠬᠠᠭ᠎ᠠ ᠪᠠᠨ ᠨᠦᠭᠦᠰᠣᠭᠡᠢ᠃  ᠬᠤᠵᠢᠮ ᠨᠢ ᠠᠵᠢᠯ ᠤᠨ ᠭᠠᠷᠤᠭ᠎ᠠ ᠳᠤ ᠰᠣᠨᠢᠨ ᠰᠡᠣᠡᠭᠦᠯ ᠣᠡᠭᠰᠢᠬᠤ ᠨᠦᠭᠦᠴᠡᠯ ᠪᠤᠯᠤᠮᠵᠢ ᠶᠢᠨ ᠲᠠᠭᠠᠤ ︽ᠯᠠᠪᠯᠠᠯᠳᠡ ᠶᠢᠨ ᠮᠡᠳᠡᠭᠡ︾ ᠰᠤᠨᠢᠨ ᠲᠠᠢ ᠠᠵᠠᠳᠠᠢ ᠵᠤᠯᠭᠠᠡᠡᠰᠡᠨ ᠶᠤᠮ᠃ ᠡᠨᠡ ᠪᠣᠯ ᠮᠢᠨᠤᠬᠢ ᠰᠤᠶᠤᠯ ᠤᠨ ᠠᠮᠢᠳᠤᠷᠡᠯ ᠤᠨ ᠡᠷᠭᠢᠯᠳᠠ ᠭᠡᠵᠤ ᠪᠤᠯᠤᠨ᠎ᠠ᠃ ᠲᠡᠷᠨ ᠠᠰ ᠲᠤ ᠣᠢ ᠴᠡᠭᠡᠵᠢᠯᠡᠭᠦᠷ ᠪᠠᠭ᠎ᠠ ᠶᠢᠨ ᠬᠢ ᠪᠠᠨ ᠬᠤᠯᠡ ᠬᠦᠷᠬᠦ ᠦᠭᠡᠢ ᠪᠤᠯᠤᠯ᠎ᠠ ᠭᠡᠤᠨ ᠡᠨᠡ ᠰᠤᠨᠢᠨ ᠤ ᠰᠢᠨ᠎ᠡ ᠰᠡᠪᠡᠭᠦᠨ ᠣᠴᠢᠷ ᠶᠡᠪᠤᠳᠡᠯ ᠤᠳ ᠨᠢ ᠬᠠᠷᠢᠨ ︽ᠰᠢᠰᠢᠨ ᠲᠠᠷᠢᠶᠡᠨ ᠤ ᠵᠦᠢᠷᠯᠡᠯ︾ ᠰᠢᠤ ᠵᠢᠪᠠᠷ ᠤᠨ ᠠᠶᠡᠰ ᠲᠠᠢ ᠵᠠᠮ ᠨᠡᠶᠢᠯᠡᠳᠡᠭ ᠦᠭᠡᠢ ᠨᠢ ᠭᠠᠶᠢᠬᠠᠭᠤᠰᠢᠲᠠᠢ᠃ ᠶᠡᠪᠤᠭᠠᠨ ᠳᠠᠭᠠᠨ ᠣᠷᠴᠢᠭᠤᠯᠭ᠎ᠠ ᠶᠢᠨ ᠨᠡᠷ᠎ᠡ ᠲᠣᠮᠢᠶ᠎ᠠ ᠪᠤᠯᠤᠶ᠎ᠠ ᠣᠯᠳ᠋ᠬᠠᠳᠡᠯ᠎ᠠ ᠭᠡᠭᠰᠡᠭᠡᠷ ᠤᠭᠤᠰᠣᠷ ᠪᠦᠴᠡ ᠶᠦᠭᠡᠨ ᠠᠳᠬᠤᠭᠤᠯᠤᠯ᠎ᠠ ᠭᠡᠵᠤ ᠮᠡᠳᠡ᠃ ᠴᠢᠩᠭᠢᠭᠡᠣᠨ ᠦᠪᠡᠷ ᠢ ᠪᠠᠨ ᠵᠠᠷᠢᠮᠳᠤᠭ ᠬᠦᠭᠵᠢᠯᠲᠡᠨ ᠪᠣᠯᠬᠤ ᠪᠠᠨ ᠰᠡᠷᠡᠭᠰᠡᠨ᠃ ᠡᠶᠢᠡᠬᠦ ᠵᠠᠷᠢᠮ ᠶᠠᠭᠤᠮᠡᠨ ᠳᠤ ᠪᠤᠯᠤᠮᠠᠷᠬᠠᠨ ᠵᠠᠷᠢᠮ ᠳᠤᠨᠢ ᠲᠬᠠᠳᠠᠳᠠᠭ ᠮᠢᠨᠢ ᠲᠤᠷ᠎ᠡ ᠰᠤᠨᠢᠷᠬᠠᠯ ᠳᠤ ᠬᠤᠯᠪᠤᠭᠠᠳᠣᠢ ᠪᠠᠶᠢᠵᠤ ᠮᠡᠳᠡᠨ᠎ᠠ᠃ ᠮᠢᠨᠤ ᠪᠡᠶ᠎ᠡ ᠵᠠᠯᠠᠭᠤ ᠢᠳᠡᠷ ᠲᠤ ᠤᠷᠴᠢᠭᠤᠯᠭ᠎ᠠ ᠶᠢᠨ ᠪᠠᠭ᠋ᠠᠳᠡᠨ ᠶᠤᠮ᠃ ᠣᠳᠣ ᠭᠡᠤᠨ ᠡᠪᠳᠠᠢ ᠶᠠᠭᠤᠮ᠎ᠠ ᠲᠠᠭᠠᠷᠬᠠᠰᠡᠭᠠᠷ ᠠᠠᠭ ᠬᠦᠳᠡᠯᠣᠭᠡᠣᠨ ᠪᠠᠶᠢᠳᠠᠭ᠃ ᠭᠠᠭᠴᠨ ᠯᠠ ᠴᠠᠭ ᠵᠠᠢ ᠳᠤ ᠪᠠᠷᠢᠡᠡᠳᠡᠨ᠎ᠠ᠃ ᠲᠡᠷᠨ ᠰᠠᠶᠢᠬᠠᠨ ᠴᠠᠭ ᠮᠦᠴᠨ ᠡᠷᠭᠢᠰᠢ ᠦᠭᠡᠢ ᠬᠤᠯᠠᠳᠠᠵᠠᠢ᠃ ᠲᠡᠭᠡᠬᠦ ᠪᠠᠷ ᠢᠶᠠᠨ ᠠᠮᠢᠨᠴᠠᠬᠠᠨ ︽ᠯᠠᠪᠯᠠᠯᠳᠡ ᠶᠢᠨ ᠮᠡᠳᠡᠭᠡ︾ ᠳᠡᠭᠡᠨ ᠭᠡᠳᠤᠨ ᠮᠦᠷ ᠡᠷᠭᠦᠪᠡᠰᠤ ᠠᠮᠢᠳᠣ ᠶᠠᠪᠤᠭ᠎ᠠ ᠶᠢᠨ ᠥᠷᠳᠡᠭ᠃ ᠲᠡᠷᠨ ᠨᠢ ︽ᠲᠤᠳᠣᠭᠠᠳᠤᠬᠢ ᠰᠤᠨᠢᠨ︾᠂ ᠬᠡᠨ ᠪᠤᠯᠭᠠᠨ ᠤ ᠭᠠᠷ ᠲᠤ ᠬᠦᠷᠳᠡᠭ ᠦᠭᠡᠢ ᠬᠡᠴᠡᠭᠦᠤ ᠬᠢᠵᠠᠭᠠᠷᠯᠡᠯ ᠲᠠᠢ ᠶᠤᠮ᠃ ᠲᠠᠷᠬᠠᠯᠳᠡ ᠬᠡᠪᠴᠢᠶᠡᠳᠠᠢ᠂ ᠡᠷᠡᠮᠪᠡ ᠲᠠᠷᠠᠭᠠᠯᠠᠯ ᠲᠠᠢ᠂ ᠲᠤᠡᠡᠳᠠᠭᠠᠯ ᠳᠠᠬᠢ ᠨᠠᠮ ᠤᠨ ᠭᠡᠰᠢᠭᠦᠨ ᠤᠳᠤᠷᠢᠤᠡᠬᠤ ᠺᠠᠳ᠋ᠷ ᠰᠠᠶ᠋ᠢ ᠤᠯᠵᠣ ᠬᠦᠷᠳᠡᠳᠡᠭ ᠤᠯᠤᠰ ᠲᠦᠷᠤ ᠶᠢᠨ ᠬᠡᠰᠢᠭ᠃ ᠨᠠᠳᠡᠳᠣ ᠲᠡᠳᠡᠭᠡᠷ ᠨᠦᠭᠦᠴᠡᠯ ᠪᠤᠯᠤᠮᠵᠢ ᠠᠯᠢᠨ ᠴᠣ᠋ ᠠᠯᠠᠭ᠎ᠠ᠃ ᠴᠢᠩᠬᠢᠶ᠎ᠠ ᠪᠡᠶ᠎ᠡ ᠪᠠᠨ ᠮᠡᠳᠡᠨ ᠬᠡᠪ ᠢᠶᠠᠨ ᠰᠠᠬᠢᠵᠣ ᠭᠠᠷ ᠨᠤᠬᠤᠯᠠᠨ ᠰᠠᠭᠤᠭ᠎ᠠ ᠦᠭᠡᠢ᠂ ᠠᠮᠢᠳᠤ ᠬᠦᠮᠤᠨ ᠳᠤ ᠠᠮᠢᠳᠤ ᠠᠷᠭ᠎ᠠ  ᠲᠠᠢ ᠭᠡᠳᠡᠭ ᠢᠶᠠᠷ ᠪᠣᠯᠬᠤᠶᠢᠴᠨ ᠣᠯᠵᠣ᠂ ᠨᠢᠭᠤᠨ ᠬᠠᠪᠴᠢᠨ ᠠᠮᠳᠡᠷᠬᠠᠨ ᠬᠤᠷᠤᠬᠠᠢ ᠪᠠᠨ ᠲᠠᠷᠤᠳᠠᠭ ᠪᠠᠶᠢᠡᠡᠰᠡᠨ᠃ ᠲᠡᠷᠡᠬᠦ ᠠᠶᠤᠨ ᠰᠤᠴᠢᠯ ᠢᠶᠠᠷ ᠭᠤᠶᠡᠳᠡᠭᠤᠯᠤᠨ ᠠᠡᠡᠰᠡᠨ ᠦᠡᠭᠭᠡᠷᠡᠭᠡᠯ ᠮᠢᠨᠢ ᠢᠨᠢᠶᠡᠳᠣ ᠬᠦᠷᠤᠯᠳᠠᠢ᠂ ᠲᠡᠭᠦᠨ ᠢ ᠡᠪᠳᠠᠶᠢᠬᠡᠨ ᠮᠤᠷᠤᠶᠢᠯᠭᠠᠨ ᠦᠯᠡᠳᠡᠭᠡᠬᠦᠨ᠎ᠡ ᠨᠢᠭᠡᠨ ᠢᠵᠢ ᠱᠣᠭᠯᠢᠭᠬᠠᠨ ᠦᠯᠢᠭᠡᠷ ᠪᠤᠯᠣᠯᠭᠦᠢ᠃ ᠡᠨᠡ ᠰᠤᠨᠢᠨ1933 ᠤᠨ᠎ᠡ ᠬᠡᠪᠯᠡᠯ ᠡᠬᠢᠯᠡᠭᠰᠡᠨ ᠣᠷᠳᠣ ᠨᠠᠰᠣᠳᠡᠨ᠂ ᠮᠠᠨ ᠤ ᠣᠯᠣᠰ ᠤᠨ ᠬᠠᠮᠤᠭ ᠠᠩᠬᠠᠨ ᠤ ᠬᠤᠰᠢᠭᠤᠴᠢ ᠰᠤᠨᠢᠨ᠂ ᠡᠳᠤᠭᠡ ᠪᠦᠬᠦ ᠣᠯᠣᠰ ᠤᠨ ᠭᠡᠳᠤᠨ ᠮᠢᠩᠭᠠᠨ ᠰᠣᠨᠢᠨ ᠳᠤ ᠵᠠᠬᠢᠶᠠᠯᠠᠯ ᠢᠶᠠᠷ ᠬᠠᠮᠤᠭ ᠦᠡᠳᠣᠷ᠂ ᠣᠡᠭᠰᠢᠡᠡᠴᠢᠣᠨ ᠤᠨ ᠦᠷᠭᠡᠨ ᠣᠡᠡᠳᠣᠯ ᠢ ᠣᠯᠤᠭ᠎ᠠ ᠪᠦᠭᠡᠤᠨ ᠬᠠᠷᠢᠴᠣᠣᠨ ᠦᠯᠠᠮᠵᠢ ᠵᠠᠬᠢᠶᠠᠯᠠᠳᠠᠭ ᠭᠡᠨ᠎ᠡ᠃ ᠲᠤᠰ ᠰᠤᠨᠢᠨ ᠰᠣᠶᠣᠯ ᠤᠨ ᠬᠤᠪᠢᠰᠬᠠᠯ ᠤᠨ ᠰᠡᠭᠦᠯᠴᠢ ᠪᠠᠷ ᠢᠯᠡ ᠲᠠᠷᠬᠠᠡᠡᠳ᠋ᠬᠠᠰᠡᠨ ᠠᠴᠠ ᠨᠠᠰᠢᠳᠠᠬᠢ ᠲᠦᠴᠢᠭᠡᠤᠨ ᠵᠢᠯ ᠠᠯᠰᠠᠭᠠᠯ ᠦᠭᠡᠢ ᠵᠠᠬᠢᠶᠠᠯᠬᠠᠰᠠᠭᠠᠷ ᠠᠪᠡᠢ᠃ ᠣᠳᠣ ᠭᠡᠬᠦᠨ᠎ᠡ ᠵᠢᠯ ᠤᠨ ᠵᠠᠬᠢᠶᠡᠯᠠᠯ ᠭᠤᠷᠪᠡᠨ ᠵᠠᠭᠤ ᠳᠠᠭᠠᠨ ᠭᠡᠳᠤᠭᠡᠨ ᠲᠦᠭᠦᠷᠢᠭ ᠲᠠᠳᠠᠭᠤ᠃ ᠡᠨᠡ ᠡᠯᠪᠡᠭ ᠪᠡᠶᠡᠨ ᠠᠭᠤᠯᠠᠬᠤᠨ ᠪᠦᠬᠦᠢ ᠰᠤᠨᠢᠨ ᠲᠠᠢ ᠲᠡᠷᠳᠡᠭᠡ ᠵᠠᠭᠤᠨ ᠳᠤ ᠲᠠᠨᠢᠯᠴᠬᠠᠰᠡᠨ ᠠᠴᠠ ᠭᠠᠳᠠᠭᠠᠳᠣ ᠶᠢᠷᠲᠢᠨᠴᠦ ᠶᠢ ᠬᠤᠯᠡ ᠶᠢᠨ ᠬᠤᠯᠡ ᠠᠴᠠ ᠣᠶᠢᠯᠠᠭᠠᠬᠤ ᠨᠢᠳᠣ ᠴᠢᠬᠢ ᠪᠤᠯᠭᠠᠯ᠎ᠠ᠃ ᠭᠡᠵᠢᠶ᠎ᠡ ᠬᠦᠷᠭᠡᠭᠡᠯᠳᠡ ᠬᠤᠶᠢᠰᠢᠯᠬᠠᠳᠡᠨ ᠲᠠᠰᠤᠯᠳ᠋ᠬᠠᠰᠠᠭᠠᠷ ᠴᠠᠢ ᠬᠤᠭᠤᠯᠡᠨ ᠳᠤ ᠲᠡᠪᠤᠰᠤ ᠴᠠᠭ᠎ᠠ ᠶᠢᠨ ᠠᠯᠢᠨ ᠨᠢ ᠳᠤᠲᠠᠴᠢᠭᠰᠠᠨ ᠰᠠᠭᠤᠭᠠᠣᠨ ᠴᠣ᠋ ᠲᠤᠡᠡᠳᠡᠪᠤᠷᠢ ᠠᠯᠳᠡᠨ ᠠᠯᠠᠮᠠᠶᠢᠷᠡᠳᠠᠭ᠃ ᠪᠢ ᠬᠡᠮᠡᠭᠴᠢ ᠡᠨᠡ ᠰᠤᠨᠢᠨ ᠢᠶᠠᠷ ᠪᠠᠷᠠᠬᠤ ᠦᠭᠡᠢ ᠤᠡᠳᠣᠣ ᠰᠣᠨᠢᠨ ᠰᠡᠣᠡᠭᠦᠯ ᠳᠤ ᠬᠠᠷᠠᠭ᠎ᠠ ᠬᠦᠶᠣᠯᠭᠡᠳᠡᠭ ᠦᠯᠣᠩᠳᠡᠨ᠃ ᠰᠣᠨᠢᠨ ᠰᠡᠣᠡᠭᠦᠯ ᠳᠤ ᠪᠠᠭ᠎ᠠ ᠪᠤᠰᠤ ᠴᠠᠭ ᠦᠷᠡᠳᠡᠭ ᠢᠶᠠᠷ ᠲᠠᠯᠠᠬᠡᠢ ᠳ᠋ᠠᠬᠢᠨ ᠤ ᠵᠠᠷᠢᠮ ᠲᠤᠮᠤ ᠣᠴᠢᠷ ᠶᠡᠪᠤᠳᠡᠯ᠂ ᠪᠤᠯᠵᠤ ᠦᠡᠭᠭᠡᠷᠡᠭᠰᠡᠨ ᠪᠤᠶᠤ ᠪᠤᠯᠤᠭ᠎ᠠ ᠬᠡᠷᠡᠭ ᠶᠡᠪᠤᠳᠡᠯ ᠢ ᠬᠢᠷᠢ ᠳᠡᠭᠡᠨ ᠭᠠᠳᠡᠷᠯᠠᠵᠤ᠂ ᠦᠪᠡᠷ ᠤᠨ ᠭᠡᠰᠡᠨ ᠵᠢᠰᠢᠶ᠎ᠡ ᠲᠠᠭᠠᠮᠠᠭ ᠲᠠᠢ᠃ ᠵᠢᠱᠢᠶᠡᠯᠡᠭᠦᠨ᠎ᠡ ᠬᠤᠯᠠᠬᠢ ᠶᠢ ᠪᠤᠯᠢᠵᠤ᠂ ᠠᠷᠪᠠᠭᠠᠤᠨ ᠯᠠ ᠵᠢᠯ ᠤᠨ ᠡᠮᠤᠨ᠎ᠠ ᠠᠮᠧᠷᠢᠺᠠ ᠪᠤᠯᠤᠨ ᠢᠷᠡᠺ ᠤᠨ ᠮᠦᠷᠭᠦᠯᠳᠤᠭᠡᠨ ᠳᠠᠬᠢ ᠰᠠᠳᠡᠮᠤ ᠶᠢᠨ ᠲᠡᠭᠦᠰᠣᠯ ᠵᠢᠴᠢ ᠯᠢᠪᠢᠶ᠎ᠠ ᠶᠢᠨ ᠺᠠᠵᠠᠹᠸᠢ ᠶᠢᠨ ᠦᠬᠦᠯ ᠠᠴᠠ ᠠᠪᠤᠭᠠᠣᠨ ᠠᠮᠧᠷᠢᠺᠠ ᠺᠦᠪᠠ᠂ ᠠᠮᠧᠷᠢᠺᠠ ᠰᠢᠷᠢᠶ᠎ᠡ ᠶᠢᠨ ᠵᠦᠷᠢᠯᠳᠤᠭᠡᠨ᠂ ᠠᠮᠧᠷᠢᠺᠠ ᠢᠷᠡᠨ ᠤ ᠡᠰᠡᠷᠭᠦᠴᠡᠯᠳᠣᠭᠡᠨ᠃ ᠨᠡᠩᠳᠡ ᠠᠮᠧᠷᠢᠺᠠ ᠰᠣᠯᠣᠩᠭᠤᠰ ᠤᠨ ᠡᠬᠢ ᠰᠡᠭᠦᠯ ᠨᠢ ᠣᠯᠳ᠋ᠬᠠᠳᠠᠬᠤ ᠦᠭᠡᠢ ᠵᠢᠭᠤᠷᠡᠯᠳᠤᠭᠠᠨ᠂ ᠪᠢ ᠶᠡᠷᠤ ᠨᠢ ᠲᠷᠦ᠋ᠮᠫᠦ᠋ ᠶᠢᠨ ᠵᠸᠡᠭ ᠡᠸ᠋ᠨ ᠬᠤᠶᠡᠷ ᠢ ᠠᠮᠧᠷᠢᠺᠠ ᠲᠢᠪ ᠤᠨ ᠬᠦᠭᠰᠢᠨ ᠪᠠᠷᠰ ᠠᠽᠢᠶ᠎ᠡ ᠲᠢᠪ ᠤᠨ ᠵᠠᠯᠠᠭᠤ ᠪᠠᠷᠰ ᠤᠨ ᠠᠷᠬᠢᠷᠡᠯ ᠭᠡᠵᠤ ᠪᠤᠳᠤᠬᠤ ᠪᠤᠯᠤᠡᠡᠰᠡᠨ᠃ ᠲᠡᠷᠨ ᠬᠤᠶᠡᠷ ᠭᠡᠳᠣᠡᠳᠡ ᠶᠢᠨ ᠬᠡᠯᠡᠯᠴᠡᠭᠡᠷ- ᠬᠤᠯᠬᠢᠶ᠎ᠡ ᠲᠤᠡᠡᠯᠠᠭᠠᠮ ᠰᠢᠤ ᠠᠭᠤᠯᠵᠡᠯ ᠠᠴᠠ ᠡᠪᠳᠡᠷᠡᠯ᠂ ᠡᠪᠳᠡᠷᠡᠯ ᠠᠴᠠ ᠠᠭᠤᠯᠵᠡᠯ- ᠰᠢᠷᠤᠭᠦᠰᠤᠯ ᠠᠴᠠ ᠨᠠᠮᠳᠡᠯ᠂ ᠨᠠᠮᠳᠡᠯ ᠠᠴᠠ ᠰᠢᠷᠤᠭᠦᠰᠤᠯ- ᠡᠪ ᠦᠭᠡᠶᠢᠳᠡᠪᠡᠯ ᠬᠤᠶᠡᠷ ᠪᠠᠷᠰ ᠴᠤᠡᠡᠭᠠᠷ ᠰᠦᠢᠣᠡᠴᠣ᠂ ᠲᠠᠶᠠᠩ ᠲᠠᠯᠠᠭᠡᠢ ᠳᠤ ᠴᠦᠮ᠎ᠡ ᠶᠢᠨ ᠠᠶᠤᠯᠳᠡᠭᠤᠯᠤᠯ ᠪᠣᠯᠵᠤ ᠮᠡᠳᠡᠨ᠎ᠡ᠃  ᠲᠡᠭᠡᠬᠦ ᠠᠴᠠ ᠲᠷᠦ᠋ᠮᠫᠦ᠋ ᠵᠠᠯᠬᠠᠭᠠᠯ ᠰᠦᠷᠳᠡᠭᠦᠯᠦᠯ ᠢᠶᠠᠨ ᠵᠣᠭᠰᠣᠵᠣ᠂ ᠶᠢᠨ ᠵᠧᠩ ᠡᠸ᠋ᠨ ᠴᠦᠮ᠎ᠡ ᠶᠢᠨ ᠵᠡᠪᠰᠡᠭ ᠤᠨ ᠲᠤᠷᠰᠢᠯᠲᠠ ᠪᠠᠨ ᠪᠣᠯᠢᠨ ᠬᠡᠯᠡᠯᠴᠡᠭᠡᠷ ᠢᠶᠠᠷ ᠵᠡᠭᠦᠨ ᠬᠤᠶᠢᠲᠦ ᠠᠽᠢᠶ᠎ᠠ ᠶᠢ ᠠᠮᠣᠷ ᠲᠠᠶᠢᠪᠤᠩ ᠪᠣᠯᠭᠠᠭᠠᠰᠠᠢ᠃ ᠡᠭᠦᠨ᠎ᠡ ᠠᠮᠧᠷᠢᠺᠠ ᠤᠷᠤᠰ ᠲᠡᠰ ᠠᠴᠠ ᠲᠠᠪᠠᠭᠰᠡᠨ ᠬᠤᠶᠡᠷ ᠣᠯᠣᠰ ᠤᠨ ᠮᠦᠷᠭᠦᠯᠳᠤᠭᠡᠨ ᠢ ᠲᠡᠮᠳᠡᠭᠡᠯᠬᠦ ᠦᠭᠡᠢ᠃ ᠡᠨᠡ ᠮᠠᠨᠢ ︽ᠰᠠᠪᠠᠭ᠎ᠠ ᠦᠭᠡᠢ ᠨᠤᠬᠠᠢ ᠰᠠᠷᠡᠨ ᠳᠤ ᠬᠤᠴᠠᠭ᠎ᠠ︾ ᠤᠤ᠂ ᠪᠢᠰᠢ ᠡ ᠪᠢᠰᠢ᠂ ᠮᠢᠨᠤ ᠬᠦᠮᠤᠨ ᠪᠤᠯᠤᠡᠡᠴᠢ ᠶᠢᠨ ᠬᠠᠷᠢᠭᠤᠴᠠᠯᠭ᠎ᠠ ᠪᠤᠯᠠᠢ᠃ ᠡᠨᠡ ᠮᠠᠨᠢ ᠮᠠᠵᠣᠣᠯᠠᠯ ᠪᠢᠰᠢ᠃ ᠪᠢ ᠮᠡᠳᠡᠪᠡᠯ ᠮᠡᠳᠡᠨ᠎ᠠ᠂ ᠮᠡᠳᠡᠬᠦ ᠦᠭᠡᠢ ᠪᠣᠯ ᠡᠰᠡ ᠮᠡᠳᠡᠮᠣᠢ᠂ ᠮᠡᠳᠡᠯᠭᠡ ᠳᠤ ᠰᠢᠳᠣᠷᠭᠤ ᠶᠢ ᠡᠷᠬᠢᠮᠨᠡᠭᠴᠢ᠃ ᠬᠡᠯᠡᠭᠦᠨ᠎ᠡ ᠬᠦᠮᠤᠨ ᠬᠦᠮᠤᠨ ᠤ ᠰᠣᠨᠢᠷᠬᠠᠯ ᠠᠳᠠᠯᠢ ᠦᠭᠡᠢ᠂ ᠮᠢᠨᠤᠬᠢ ᠡᠨᠡᠴᠢᠯᠡᠭᠰᠡᠨ ᠪᠠᠭ᠋ᠠᠳᠣᠯ ᠬᠦᠭᠡᠭᠡᠴᠡᠯᠳᠣᠯ ᠳᠤ ᠬᠠᠶᠡ ᠢᠷᠡᠳᠡᠭ ᠵᠠᠷᠢᠮ ᠮᠡᠷᠭᠡᠤᠨ ᠤᠨ ᠲᠠᠯ ᠰᠣᠯ ᠶᠡᠷᠢᠶ᠎ᠡ᠂ ᠲᠠᠭᠠᠵᠢᠩ ᠲᠤᠬᠤᠭᠤ ᠶᠢ ᠠᠯᠢᠨ ᠲᠡᠷᠨ ᠭᠡᠬᠦ ᠪᠤᠢ᠃ ︽ᠨᠣᠬᠠᠢ ᠬᠤᠴᠠᠬᠤ ᠪᠠᠷ ᠬᠤᠴᠠᠭ ᠲᠡᠮᠡᠭᠡ ᠶᠡᠪᠤᠬᠤ ᠪᠠᠷ ᠶᠡᠪᠤᠨ᠎ᠠ︾ ᠡᠨᠠᠬᠦ ᠬᠠᠪᠤᠳᠦ ᠬᠡᠯᠡᠴᠡ ᠶᠢ ᠪᠢᠷ ᠴᠠᠭᠠᠰᠣᠨ᠎ᠠ ᠠᠩᠬ᠎ᠠ ᠠᠮᠢᠯᠠᠭᠤᠯᠠᠭ᠎ᠠ ᠨᠢ᠃ ᠡᠨᠡ ᠢᠯᠳᠡᠷ᠎ᠡ ᠵᠠᠷᠢᠮ ᠰᠦᠬᠡᠷᠬᠦ ᠵᠢᠱᠢᠶ᠎ᠡ ᠠᠴᠠ ᠬᠡᠳᠦ ᠰᠡᠶᠢᠷᠡᠭᠦᠯᠣᠨ ᠴᠠᠢ ᠶᠢᠨ ᠵᠤᠭᠤᠭ ᠪᠤᠯᠭᠠᠪᠡᠯ᠂ ᠭᠤᠴᠢᠭᠠᠣᠨ ᠵᠢᠯ ᠤᠨ ᠡᠮᠤᠨ᠎ᠡ ᠨᠢᠭᠡᠨ ᠲᠠᠨᠢᠯ ᠢᠶᠠᠷ ᠭᠠᠷ ᠲᠠᠬᠢ ᠶᠢ ︽ᠶᠠᠮᠡᠷ ᠶᠠᠭᠤᠮ᠎ᠡ ᠤᠯᠤᠭᠠᠤᠨ ᠴᠢᠩᠬᠢᠨ ᠰᠠᠯᠡᠭᠠᠯ ᠦᠭᠡᠢ︾ ᠭᠡᠬᠦ ᠪᠠᠷ ᠨᠢ ︽ᠯᠠᠪᠯᠠᠯᠳᠡ ᠶᠢᠨ ᠮᠡᠳᠡᠭᠡ︾ ᠭᠡᠬᠦᠨ᠎ᠡ ᠨᠢᠳᠣ ᠨᠢ ᠤᠷᠤᠢ ᠪᠠᠷ ᠨᠢ ᠭᠠᠷᠤᠮ᠎ᠠ ︽ᠲᠡᠷᠨ ᠬᠤᠳᠡᠯᠴᠢ ᠰᠤᠨᠢᠨ ᠢ ᠶᠠᠭᠤ ᠬᠢᠬᠦ ᠶᠤᠮ︕︾ ᠭᠡᠴᠢᠭᠡᠭᠰᠡᠨ ᠶᠠᠭᠤᠮ᠎ᠠ ᠮᠡᠳᠡᠬᠦ ᠪᠠᠶᠢᠷᠢ ᠶᠢᠨ ᠬᠠᠮᠠᠷ ᠱᠠᠩᠨᠠᠶᠢᠯᠭᠠᠬᠤ ᠳᠤᠨᠢ ᠮᠠᠯ ᠪᠤᠯᠤᠡᠡᠰᠡᠨ ᠰᠠᠨ᠃ ︽ᠴᠢ ᠡᠬᠦᠨ ᠤ ᠬᠤᠳᠡᠯᠴᠢ ᠶᠢ ᠶᠠᠭᠠᠬᠢᠨ ᠮᠡᠳᠡᠯ᠎ᠠ︾ ᠭᠡᠵᠣ ᠠᠰᠠᠭᠤᠮᠠᠷᠬᠠᠨ ᠴᠣ᠋ ᠴᠠᠭᠠᠳᠣᠬᠢ ᠶᠢᠨ ᠦᠬᠡᠷ ᠤᠨ ᠴᠢᠨᠡᠭᠡ ᠦ ᠦᠰᠣᠭ᠌ ᠨᠢᠳᠣᠯᠡᠬᠦ ᠦᠭᠡᠢ ᠶᠢ ᠨᠢ ᠭᠡᠶᠢᠳᠡᠯ᠎ᠡ ᠮᠡᠳᠡᠬᠦ ᠠᠵᠠ᠂ ᠣᠷᠬᠢᠭᠠᠴᠢ ᠮᠠᠨᠢ ᠠᠯᠢ ᠫᠢᠯᠭᠠᠭ᠎ᠠ ᠶᠢᠨ  ᠬᠢ ᠪᠠᠷ ᠴᠢᠯᠭᠠᠳᠡᠯ᠎ᠠ᠂ ︽ᠰᠤᠬᠤᠷ ᠨᠤᠬᠠᠢ ᠭᠤᠳᠤᠯᠢ ᠶᠢᠨ ᠲᠠᠭᠤᠨ ᠢᠶᠠᠷ︾ ᠭᠡᠰᠡᠨ ᠬᠡᠯᠡᠴᠡ ᠨᠠᠭᠠᠴᠤ ᠶᠢᠨ ᠬᠢᠨ ᠨᠠᠷᠡᠡᠪᠤᠯᠠᠭ᠃ ᠡᠨᠡ ᠶᠡᠭᠡ ᠪᠠᠭᠰᠢᠳᠡᠨ ᠳᠤ ᠦᠭᠡᠷ᠎ᠠ ᠶᠠᠭᠤ ᠬᠡᠯᠡᠨ᠎ᠡ᠃ ᠬᠠᠷᠢᠨ ᠰᠤᠮᠤᠨ ᠤ ᠱᠦᠵᠢ ᠨᠢ ᠬᠡᠮᠡᠨ ᠶᠠᠩᠪᠡᠯᠡᠨ ᠬᠠᠮᠠᠷᠯᠠᠭᠴᠢ ᠶᠢᠨ ᠬᠢᠨ ︽ᠬᠤᠳᠡᠯᠴᠢ ᠰᠤᠨᠢᠨ︾ ᠭᠡᠰᠡᠨ ᠴᠡᠷᠠᠭ᠎ᠠ ᠦᠭᠡᠢ ᠫᠤᠤᠳᠡᠯ ᠨᠢ ᠪᠠᠶᠢᠨ ᠲᠠᠬᠢᠨ ᠪᠤᠰᠤᠭᠠᠯᠠᠨ ᠬᠠᠨᠢᠶᠡᠳᠤ ᠬᠦᠷᠭᠡᠳᠡᠭ᠃ ᠲᠡᠷᠨ ᠵᠠᠯᠠᠭᠤ ᠲᠠᠷᠤᠭᠠᠳᠡᠨ ᠤ ᠬᠢᠨ ᠠᠮᠠᠨ ᠳᠠᠭᠠᠨ ᠪᠠᠭᠳᠡᠮ᠎ᠠ ᠦᠭᠡᠢ ᠫᠢᠯᠭᠠᠳᠠᠯ ᠠᠴᠠ ᠬᠠᠭᠤᠴᠢᠨ ᠲᠠᠨᠢᠯ ᠤᠨ ᠴᠢᠯᠭᠠᠳᠡᠯ ᠤᠨ ᠨᠢᠭᠤᠴᠠ ᠨᠢ ᠲᠠᠶᠢᠯᠤᠡᠡᠳ᠋ᠬᠠᠰᠡᠨ᠃ ᠠᠢ ᠬᠦᠭᠡᠷᠤᠬᠦᠢ᠂ ᠲᠠᠷᠤᠭ᠎ᠠ ᠲᠠᠭᠠᠡᠡᠰᠡᠣᠨ ᠬᠤᠶᠡᠭᠤᠯᠨ ︽ᠲᠤᠮᠳᠡᠭᠤᠷ ᠰᠠᠪᠡ ᠴᠠᠯᠬᠢᠶ᠎ᠡ᠂ ᠲᠤᠳᠠᠭᠤ ᠮᠡᠳᠡᠭᠴᠢ ᠤᠷᠬᠢᠶ᠎ᠡ︾ ᠶᠢᠨ ᠪᠦᠷᠢᠯᠸ᠎ᠠ ᠪᠠᠶᠢᠵᠠᠢ᠃ ᠪᠠᠰᠡ ᠨᠢᠭᠡᠨ ᠲᠤᠬᠢᠶᠡᠯᠳᠣᠯ ᠭᠡᠬᠦᠨ᠎ᠡ ᠠᠯᠪᠡᠨ ᠭᠡᠷ ᠤᠨ ᠡᠷᠬᠢᠯᠡᠭᠴᠢ ᠪᠠᠷ ᠠᠵᠢᠯᠯᠠᠬᠤ ᠰᠢᠷᠡᠭᠡᠨ  ᠳᠠᠬᠢ ︽ᠯᠠᠪᠯᠠᠯᠳᠡ ᠶᠢᠨ ᠮᠡᠳᠡᠭᠡ︾ ᠰᠣᠨᠢᠨ ᠢ ᠱᠤᠬᠤᠭᠤᠷᠴᠢᠬᠠᠡᠡᠰᠡᠨ ︽ᠡᠨᠡ ᠰᠣᠨᠢᠨ ᠢ ᠬᠤᠰᠢᠭᠤᠨ ᠲᠠᠷᠤᠭᠠᠳᠡᠣᠨ ᠪᠠᠰᠡ ᠦᠵᠡᠳᠡᠭ ᠦᠭᠡᠢ ᠶᠤᠮ︕︾ ᠬᠡᠮᠡᠭᠰᠡᠨ ᠨᠢ ᠶᠠᠮᠡᠷ ᠤᠬᠠᠡᠡᠳᠠᠬᠤᠨ ᠤᠤ᠂ ᠲᠡᠭᠦᠨ ᠤ ᠴᠠᠭᠠᠨ᠎ᠠ ᠨᠢ ᠶᠠᠭᠤ ᠪᠤᠯᠳᠠᠯᠵᠠᠭ᠎ᠠ ᠤᠤ᠂ ᠴᠢ ᠬᠢᠷᠢ ᠠᠴᠠ ᠪᠠᠨ ᠭᠡᠳᠣᠷᠡᠭᠦᠣ ᠭᠡᠰᠡᠨ ᠢ ᠡᠪᠤᠭᠡᠨ ᠪᠢ ᠠᠡᠳᠡᠮᠡᠷ ᠦᠭᠡᠢ᠃ ᠠᠭᠤᠴᠢᠯᠠᠭᠠᠷᠠᠢ᠂ ᠮᠢᠨᠤ ᠰᠤᠨᠢᠨ ᠴᠢᠮ᠎ᠠ ᠳᠤ ᠬᠠᠮᠢᠭ᠎ᠠ ᠶᠠᠭᠤᠨ︕ ᠦᠵᠡᠭᠡᠣᠨ ᠪᠠᠶᠢᠬᠤ ᠳᠤ ᠴᠢᠨᠤ ᠡᠣ ᠳ᠋ᠡ ᠯᠠᠩ ︵ᠱᠦᠢ ᠬᠡᠣ ᠦᠯᠢᠭᠡᠷ ᠲᠠᠬᠢ ᠶᠬᠠᠵᠢᠭ ᠡᠣ ᠳ᠋ᠡ ᠯᠠᠩ ᠤᠨ ᠡᠷᠬᠢᠯᠡᠭᠡ ᠪᠠᠭᠤᠴᠠ ᠳᠤᠨᠢ ᠲᠡᠭᠦᠨ ᠠᠴᠠ ᠦᠡᠳᠤᠷ ᠬᠦᠮᠤᠨ ᠪᠠᠭᠤᠪᠡᠯ ᠲᠤᠷ᠎ᠡ ᠦᠭᠡᠶᠢᠳᠡᠯ ᠤᠨ ᠬᠢᠨ ᠶᠦᠭᠡ ᠬᠡᠯᠡᠴᠡ︶ ᠤᠨ ᠠᠤᠬᠠᠭ ᠴᠢᠨᠢ ᠮᠦᠨ ᠪᠠᠶᠢᠡᠡᠰᠠᠭᠠᠷ ᠤᠤ︕ ᠴᠢ ᠪᠢᠳᠡ ᠤᠤᠭᠤᠡᠡᠰᠡᠨ ᠶᠠᠭᠤᠮᠠᠨ ᠤ ᠪᠠᠨ ᠰᠠᠪᠡ ᠁︾  ᠭᠡᠵᠣ ᠶᠬᠠᠳᠠᠭᠤᠯᠣᠮᠠᠷ ᠴᠤ ᠡᠷᠢᠶᠡᠪᠤᠷ ᠬᠤᠷᠸ᠎ᠠ ᠡᠷᠢᠶᠡᠨ ᠠᠯᠠᠭ ᠢᠶᠠᠷ ᠳᠤᠲᠠᠬᠤ ᠤᠤ ᠭᠡᠵᠣ ᠲᠤᠳᠤᠷ᠎ᠡ ᠪᠠᠨ ᠰᠡᠭᠦᠷᠡᠰᠣᠯᠡᠨ ᠲᠡᠷᠡᠬᠦ ᠰᠦᠰᠣ ᠪᠤᠴᠠᠯᠭᠠᠮ᠎ᠠ ᠲᠠᠭᠠᠵᠢᠩ ᠪᠠᠰᠤᠮᠨᠠᠯ ᠤᠨ ᠬᠢᠨ ᠬᠠᠷᠢᠭᠤ ︽ᠲᠡᠶᠢᠮᠤ ᠤᠤ︕  ︾ ᠭᠡᠰᠡᠨ ᠯᠡ ᠶᠤᠮ᠃ ᠪᠢ ᠬᠡᠴᠢᠨᠡᠨ ᠵᠢᠯ ︽ᠯᠠᠪᠯᠠᠯᠳᠡ ᠶᠢᠨ ᠮᠡᠳᠡᠭᠡ︾ ᠰᠤᠨᠢᠨ ᠲᠠᠢ ᠨᠦᠬᠦᠷᠯᠡᠭᠡᠤᠨ ᠣᠷᠣ ᠦᠭᠡᠢ ᠭᠠᠵᠡᠷ ᠣᠪᠣᠭ᠎ᠠ ᠪᠤᠰᠬᠠᠨ ᠲᠦᠰ ᠮᠠᠨᠠᠷᠠᠭᠠᠡᠡᠰᠡᠨ ᠵᠦᠢᠯᠡᠰ ᠲᠠᠢ ᠬᠠᠷᠭᠤᠭ᠎ᠠ ᠦᠭᠡᠢ᠃ ᠣᠳᠣ ᠰᠣᠣᠳᠣ ᠶᠡᠭᠡ ᠪᠢᠴᠢᠭᠳᠡᠨ ᠪ᠊ · ᠷᠢᠡᠴᠢᠨ ᠤ ︽ᠮᠤᠩᠬᠠᠭ ᠤᠨ ᠲᠡᠷᠭᠡᠳᠡ ᠪᠠᠶᠢᠬᠤ ᠳᠤ ᠴᠠᠭ ᠲᠠᠩᠴᠣ ᠣᠷᠳᠣ᠂ ᠮᠣᠩᠳᠡᠰᠢ ᠦᠭᠡᠢ ᠮᠡᠳᠡᠯᠭᠡ ᠶᠢ ᠰᠣᠷᠬᠤ ᠳᠤ ᠴᠠᠭ ᠲᠠᠩᠴᠣ ᠪᠤᠭᠤᠨᠢ︾ ᠬᠡᠮᠡᠭᠰᠡᠨ ᠰᠣᠳᠣᠨ ᠦᠯᠡᠳᠡᠭᠡᠰᠣ ᠶᠢ ᠰᠡᠶᠢᠷᠡᠭᠦᠯᠣᠭᠡᠰᠣ᠃ ︽ᠯᠠᠪᠯᠠᠯᠳᠡ ᠶᠢᠨ ᠮᠡᠳᠡᠭᠡ︾ ᠮᠢᠨᠢ ᠣᠯᠳᠣᠢ ᠮᠢᠨᠤ ᠬᠡᠷᠡᠭ ᠪᠤᠳᠡᠰ ᠢ ᠠᠵᠢᠨ ᠣᠴᠢᠷ ᠶᠡᠪᠤᠳᠡᠯ ᠰᠣᠪᠢᠨ ᠲᠤᠩᠭᠠᠬᠤ ᠳᠤ ᠪᠠᠷᠣᠡᠡᠴᠠᠯᠠᠰᠢ ᠦᠭᠡᠢ ᠡᠨᠧᠷᠬᠢ ᠦᠭᠭᠦᠭᠰᠡᠨ ᠢ ᠮᠠᠷᠳᠡᠵᠣ ᠶᠠᠭᠤᠨ ᠪᠣᠯᠬᠤ ᠠᠵᠠᠢ᠃ ᠡᠨᠡ ᠴᠢᠯᠣᠭᠡᠳᠣ ᠪᠢᠴᠢᠯᠭᠡ ᠳᠤ ᠮᠦᠨ ᠮᠠᠷᠳᠡᠵᠣ ᠰᠡᠯᠳᠡᠭᠰᠡᠨ ᠢ ᠡᠭᠡᠭᠦᠯᠣᠨ ᠵᠠᠯᠠᠭᠤ ᠶᠢᠨ ᠢᠳᠡ ᠠᠭᠠᠭ ᠢ ᠪᠤᠴᠠᠭᠤᠯᠤᠭ᠎ᠠ ᠳᠤ ᠬᠤᠷᠭᠤᠨ ᠳᠠᠬᠢ ︽ᠰᠤᠪᠡᠰᠢᠳᠠᠢ︾ ︵ᠡᠨᠡ ᠪᠣᠯ ᠬᠠᠷ᠎ᠠ ᠬᠦᠮᠤᠨ ᠤ ᠰᠡᠴᠡᠨ ᠦᠭᠡ ᠶᠢᠨ ᠲᠡᠭᠦᠪᠤᠷᠢ︶ ᠶᠢᠨ ᠪᠠᠷᠢᠨᠲᠠᠭ ᠢ ᠵᠠᠳᠠᠯᠤᠨ ᠬᠤᠷᠢᠶᠡᠯᠭᠠᠳᠠᠢ ᠦᠪᠳᠡᠯ ᠴᠦᠪᠳᠡᠯ ᠠᠴᠠ ᠰᠢᠯᠢᠵᠣ ᠬᠡᠪ ᠶᠡᠷᠤᠳᠡ ᠶᠢᠨ ᠬᠤᠷᠡᠮᠳᠣᠭᠤᠯᠣᠯ ᠲᠠᠢ ᠪᠠᠨ ᠡᠪᠳᠡᠶᠢᠭᠡᠨ ᠠᠭᠤᠰᠣᠯᠳᠣᠭᠤᠯᠪᠡᠯ ᠤᠡᠭᠰᠢᠡᠡᠳᠠᠮᠠᠷ ᠶᠠᠭᠤᠮ᠎ᠡ ᠪᠤᠯᠭᠠᠵᠣ ᠴᠣ᠋ ᠤᠤ᠃ ᠭᠡᠳᠡᠯ᠎ᠠ ᠪᠢ ᠡᠶᠢᠮᠡᠭᠦᠬᠡᠨ ᠰᠲ᠋ᠢᠯᠳᠣ ᠲᠠᠢ ᠰᠠᠶ᠋ᠢᠬᠠᠨ ᠪᠦᠭᠡᠤᠨ ᠦᠷᠤᠭᠡᠯ ᠤᠨ ᠬᠢ ᠲᠠᠢ ᠬᠠᠪᠢᠳᠠᠭ᠎ᠠ ᠦᠭᠡᠢ ᠲᠤᠯᠠ ᠨᠢᠭᠡ ᠶᠡᠭᠡ ᠲᠡᠡᠴᠢᠭᠦᠷᠳᠡᠭᠡ᠃ ᠵᠠ᠂ ᠲᠠᠡᠴᠢᠭᠦᠷᠳᠡᠪᠡᠯ ᠲᠠᠡᠴᠢᠭᠦᠷᠳᠡ᠂ ᠮᠢᠨᠤ ᠮᠤᠩᠭᠤᠯ᠂ ᠮᠢᠨᠤ ᠡᠬᠡ ᠬᠡᠯᠡ ᠦᠰᠤᠭ᠌ ᠭᠡᠬᠦ ᠠᠴᠠ ᠭᠠᠭᠴᠨ ᠪᠤᠳᠤᠯ ᠢᠶᠠᠷ ᠡᠪᠯᠡᠭᠦᠯᠡᠯᠲᠡᠢ᠃ ᠡᠨᠡ ᠮᠠᠨᠢ ᠬᠡᠨ ᠠᠯᠢᠨ᠎ᠠ ᠲᠤᠰᠡ ᠡᠰᠡ ᠪᠤᠯᠤᠯ᠎ᠠ ᠴᠣ᠋ ᠶᠤᠷᠤ ᠪᠣᠯᠬᠤ ᠦᠭᠡᠢ᠂ ᠪᠤᠷᠬᠠᠨ ᠪᠣᠯᠬᠤ ᠦᠭᠡᠢ ᠳᠤ ᠪᠤᠳᠢ ᠪᠣᠯᠬᠤ ᠪᠠᠨ ᠠᠯᠳᠠᠨᠣ᠃          ᠬᠤᠶᠡᠷ ᠲᠠᠨᠤᠰ ᠢ ᠮᠡᠳᠡᠬᠦ ᠦᠭᠡᠢ᠂ ᠪᠢ ᠬᠠᠷᠢᠨ ᠬᠦᠭᠰᠢᠷᠡᠬᠦ ᠶᠢᠨ ᠦᠵᠤᠭᠦᠷ ᠵᠢᠯ ᠳᠡᠭᠡᠨ ᠤᠨ ᠳᠠᠭᠠᠨ ᠶᠡᠪᠤᠵᠤ ᠶᠡᠪᠤᠵᠤ ᠪᠡᠶ᠎ᠡ ᠰᠡᠣᠡᠬᠢᠯ ᠨᠢᠭᠡ ᠯᠡ ᠬᠦᠭᠡᠷᠤᠤ ᠬᠦᠭᠰᠡᠯ ᠪᠤᠯᠤᠭᠠᠣᠨ ᠶᠡᠭᠤ ᠪᠤᠳᠤᠵᠤ ᠬᠢᠭᠰᠡᠨ ᠴᠣ᠋ ᠬᠥᠪ ᠬᠦᠡᠭᠭᠡᠭᠡᠨ ᠤᠷᠮ᠎ᠠ ᠤᠷᠬᠢᠯᠤᠭᠠᠤᠨ ᠨᠦᠭᠦᠭᠡ ᠯᠠ ᠪᠤᠳᠤᠯ ᠤᠨ ᠭᠦᠨ ᠳᠠᠬᠢ ᠡᠮᠵᠡᠭᠯᠡᠯ ᠭᠤᠨᠢᠶᠡᠯ ᠬᠤᠯᠠᠳᠡᠴᠢᠬᠠᠡᠡᠰᠡᠨ᠂ ᠶᠡᠳᠡᠷᠭᠠᠯ ᠵᠦᠳᠡᠯ ᠵᠠᠶᠢᠳᠡᠴᠢᠬᠠᠡᠡᠰᠡᠨ ᠲᠠᠩᠳᠡ ᠪᠡᠶᠡᠰᠬᠠᠯ ᠪᠠᠭ᠋ᠠᠷᠬᠠᠯ ᠢᠷᠡᠳᠡᠭ ᠮᠢᠨᠢ ᠬᠠᠴᠢᠷᠬᠠᠮᠠᠷ᠂ ᠭᠠᠶᠢᠬᠠᠮᠠᠷ ᠶᠤᠮ᠃ ᠲᠡᠷᠨ ᠰᠠᠨᠠᠭ᠎ᠠ ᠰᠡᠣᠡᠬᠢᠯ ᠤᠨ ᠲᠠᠯᠪᠢᠭᠤᠷᠡᠯ ᠳᠤ ᠠᠮᠢᠳᠣᠷᠡᠯ ᠭᠡᠵᠢᠶᠡᠳᠡ ᠡᠶᠢᠮᠤ ᠪᠣᠯ ᠶᠠᠮᠠᠷ ᠰᠠᠶᠢᠬᠠᠨ ᠤᠤ ᠭᠡᠵᠣ ᠪᠤᠳᠤᠳᠠᠭ ᠪᠠ ᠡᠶᠢᠮᠤ ᠰᠡᠷᠡᠭᠳᠡᠬᠦᠨ ᠬᠡᠷᠪᠡ ᠪᠢᠯᠢᠭᠳᠡᠣᠨ ᠲᠤ ᠢᠷᠡᠳᠡᠭ ᠪᠣᠯ ᠲᠠᠳᠠᠨᠣᠰ ᠤᠨ ᠦᠵᠣᠭ᠌ ᠲᠤ ᠶᠠᠭᠠᠬᠢᠵᠤ ᠯᠠ ᠰᠢᠳᠢ ᠣᠷᠣᠰᠢᠨ ᠵᠢᠷᠪᠡᠯᠵᠠᠳᠡᠭ ᠪᠣᠯ᠂ ᠮᠢᠨᠤ ᠬᠦᠰᠢᠭᠦᠨ ᠲᠤᠯᠤᠭᠠᠢ ᠳᠤ ᠬᠤᠪᠢᠯᠭᠠᠨ ᠰᠠᠬᠢᠭᠤᠯᠤᠰᠣᠨ ᠤ ᠢᠪᠡᠭᠡᠯ ᠢᠷᠡᠯ᠎ᠡ ᠭᠡᠣᠨ ᠲᠡᠯᠵᠢ ᠦᠭᠡᠢ ᠳ᠋ᠡ᠃ ᠡᠭᠡᠭᠡᠣᠨ ᠲᠤᠩᠭᠠᠭᠠᠬᠤᠨ᠎ᠠ ᠡᠨᠡ ᠰᠣᠨᠢᠬᠠᠨ ᠮᠡᠳᠡᠷᠡᠭᠳᠡᠬᠦᠨ ᠹᠧᠽᠢᠣᠯᠣᠬᠢ ᠶᠢᠨ ᠬᠤᠪᠢᠷᠡᠯᠳᠡ ᠤᠤ ᠡᠰᠡᠪᠡᠯ ᠶᠠᠮᠠᠷᠬᠠᠨ ᠰᠣᠪᠢᠡᠭᠳᠡᠯ ᠤᠤ᠂ ᠶᠡᠷᠤ ᠨᠢ ᠤᠨᠢᠰᠤᠭ᠎ᠠ᠃ ᠪᠢ ᠮᠡᠳᠡᠷᠡᠯ ᠤᠨ ᠰᠡᠣᠡᠭᠢᠴᠡ ᠵᠦᠢᠴᠢ ᠪᠢᠰᠢ ᠪᠤᠯᠬᠤᠨ᠎ᠠ ᠠᠨᠤ ᠢᠨᠤ ᠬᠡᠮᠡᠨ ᠬᠡᠷᠬᠢᠨ ᠴᠢᠳᠠᠬᠤᠪ ᠠ᠋᠃ ᠶᠠᠭᠤ ᠠᠳᠤᠭᠠᠢ᠂ ᠡᠨᠡ ᠲᠠᠪᠠᠯᠢᠡᠡᠬᠠᠨ ᠳᠤ ᠬᠠᠨᠭ᠍ᠬᠤᠯᠣᠡᠡᠳ᠋ᠬᠠᠰᠡᠭᠠᠷ ᠬᠡᠵᠢᠶ᠎ᠡ ᠬᠠᠮᠢᠭ᠎ᠠ ᠴᠣ᠋ ᠣᠶᠠᠩᠭᠠᠯᠠᠳᠠᠭ ︽ᠮᠢᠨᠤ ᠨᠣᠳᠤᠭ︾᠄ᠥᠰᠬᠦ ᠠᠴᠠ ᠰᠣᠷᠣᠡᠡᠰᠡᠨ ᠦᠡᠳᠣᠰᠣᠨ ᠬᠡᠯᠡ             ᠮᠠᠷᠳᠡᠵᠣ ᠪᠤᠯᠤᠰᠢ ᠦᠭᠡᠢ ᠰᠤᠶᠤᠯᠦᠬᠦᠳᠡᠯ᠎ᠠ ᠤᠷᠤᠰᠢᠬᠤ ᠲᠦᠷᠤᠯᠬᠢ ᠨᠣᠳᠤᠭ             ᠰᠠᠯᠵᠣ ᠪᠤᠯᠤᠰᠢ ᠦᠭᠡᠢ ᠤᠷᠤᠨ ᠁          ᠁        ᠢ ᠣᠶᠠᠩᠭᠠᠯᠠᠴᠢᠮᠠᠷᠬᠠᠨ᠃ᠡᠶᠢᠡᠬᠦ ᠪᠠᠶᠠᠷᠯᠠᠩᠬᠠᠨ ᠮᠦᠴᠨ ᠳᠤ ᠪᠠᠵᠠᠭᠠᠭ᠎ᠠ ︽ᠥᠷᠢ ᠲᠦᠯᠤᠬᠦᠢ︾ ᠪᠠᠨ ᠡᠬᠢᠯᠡᠭᠦᠯᠤᠶ᠎ᠡ ᠭᠡᠵᠣ ᠪᠢᠷ ᠴᠠᠭᠠᠰᠣᠨ᠎ᠠ ᠭᠠᠷ ᠬᠦᠷᠬᠦ ᠶᠢᠨ ᠲᠡᠳᠡᠤᠬᠡᠨ᠎ᠠ ᠨᠤᠭᠤᠭᠠᠨ ᠬᠤᠪᠴᠡᠰᠣᠳᠣ ᠰᠢᠣᠳᠡᠡᠴᠢ ᠦᠬᠢᠨ ᠰᠤᠨᠢᠨ ᠰᠡᠣᠡᠭᠦᠯ ᠬᠦᠷᠭᠡᠭᠡᠨ ᠢᠷᠡᠯᠣᠭᠡ᠃ ᠬᠠᠮᠤᠭ ᠲᠦᠷᠤᠭᠦᠨ᠎ᠡ ︽ᠠᠷᠤ ᠬᠤᠷᠴᠢᠨ ᠰᠤᠨᠢᠨ︾ ᠢ ᠠᠪᠬᠤᠯᠠᠷ ᠪ᠊ · ᠲᠠᠮᠤᠷᠭᠤᠤᠯᠳᠤ ᠶᠢᠨ ᠤᠷᠴᠢᠭᠤᠯᠭ᠎ᠠ 3 ᠰᠠᠷ᠎ᠠ ︵2019 ᠤᠨ︶ ᠶᠢᠨ 2 ᠤ ᠰᠤᠨᠢᠨ ᠤ ᠭᠤᠷᠪᠡᠳᠣᠭᠠᠷ ᠨᠢᠭᠤᠷ ᠲᠠᠬᠢ ︽ᠡᠬᠡ ᠬᠡᠯᠠ ᠪᠠᠨ ᠠᠯᠳᠡᠵᠣ ᠪᠠᠶᠢᠭ᠎ᠠ- ᠮᠤᠩᠭᠤᠯᠴᠣᠣᠨ︾ ᠭᠠᠷᠴᠠᠭ ᠲᠤ ᠨᠢᠳᠣ ᠲᠣᠡᠡᠳᠡᠴᠢᠬᠠᠪᠡ᠃ ᠭᠠᠷ ᠲᠠᠬᠢ ᠪᠠᠨ ᠲᠠᠯᠪᠢᠨ ᠲᠡᠷᠨ ᠵᠣᠬᠢᠶᠡᠯ ᠢ ᠰᠢᠪᠳᠣᠷᠭᠠᠬᠤᠨ᠎ᠠ⁈ ᠶᠢᠨ ᠲᠤᠮᠤᠬᠠᠨ ᠲᠡᠮᠳᠡᠭ ᠴᠣᠷᠣᠰᠭᠢᠨ ᠠᠬᠢᠨ ᠦᠰᠣᠭ᠌ ᠲᠠᠷᠠᠭᠠᠯᠠᠨ ᠨᠠᠷᠢᠴᠠᠯᠬᠠᠰᠡᠨ ᠴᠢᠨᠢ ᠰᠢᠣᠳᠠᠡᠴᠢ ᠢᠷᠡᠬᠦ ᠶᠢᠨ ᠲᠡᠷᠨ ᠬᠤᠷᠣᠮ ᠤᠨ ᠬᠦᠭᠰᠡᠯ ᠬᠦᠬᠡᠷᠣᠯ ᠠᠭᠠᠷ ᠤᠨ ᠣᠷᠣᠰᠬᠠᠯ ᠳᠤ ᠠᠭᠤᠰᠣᠨ ᠦᠷᠤᠭᠡᠨ ᠤ ᠠᠮᠢᠰᠬᠤᠯ ᠣᠡᠡᠵᠣᠮ ᠬᠤᠪᠢᠷᠡᠨ ᠣᠣᠡᠬᠤᠨ ᠰᠦᠨᠠᠰᠤ ᠡᠰᠡᠷᠸ᠎ᠠ ᠪᠠᠨ ᠠᠳᠡᠭᠦᠷᠡᠴᠣ ᠤᠯᠠ ᠪᠠᠷ ᠪᠤᠯᠳᠡᠨ ᠠᠯᠳᠡᠯ᠎ᠠ ᠦᠦ᠂ ᠲᠡᠷᠨ ᠬᠤᠭᠤᠷᠤᠡᠳᠤ ᠶᠠᠭ ᠬᠠᠷ᠎ᠠ ᠲᠠᠷᠤᠭᠠᠣᠨ ᠡᠬᠡ ᠶᠢᠨ ᠰᠦ ᠪᠠᠨ ᠰᠢᠮᠡᠭᠰᠡᠨ ᠬᠦᠴᠤ ᠪᠠᠷ ᠲᠡᠯᠴᠢᠯᠡᠨ ᠰᠡᠷᠢᠳᠡᠭ ᠲᠠᠢ ᠠᠳᠠᠯᠢ ᠡᠳᠢ ᠬᠤᠳᠢ ᠪᠣᠯᠴᠢᠬᠠᠭᠰᠠᠨ᠂ ᠤᠷᠳᠣᠬᠠᠨ ᠬᠡᠳᠣ ᠠᠮᠢᠰᠬᠤᠮᠠᠨ ᠬᠡᠪ ᠳᠡᠭᠡᠨ ᠤᠷᠤᠵᠤ ︽ᠰᠤᠨᠢᠨ︾ ᠭᠡᠳᠡᠭ ᠴᠢᠨᠢ ᠰᠢᠨ᠎ᠡ ᠰᠡᠪᠡᠭᠦᠨ ᠮᠡᠳᠡᠭᠡ ᠵᠠᠩᠬᠢ᠂ ᠰᠣᠴᠢᠨ ᠬᠡᠯᠡᠮᠡᠭᠳᠡᠭᠦᠯᠣᠮ᠎ᠡ ᠬᠡᠷᠡᠭ ᠶᠡᠪᠤᠳᠡᠯ ᠨᠡᠶᠢᠳᠡᠯᠡᠯ ᠢᠶᠠᠷ ᠰᠤᠨᠢᠨ ᠭᠡᠭᠳᠡᠭᠰᠡᠨ ᠪᠠᠶᠢᠯᠭᠦᠢ᠃ ᠭᠡᠪᠡᠴᠣ ᠪᠢ ᠲᠠᠯᠠᠭᠠᠣᠨ ᠵᠢᠯ ᠰᠣᠨᠢᠨ ᠮᠣᠨᠢᠨ  ᠲᠠᠢ ᠨᠡᠶᠢᠵᠠᠯᠠᠭᠠᠣᠨ ᠡᠶᠢᠮᠣ ᠰᠦᠨᠠᠰᠤ ᠵᠠᠪᠬᠠᠷᠡᠮ᠎ᠠ ᠮᠡᠳᠡᠭᠡ ᠲᠠᠢ ᠰᠠᠶ᠋ᠢ ᠬᠠᠷᠭᠤᠪᠠ᠃ ᠶᠠᠭᠤ ᠭᠡᠨ᠎ᠠ ︽ᠮᠤᠩᠭᠤᠯ ᠬᠡᠯᠡ ᠦᠰᠤᠭ᠌ ᠡᠪᠡᠣᠡᠴᠢᠯᠡᠭᠡᠣᠨ ᠦᠬᠦᠯ ᠳᠤ ᠣᠶᠢᠷᠡᠳᠣᠡᠡᠰᠡᠨ ᠮᠡᠳᠡᠭᠳᠡᠯ ᠤᠨ ᠪᠢᠴᠢᠭ ︵ᠮᠡᠳᠡᠭᠳᠡᠯ ᠭᠡᠶ᠎ᠡ︶ ᠲᠤ ᠣᠷᠤᠵᠤ᠂ ᠡᠬᠦᠨ ᠠᠴᠠ ᠬᠤᠶᠢᠰᠢ ᠶᠢᠨ 15-19 ᠵᠢᠯ ᠤᠨ ᠲᠤᠳᠤᠷ᠎ᠠ ᠪᠤᠰᠤᠭ᠎ᠠ ᠪᠠᠷ ᠪᠢᠴᠢᠳᠡᠭ ᠮᠤᠩᠭᠤᠯ ᠦᠰᠣᠭ᠌ ᠪᠦᠬᠦᠨ ᠢᠶᠠᠷ ᠤᠰᠠᠣᠡᠬᠤ ᠠᠶᠣᠯᠳᠠᠢ︾ ᠭᠡᠪᠡ᠃ ᠬᠠᠯᠠᠭ᠂ ᠡᠨᠡ ᠴᠣ᠋ ᠡᠬᠦᠳᠡᠨ ᠳᠤ ᠣᠭᠤᠯᠢ ᠢᠨᠢᠶᠡᠨ ᠦᠨᠠᠰᠣᠨ ᠣᠪᠣᠭᠠᠨ ᠳᠤ ᠦᠨᠡᠭᠡ ᠬᠤᠴᠬᠠᠰᠡᠨ᠃ ᠶᠡᠷᠣ ᠨᠢ ᠮᠣᠩᠭᠤᠯᠴᠣᠣᠨ ᠤᠨ ᠪᠡᠯᠭᠡ ᠲᠡᠮᠳᠡᠭ᠂ ᠤᠯᠠᠭᠠᠨ ᠭᠤᠣᠯ ᠪᠤᠯᠤᠡᠡᠰᠡᠨ ᠬᠡᠯᠡ ᠦᠰᠤᠭ᠌ ᠲᠠᠪᠬᠤᠷ ᠴᠡᠭ ᠲᠠᠯᠪᠢᠬᠤ ᠶᠢᠨ ᠢᠷᠸᠡᠳᠣ ᠲᠤᠬᠢᠶᠡᠯᠡᠯ᠂ ᠯᠠᠩᠳᠡᠷᠮ᠎ᠡ ᠶᠢᠨ ᠨᠤᠪᠰᠢ᠃ ᠮᠤᠩᠳᠠᠭᠠᠨ ᠴᠣ᠋ ᠨᠡᠶᠢᠭᠡᠮ ᠨᠡᠶᠢᠳᠠ ᠯᠦᠭᠡ ᠨᠢᠭᠤᠷᠳ᠋ᠬᠠᠰᠡᠨ ᠬᠡᠳᠣᠨ ᠠᠷᠪᠡᠨ ᠵᠢᠯ ᠲᠤᠷᠰᠢᠳᠡ ᠮᠤᠩᠭᠤᠯ ᠤᠨ ᠵᠠᠶᠠᠭ᠎ᠠ ᠬᠠᠵᠠᠶᠢᠨ ᠬᠡᠯᠡ ᠦᠰᠤᠭ᠌ ᠤᠨ ᠡᠶᠢᠮᠤ ᠦᠯᠵᠠᠢ ᠪᠤᠰᠤ ᠴᠢᠮᠡᠭᠡ ᠬᠡᠵᠢᠶ᠎ᠡ ᠨᠢᠭᠡᠨ ᠡᠳᠤᠷ ᠯᠠᠪᠳᠠᠢ ᠢᠷᠡᠨ᠎ᠠ ᠭᠡᠰᠡᠨ ᠠᠶᠣᠩᠭᠤᠶᠢᠷᠯᠡᠯ ᠢᠶᠠᠷ ᠬᠤᠪᠳᠣᠯ ᠵᠢᠷᠤᠬᠡ ᠪᠠᠨ ᠰᠢᠪᠤᠭᠡᠳᠡᠭᠦᠯᠣᠨ ᠪᠦᠵᠣᠩ ᠡᠪᠤᠷᠯᠡᠭᠡ ᠳᠡᠭᠡᠨ ᠪᠤᠯᠵᠠᠢ᠂ ᠡᠰᠡ ᠲᠡᠶᠢᠮᠣ ᠰᠠᠨ ᠪᠣᠯ ᠦᠨᠡᠬᠡᠷ ᠵᠢᠷᠤᠬᠡ ᠠᠮᠠ ᠪᠠᠷ ᠦᠰᠤᠷᠬᠦ ᠨᠢ ᠡᠨᠡᠣᠭᠡᠨ᠃ᠠᠶ᠎ᠠ ᠬᠤᠬᠤᠢ᠂ ᠭᠤᠸ᠎ᠠ ᠰᠠᠶᠢᠬᠠᠨ ᠤ ᠢᠷᠡᠭᠤ ᠭᠡᠷᠡᠯ ᠰᠠᠴᠣᠷᠡᠭᠤᠯᠤᠡᠡᠰᠡᠨ ᠮᠢᠩᠭᠠᠨ ᠤᠨ ᠤ ᠲᠡᠤᠬᠡ ᠲᠠᠢ ᠡᠬᠡ ᠮᠤᠩᠭᠤᠯ ᠬᠡᠯᠡ ᠦᠰᠤᠭ᠌ ᠮᠢᠨᠢ ᠦᠡᠭᠭᠡᠷᠡᠭᠰᠡᠨ ᠳᠤ ᠮᠤᠩᠭᠤᠯᠴᠣᠣᠨ ᠤᠨ ᠬᠡᠶᠢᠮᠣᠷᠢ ᠶᠢ ᠲᠡᠷᠪᠡᠭᠦᠯᠵᠣ ᠲᠦᠷᠪᠡᠨ ᠲᠠᠯᠠᠢ ᠶᠢ ᠴᠡᠯᠭᠢᠭᠤᠯᠤᠨ ᠠᠽᠢᠶ᠎ᠠ ᠡᠸᠦ᠋ᠷᠦᠫᠡ ᠬᠤᠶᠡᠷ ᠲᠢᠪ ᠢ ᠬᠤᠯᠪᠤᠨ ᠶᠣᠸᠡᠨ ᠣᠯᠣᠰ ᠤᠨ ᠲᠦᠷᠤ ᠶᠢᠨ ᠬᠡᠯᠡ ᠪᠤᠯᠵᠤ᠂ ᠲᠡᠯᠡᠭᠡᠢ ᠳ᠋ᠠᠬᠢᠨ ᠲᠠᠢ ᠨᠠᠪᠳᠡᠷᠡᠭᠦᠯᠴᠡᠭᠰᠡᠨ ᠣᠯᠠᠮᠵᠢᠯᠠᠯ ᠲᠠᠢ᠂ ᠡᠳᠤᠭᠡ ᠮᠦᠨ ᠮᠤᠩᠭᠤᠯ ᠲᠤᠭᠤᠷᠭᠠᠳᠠᠤᠨ ᠤᠨ ᠰᠦᠭ ᠰᠦᠨᠠᠰᠣ ᠪᠤᠯᠤᠡᠡᠰᠡᠭᠠᠷ᠃ ᠲᠡᠷᠡᠪᠡᠷ ᠮᠢᠩ᠂ ᠴᠢᠩ ᠬᠤᠶᠡᠷ ᠲᠦᠷᠤ ᠶᠢᠨ ᠬᠡᠳᠤᠨ ᠵᠠᠭᠤᠭᠠᠣᠨ ᠢ ᠠᠵᠢᠭ ᠦᠭᠡᠢ ᠲᠤᠭᠤᠯᠤᠡᠡᠰᠡᠨ᠃ ᠭᠡᠳᠡᠯ᠎ᠠ ᠣᠳᠣ ᠶᠢᠨ ᠨᠡᠶᠢᠭᠡᠮ ᠵᠢᠷᠤᠮᠳᠣ ᠣᠯᠣᠰ ᠲᠤ ᠮᠦᠬᠦᠯ ᠰᠦᠨᠤᠯ ᠤᠨ ᠬᠠᠷ᠎ᠠ ᠠᠶᠣᠯ ᠳᠤ ᠲᠡᠯᠠᠴᠢᠯᠡᠬᠦ ᠭᠡᠵᠣ ᠵᠡᠭᠦᠳᠣᠨ ᠳᠤ ᠤᠷᠤᠪᠡᠣ︖ ᠴᠢᠩᠭᠢᠨ ᠪᠦᠭᠡᠳᠡᠯ᠎ᠠ ᠬᠡᠯᠡ ᠦᠰᠦᠭ ᠬᠦᠡᠳᠣᠣᠡᠭᠡᠭᠳᠡᠭᠡ᠂ ᠬᠦᠭᠵᠢᠭᠡ ᠭᠡᠰᠡᠨ ᠰᠤᠷᠤᠡᠡᠰᠡᠨ ᠢᠶᠠᠷ ᠬᠠᠨᠭ᠍ᠭᠢᠨᠠᠭᠤᠯᠤᠭᠠᠣᠨ ᠁ ᠤᠷᠢᠳᠡᠭᠢᠴᠣᠣᠯ ᠮᠢᠨᠢ ᠡᠭᠦᠯᠡᠨ ᠲᠠᠯᠳᠡ ᠡᠶᠢᠵᠦ ᠴᠣ᠋ ᠬᠦᠮᠤᠰᠭᠡ ᠵᠠᠩᠭᠢᠳᠣᠨ ᠰᠡᠭᠦᠷᠡᠰᠣᠯᠡᠭᠡ ᠪᠣᠯ⁈ ᠶᠠᠭᠠᠬᠢᠬᠤᠪ᠂ ᠲᠤᠯᠤᠡᠡᠳ᠋ᠬᠠᠰᠡᠨ ᠶᠡᠪᠤᠳᠡᠯ ᠢ ᠲᠤᠭᠤᠯᠤᠨ ᠭᠠᠷᠬᠤ ᠨᠢᠭᠡ ᠯᠠ ᠵᠠᠮ᠂ ᠬᠠᠷᠢᠨ ᠶᠡᠮᠡᠷ ᠠᠷᠭ᠎ᠠ ᠪᠠᠷᠢᠯ ᠢᠶᠠᠷ ᠮᠦᠬᠦᠯ ᠤᠨ ᠠᠶᠤᠯ ᠠᠴᠠ ᠬᠡᠯᠳᠤᠷᠢᠬᠦ ᠪᠤᠶᠤ ᠣᠳᠠᠭᠠᠰᠢᠷᠡᠭᠤᠯᠬᠤ ᠦᠦ᠂ ᠮᠣᠩᠭᠤᠯ ᠵᠢᠷᠤᠭᠡᠣᠨ ᠮᠢᠨᠤ᠃           ᠭᠤᠷᠪᠠᠣᠳᠣ ᠲᠡᠷᠨ ᠮᠡᠳᠡᠭᠡ ᠶᠢ ᠲᠤᠳᠤᠷᠡᠭᠤᠯᠠᠬᠤᠨ᠎ᠠ᠂ ᠣᠯᠠᠨ ᠣᠯᠣᠰ ᠤᠨ ᠬᠤᠯᠪᠤᠭᠠᠳᠣ ᠬᠤᠷᠡᠯ ᠤᠨ ︽ᠡᠾᠷᠢᠰᠲ᠋ᠣᠰ ᠤᠨ ᠱᠠᠰᠢᠨ ᠤ ᠰᠢᠡᠵᠢᠯᠡᠬᠦ ᠣᠬᠠᠭᠠᠨ ᠢᠤᠬᠠᠡᠯ ᠰᠣᠷᠭᠠᠯ ᠦᠭᠡ ᠶᠢᠨ ᠰᠣᠨᠢᠨ︾ ᠤ ᠮᠡᠳᠡᠭᠡᠯᠡᠭᠰᠡᠨ ᠢᠶᠠᠷ ᠣᠯᠡᠨ ᠣᠯᠣᠰ ᠤᠨ ᠬᠤᠯᠪᠤᠭᠠᠳᠣ ᠬᠤᠷᠡᠯ ᠤᠨ ᠰᠤᠷᠭᠠᠨ ᠬᠦᠮᠤᠵᠢᠯ᠂ ᠰᠢᠡᠵᠢᠯᠡᠬᠦ ᠣᠬᠠᠭᠠᠨ᠂ ᠰᠣᠶᠣᠯ ᠭᠡᠭᠡᠷᠡᠯ ᠤᠨ ᠵᠤᠬᠢᠶᠡᠨ ᠪᠠᠶᠢᠭᠤᠯᠤᠯᠳᠠ ᠠᠴᠠ ︽ᠪᠦᠬᠦ ᠲᠡᠯᠡᠭᠡᠢ ᠶᠢᠨ ᠣᠰᠠᠣᠡᠬᠤ ᠣᠶᠢᠷᠡᠳᠣᠡᠡᠰᠡᠨ ᠦᠭᠡ ᠬᠡᠯᠡᠨ ᠤ ᠬᠦᠰᠣᠨᠤᠭ᠍ᠳᠣ ᠳᠤ ᠨᠡᠶᠢᠳᠠ 199 ᠲᠦᠷᠤᠯ ᠤᠨ ᠬᠡᠯᠡ ᠶᠢ ᠵᠢᠡᠡᠰᠠᠭᠠᠡᠡᠰᠡᠨ ᠪᠠ ᠮᠤᠩᠭᠤᠯ ᠬᠡᠯᠡ ᠦᠰᠦᠭ ᠡᠪᠡᠣᠡᠴᠢᠯᠡᠭᠡᠣᠨ ᠦᠬᠦᠯ ᠳᠤ ᠤᠶᠢᠷᠡᠳᠣᠡᠡᠰᠡᠨ ᠮᠡᠳᠡᠭᠳᠡᠯ ᠪᠢᠴᠢᠭ ᠲᠤ ᠪᠦᠷᠢᠤᠡᠭᠡᠭᠳᠡᠨ ᠪᠦᠬᠦ ᠪᠦᠮᠪᠦᠷᠴᠡᠭ ᠤᠨ ᠣᠰᠠᠣᠡᠬᠤ ᠬᠡᠯᠡ ᠦᠰᠦᠭ ᠲᠤ ᠵᠢᠡᠡᠰᠠᠭᠠᠡᠡᠳᠡᠵᠣ᠂ ᠨᠢᠭᠡᠨᠳᠡ ᠰᠦᠨᠤᠵᠤ ᠮᠦᠬᠦᠬᠦ ᠪᠠᠶᠢᠳᠠᠯ ᠳᠤ ᠤᠷᠤᠵᠠᠢ ᠭᠡᠰᠡᠨ ᠪᠦᠭᠡᠣᠨ ᠬᠡᠯᠡ ᠦᠰᠦᠭ ᠤᠨ ᠲᠤᠰᠬᠠᠢ ᠮᠡᠷᠭᠡᠵᠢᠯᠳᠡᠣᠨ ᠠᠴᠠ ᠣᠳᠣ ᠶᠢᠨ ᠣᠰᠠᠣᠡᠴᠣ ᠪᠠᠶᠢᠭ᠎ᠠ ᠬᠤᠷᠳᠤᠴᠠ ᠪᠠᠷ ᠡᠭᠦᠨ ᠠᠴᠠ ᠬᠤᠶᠢᠰᠢᠬᠢ 15-19 ᠵᠢᠯ ᠤᠨ ᠲᠤᠳᠤᠷ᠎ᠠ ᠪᠤᠰᠤᠭ᠎ᠠ ᠪᠠᠷ ᠪᠢᠴᠢᠳᠡᠭ ᠪᠤᠯᠪᠡᠰᠣᠨ ᠰᠠᠶᠢᠬᠠᠨ ᠮᠤᠩᠭᠤᠯ ᠦᠰᠦᠭ ᠪᠢᠴᠢᠭ ᠲᠤᠰ ᠤᠷᠤᠨ ᠳᠤ ᠪᠦᠬᠦᠨ ᠢᠶᠠᠷ ᠣᠰᠠᠣᠡᠬᠤ ᠠᠶᠣᠯᠳᠠᠢ︾ ᠭᠡᠪᠠ᠃ᠶᠠᠭᠠᠬᠢᠬᠤᠪ᠂ ︽ᠰᠦᠬᠡ ᠲᠠᠯᠠᠶᠢᠳᠡᠯ᠎ᠠ ᠦᠬᠡᠷ ᠠᠮᠠᠷ︾᠂ ᠡᠷᠳᠠ ᠦᠭᠡᠢ ᠤᠷᠤᠢ ᠦᠭᠡᠢ ᠡᠨᠡ ᠰᠤᠨᠢᠨ ᠠᠯᠢ ᠵᠦᠭ ᠤᠨ ᠢᠷᠸ᠎ᠠ ᠵᠦᠡᠭ᠂ ᠶᠠᠮᠠᠷᠬᠠᠡᠨ ᠲᠠᠯᠳᠡ ᠶᠢᠨ ᠶᠠᠭᠤᠮ᠎ᠠ ᠰᠣᠪᠢᠡᠭᠳᠡᠭᠤᠯᠤᠭ᠎ᠠ︕ ᠵᠠ᠂ ᠲᠡᠭᠷᠢ ᠶᠡᠭᠦᠷᠡᠪᠡᠯ ᠶᠡᠭᠦᠷᠡᠵᠣ ᠪᠠᠶᠢᠭ᠂ ᠰᠠᠶ᠋ᠢᠬᠢ ᠰᠤᠴᠢᠭᠤᠳᠡᠭᠤᠯᠤᠯ ᠳᠤ ᠬᠡᠳᠣᠨ ᠨᠢᠭᠤᠷ ᠤᠷᠢᠤᠡᠴᠢᠯᠠᠭᠤᠯᠴᠢᠬᠠᠡᠡᠰᠡᠨ ᠤ ᠣᠴᠢᠷ᠂ ᠬᠠᠰᠢ ᠯᠠ ᠪᠠᠵᠠᠭᠠᠭ᠎ᠠ ᠴᠢᠯᠣᠭᠡᠳᠣ ᠪᠢᠴᠢᠯᠭᠡ ᠪᠠᠨ ᠣᠣᠯ ᠭᠠᠷᠴᠠᠭᠯᠠᠯ ︽ᠥᠷᠢ ᠲᠦᠯᠤᠬᠦᠢ︾ ᠪᠠᠷ ᠢᠶᠠᠨ ᠡᠬᠢᠯᠡᠭᠦᠯᠤᠶ᠎ᠠ᠃          ᠳᠥᠷᠪᠡᠡᠪᠦᠭᠡᠨ ᠭᠤᠸᠠᠢ ᠲᠠᠩᠴᠤ ᠳ᠋ᠠ᠂ ᠪᠠᠷᠲᠠᠭ᠎ᠠ ᠪᠠᠷ ᠪᠤᠮ ᠢ ᠭᠤᠶᠤᠬᠤ ᠦᠭᠡᠢ ᠳᠠᠯᠠᠢ ᠪᠠᠶᠠᠨ ᠮᠤᠩᠭᠤᠯ ᠦᠭᠡᠰ ᠤᠨ ᠰᠠᠩ ᠳᠤ ᠡᠶᠢᠮᠦ ᠯᠠ ᠦᠭᠡ ᠣᠯᠳᠠᠪᠠᠤ︖ ᠭᠡᠵᠦ ᠬᠠᠪᠰᠢᠨ ᠶᠦᠭᠡᠳᠡᠵᠦ᠂ ᠣᠯᠭᠢᠶ᠎ᠠ ᠦᠭᠡᠢ ᠬᠥᠭᠰᠢᠨ ᠲᠣᠯᠤᠭᠠᠢ ᠬᠠᠷᠢᠨ ᠦᠰᠦᠨ ᠠᠴᠠ ᠣᠯᠠᠨ ᠥᠷᠢ ᠰᠢᠷᠢ ᠳᠤ ᠤᠨᠠᠭᠠᠳ ᠦᠷᠦᠪᠴᠢᠯᠡᠳᠡᠳ ᠠᠴᠠ ᠶᠠᠭᠤᠬᠠᠨ ᠭᠤᠷᠢᠳᠠᠭ᠎ᠠ ᠭᠡᠯᠴᠡᠵᠦ ᠴᠤ ᠮᠡᠳᠡᠨ᠎ᠡ᠃ ᠵᠠ ᠶᠠᠭᠠᠬᠢᠬᠤᠪ᠂ ᠬᠦᠮᠦᠨ ᠶᠠᠭᠤ ᠬᠡᠯᠡᠬᠦ ᠦᠭᠡᠢ ᠶᠤᠮ᠃ ᠪᠣᠳᠤᠭᠰᠠᠨ ᠢᠶᠠᠷ ᠢᠶᠠᠨ ᠶᠠᠪᠤᠵᠤ ᠵᠣᠷᠢᠭᠰᠠᠨ ᠢᠶᠠᠷ ᠢᠶᠠᠨ ᠵᠣᠳᠤᠪᠠᠯ ᠲᠠᠭᠠᠷᠠᠴᠢᠬᠠᠨ᠎ᠠ᠃ ᠠᠭᠤᠴᠢᠯᠠᠭᠠᠷᠠᠢ᠂ ᠴᠢᠨᠤ ᠬᠡᠯᠡᠬᠦ ᠮᠢᠨᠤ ᠪᠣᠳᠤᠯ ᠲᠡᠭᠷᠢ ᠭᠠᠵᠠᠷ ᠵᠦᠷᠢᠴᠡᠬᠡᠵᠡᠢ᠃ ᠮᠢᠨᠤ ᠥᠷᠢ ᠭᠡᠳᠡᠭ ᠮᠦᠩᠬᠦ ᠲᠦᠭᠦᠷᠢᠭ ᠪᠢᠰᠢ᠂ ᠵᠢᠭᠡᠯᠡᠯ ᠲᠡᠭᠰᠢᠯᠡᠯ ᠴᠤ ᠪᠣᠰᠤ᠂ ᠮᠠᠨᠣᠰ ᠢ ᠳᠠᠶᠠᠩ ᠤᠨ ᠦᠨᠳᠦᠰᠦᠲᠡᠳ ᠲᠤ ᠥᠩᠭᠡ ᠢᠯᠡ ᠲᠠᠢ ᠠᠪᠴᠣ ᠶᠠᠪᠤᠭ᠎ᠠ ᠡᠬᠡ ᠬᠡᠯᠡ ᠦᠰᠦᠭ ᠤᠨ ᠡᠬᠡ ᠶᠢᠨ ᠴᠠᠭᠠᠨ ᠰᠦᠨ ᠤ ᠠᠴᠢ ᠬᠠᠷᠢᠭᠤᠯᠤᠯ᠂ ᠥᠭᠴᠡᠭᠡ ᠪᠣᠴᠠᠭᠤᠯᠤᠯ᠃ ᠡᠨᠡ ᠰᠢᠷᠠᠭᠴᠢᠨ ᠭᠠᠭ᠋ᠠᠢ ᠵᠢᠯ ᠪᠢ ᠨᠢᠭᠡᠨᠲᠡ ᠨᠠᠶᠠ ᠶᠢᠨ ᠮᠠᠩᠨᠠᠢ ᠶᠢ ᠢᠯᠢᠴᠢᠬᠡᠭᠰᠡᠨ᠃ ᠡᠨᠡ ᠨᠠᠰᠤ ᠴᠢᠮᠠᠯᠠᠬᠤ ᠪᠣᠰᠤ᠂ ︽ᠬᠦᠮᠦᠨ ᠤ ᠰᠠᠨᠠᠭ᠎ᠠ ᠵᠣᠨ ᠤ ᠢᠯᠠᠭ᠎ᠠ︾᠂ ᠨᠠᠶᠠ ᠭᠡᠳᠡᠭ ᠴᠢᠨᠢ ᠬᠤᠷᠤᠭᠤ ᠳᠠᠷᠤᠬᠤᠨ᠎ᠠ ᠬᠡᠳᠦᠨ ᠮᠢᠨᠦ᠋ᠲ ᠤᠨ ᠭᠠᠷᠤᠵᠠᠳᠠᠯ᠃ ᠡᠶᠢᠮᠦ ᠤᠷᠲᠤᠬᠠᠨ ᠵᠠᠶᠢᠴᠠᠯ ᠳᠤ ᠡᠬᠡ ᠬᠡᠯᠡᠨ ᠤ ᠪᠣᠶᠠᠨ ᠢᠶᠠᠷ ᠬᠦᠮᠦᠨ ᠳᠦᠷᠢ ᠲᠠᠢ ᠶᠠᠪᠤᠭᠰᠠᠨ ᠳᠠᠭᠠᠨ ᠣᠮᠣᠭᠰᠢᠨ᠎ᠠ᠃ ᠡᠨᠡ ᠪᠣᠯᠪᠠᠰᠤ ᠳᠡᠭᠡᠳᠦ ᠲᠡᠭᠷᠢ ᠶᠢᠨ ᠰᠣᠶᠣᠷᠬᠠᠯ᠂ ᠡᠪᠦᠭᠡ ᠶᠡᠬᠡᠴᠤᠤᠯ ᠤᠨ ᠡᠷᠢᠬᠡ ᠢᠮᠡᠷᠦᠯ ᠤᠨ ᠠᠴᠢ᠂ ᠡᠳᠡᠭᠡᠷ ᠠᠴᠠ ᠬᠡᠲᠦᠷᠡᠭᠦᠦ  ᠨᠢ ᠡᠬᠡ ᠬᠡᠯᠡᠨ ᠤ ᠬᠦᠷᠲᠡᠭᠡᠮᠵᠢᠭᠦᠯᠦᠯ᠃ᠪᠢᠳᠠᠭᠤᠬᠠᠨ ᠪᠢ ᠡᠬᠡ ᠶᠢᠨ ᠴᠠᠭᠠᠨ ᠬᠡᠪᠡᠯᠢ ᠳᠤ ᠬᠦᠮᠦᠨ ᠵᠠᠶᠠᠭ᠎ᠠ ᠲᠦᠰᠢᠨ ᠬᠦᠪᠦᠷᠯᠡᠭᠰᠡᠨ ᠠᠴᠠ ᠡᠨᠡ ᠬᠡᠯᠡᠨ ᠤ ᠢᠷᠠᠭᠤ ᠰᠣᠨᠤᠰᠬᠤᠯᠠᠩ ᠢ ᠠᠨᠢᠷᠯᠠᠨ᠂ ᠨᠢᠯᠬ᠎ᠠ ᠪᠠᠯᠴᠢᠷ ᠠᠴᠠ ᠪᠦᠦᠪᠡᠢ ᠶᠢᠨ ᠡᠭᠡᠰᠢᠭᠯᠡᠯ ᠢᠶᠠᠷ ᠡᠪᠡᠶᠢᠯᠡᠭᠦᠯᠦᠨ ᠲᠡᠨᠲᠡᠷ ᠲᠦᠳᠦᠷᠯᠠᠩᠭᠤᠳᠠ ᠠᠪᠤ ᠡᠵᠢ᠂ ᠠᠬ᠎ᠠ ᠡᠭᠡᠴᠢ᠂ ᠠᠶᠠᠭ᠎ᠠ ᠰᠠᠪᠬ᠎ᠠ ᠮᠡᠲᠦ ᠶᠢᠨ ᠠᠩᠬᠠᠨ ᠤ ᠪᠣᠷᠤ ᠬᠡᠯᠡᠯᠭᠡ ᠪᠠᠷ ᠬᠦᠲᠦᠯᠡᠭᠦᠯᠦᠨ᠂ ᠦᠭᠡᠯᠡᠶᠢᠰᠢᠩᠭᠦᠳᠡ ᠡᠭᠡᠰᠢᠭ ᠭᠡᠶᠢᠭᠦᠯᠦᠭᠴᠢᠲᠦ ᠴᠠᠭᠠᠨ ᠲᠣᠯᠤᠭᠠᠢ ᠶᠢ ᠠᠮᠲᠠᠰᠢᠭᠤᠯᠵᠤ ᠰᠤᠶᠤᠨ ᠭᠡᠭᠡᠷᠡᠭᠦᠯᠦᠯ ᠤᠨ ᠴᠠᠭᠠᠨ ᠮᠦᠷ ᠢᠶᠠᠷ ᠰᠡᠳᠬᠢᠯ ᠤᠨ ᠲᠠᠮᠢᠷ ᠪᠢᠯᠢᠭ ᠤᠨ ᠣᠴᠢ ᠬᠦᠷᠲᠡᠭᠡᠬᠡᠨ ᠰᠢᠷᠤᠢ ᠶᠢᠨ ᠲᠦᠮᠡᠴᠣᠣᠯ ᠳᠤ ᠣᠮᠤᠭᠰᠢᠭᠤᠨ ᠠᠯᠬᠤᠯᠠᠭᠤᠯᠤᠭᠰᠠᠨ᠃ ᠡᠬᠡ ᠬᠡᠯᠡ ᠮᠢᠨᠢ ᠦᠴᠦᠬᠡᠨ ᠨᠠᠳᠠᠳᠣ ᠮᠤᠩᠭᠤᠯ ᠢ ᠦᠭᠴᠦ ᠮᠣᠩᠭᠤᠯ ᠰᠢᠨᠳᠠᠰᠣ ᠱᠠᠩᠨᠠᠭᠠᠳ ᠵᠣᠭᠰᠤᠭᠰᠠᠨ ᠪᠤᠰᠤ᠂ ᠬᠡᠲᠡᠷᠭᠡ ᠪᠠᠨ ᠬᠤᠷᠢᠶᠠᠵᠤ ᠬᠡᠷᠡᠭ ᠠᠴᠠ ᠭᠠᠷᠴᠢᠬᠠᠭᠰᠠᠨ ᠴᠤ ᠠᠮᠢᠨᠴᠠᠬᠠᠨ ᠤᠷᠠᠢ ᠳᠠᠭᠤᠳᠠᠯ ᠁ ᠪᠠᠶᠠᠷᠯᠠᠬᠤ ᠦᠭᠡᠢ ᠶᠣᠰᠣᠨ ᠪᠣᠢ ᠤᠤ᠂ ᠠᠴᠢ ᠬᠠᠷᠢᠭᠤᠯᠬᠤ ᠦᠭᠡᠢ ᠪᠣᠯᠳᠠᠭ ᠤᠤ᠂ ᠬᠡᠨ ᠤ ᠰᠠᠶᠢᠨ ᠢᠶᠠᠷ ᠬᠡᠩᠭᠦᠯᠵᠡᠨ ᠶᠠᠭᠤᠨ ᠤ ᠰᠠᠶᠢᠨ ᠢᠶᠠᠷ ᠶᠦᠩᠬᠦᠯᠵᠡᠭᠡ ᠤᠤ︕ ᠡᠬᠡ ᠬᠡᠯᠡ ᠮᠢᠨᠢ ᠦᠭᠡᠢ ᠪᠣᠯ ᠮᠢᠨᠤ ᠦᠨᠦᠳᠦᠷ ᠪᠠᠶᠢᠬᠤ ᠦᠭᠡᠢ᠂ ᠪᠢ ᠡᠬᠡ ᠬᠡᠯᠡᠨ ᠳᠡᠭᠡᠨ ᠥᠷᠢ ᠲᠠᠢ᠂ ᠨᠠᠰᠤᠨ ᠲᠤᠷᠰᠢᠳᠠ ᠲᠦᠯᠦᠨ ᠦᠯᠦ ᠪᠠᠷᠠᠮᠤᠢ ‍ᠶ᠎ᠡ᠃    ᠲᠠᠪᠤᠦᠭᠦᠯᠡᠬᠦᠢ ᠢᠨᠤ ᠠᠮᠢᠳᠤᠷᠠᠯ ᠭᠡᠵᠦ ᠵᠦᠴᠦᠭᠡ ᠶᠢᠨ ᠲᠠᠶᠢᠰᠠ ᠪᠠᠶᠢᠵᠠᠢ᠃ ᠡᠷᠲᠡᠨ ᠠᠴᠠ ᠣᠳᠣ ᠪᠣᠯᠲᠠᠯ᠎ᠠ ᠡᠵᠡᠨ ᠲᠦᠰᠢᠮᠡᠯ ᠠᠴᠠ ᠡᠭᠡᠯᠴᠣᠳ ᠬᠤᠪᠢ ᠬᠤᠪᠢᠨ ᠤ ᠤᠳᠤᠷᠢᠳᠤᠭᠠᠯᠠᠭᠰᠠᠨ ᠵᠦᠴᠦᠭᠡ ᠪᠠᠨ ᠲᠣᠭᠯᠠᠳᠠᠭ᠃ ᠲᠡᠷᠡ ᠵᠦᠴᠦᠭᠡ ᠶᠢᠨ ᠶᠠᠮᠠᠷᠰᠢᠤᠬᠠᠨ ᠢ ᠦᠵᠡᠭᠴᠢᠳ ᠲᠤᠭᠲᠠᠭᠠᠨ᠎ᠠ᠃ ᠪᠢ ᠮᠦᠨ ᠬᠡᠳᠦᠨ ᠠᠷᠪᠠᠨ ᠵᠢᠯ ᠤᠨ ᠠᠳᠠᠷᠭᠠᠳᠤ ᠵᠦᠷᠢᠭ ᠲᠤ ᠦᠪᠡᠷ ᠤᠨ ᠵᠦᠴᠦᠭᠡ ᠪᠠᠨ ᠲᠤᠭᠯᠠᠭᠰᠠᠨ ᠯᠡ᠃ ᠦᠷᠦᠭᠡᠯᠴᠦᠦᠯ ᠤᠨ ᠵᠢᠩᠯᠡᠯ ᠦᠨᠡᠯᠡᠯ ᠢ ᠬᠦᠯᠢᠶᠡᠨ ᠶᠠᠭᠤ ᠬᠢᠨ᠎ᠡ᠃ ᠥᠷᠢ ᠲᠦᠯᠦᠭᠡᠰᠦᠨ ᠤ ᠰᠤᠩᠭᠤᠳᠠᠭ ᠨᠢ ᠪᠢᠯᠢᠦ ᠭᠡᠬᠦ ᠵᠢᠵᠢᠭ ᠬᠡᠳᠦᠨ ᠡᠷᠭᠢᠴᠡᠭᠦᠯᠦᠯ ᠢᠶᠠᠷ ᠵᠤᠭᠤᠭ ᠤᠨ ᠤᠭᠤᠰᠤᠷ ᠪᠣᠯᠭᠠᠶ᠎ᠠ᠃ ᠡᠨᠡ ᠮᠠᠨᠢ ᠲᠦᠯᠦᠭᠡᠰᠦᠯᠡᠯ ᠡᠰᠡᠬᠦ ᠶᠢ ᠲᠠᠨᠤᠰ ᠲᠤᠭᠲᠠᠭᠠᠮᠤ᠃ᠣᠨ ᠲᠣᠭᠠᠯᠠᠯ ᠢ ᠳᠠᠯᠠᠭᠠᠳ ᠵᠢᠯ ᠤᠬᠤᠷᠢᠭᠤᠯᠬᠤ ᠳᠤ᠂ ᠳᠡᠯᠡᠬᠡᠢ ᠶᠢᠨ ᠬᠤᠶᠠᠳᠤᠭᠠᠷ ᠳᠠᠶᠢᠨ ᠳᠤ ᠵᠦᠪᠯᠡᠯᠲᠦ ᠶᠢᠨ ᠤᠯᠠᠭᠠᠨ ᠠᠷᠮᠠᠢ ᠨᠣᠲᠤᠭ ᠢᠶᠠᠷ ᠥᠩᠭᠡᠷᠡᠬᠦᠨ᠎ᠡ ᠪᠢ ᠬᠡᠢ ᠨᠠᠰᠤ ᠪᠠᠷ ᠵᠢᠷᠭᠤᠭᠠᠲᠠᠢ᠃ ᠲᠡᠳᠡᠨᠦᠰ ᠤᠨ ᠵᠠᠶᠢᠳᠠᠩᠴᠣᠳ ︵ᠣᠯᠵᠠᠯᠬᠠᠰᠠᠣᠨ ᠭᠡᠳᠡᠭ ᠢ ᠬᠡᠵᠢᠶ᠎ᠡ ᠬᠤᠶᠢᠨ᠎ᠠ ᠮᠡᠳᠡᠵᠠᠢ︶ ᠨᠢ ᠭᠡᠷ ᠲᠤ ᠤᠷᠤᠵᠤ ᠢᠷᠡᠭᠡᠤᠨ ᠠᠪᠳᠡᠷ᠎ᠠ ᠲᠠᠪᠰᠠᠭ ᠢ ᠠᠭᠤᠳᠠᠯᠠᠨ ᠦᠩᠭᠡᠯᠵᠡᠨ᠎ᠡ᠃ ᠪᠢ ᠴᠣᠩᠬᠤ ᠣᠡᠡᠳᠡᠨ ᠰᠠᠭᠤᠭ᠎ᠠ ᠡᠮᠡᠭᠡ ᠶᠢᠨ ᠢᠶᠠᠨ ᠡᠪᠤᠷ ᠲᠤ ᠠᠡᠡᠳᠠᠶᠢᠨ ᠪᠦᠯᠳᠡᠭᠡᠨᠡᠨ ᠪᠠᠶᠢᠡᠡᠰᠡᠨ᠃ ᠲᠡᠭᠡᠳᠡᠯ᠎ᠠ ᠴᠠᠭᠠᠳᠣᠬᠢ ᠤᠳ ᠭᠠᠷ ᠬᠤᠭᠤᠰᠤᠨ ᠭᠠᠷᠤᠡᠡᠰᠡᠨ ᠰᠢᠡᠵᠢ ᠲᠠᠢ᠃ ᠪᠡᠯᠴᠢᠭᠡᠷ  ᠲᠠᠬᠢ ᠨᠢᠭᠡ ᠪᠦᠯᠤᠭ᠌ ᠪᠣᠳᠠ ᠶᠢ ᠲᠠᠭᠤᠡᠡᠰᠡᠨ ᠭᠡᠨ᠎ᠡ᠃ ᠬᠦᠮᠤᠰ ᠤᠨ ᠬᠠᠮᠠᠷᠳᠤ ︵ᠤᠷᠤᠰ ᠴᠡᠷᠢᠭ ᠢ ᠪᠦᠳᠣᠬᠦᠨ ᠬᠠᠮᠠᠷᠳᠣ ᠭᠡᠳᠡᠭ︶ ᠶᠢᠨ ᠵᠤᠭᠤᠭ ᠨᠠᠮᠳᠡᠨ ᠰᠣᠴᠢᠯ ᠲᠦᠷᠪᠢᠯ ᠠᠶᠡᠳ᠋ᠬᠠᠰᠡᠨ ᠪᠤᠯᠤᠯᠳᠠᠢ᠃ ᠲᠡᠳ᠋ᠨ ᠦᠡᠭᠭᠡᠷᠡᠨ ᠨᠠᠯᠢᠶᠡᠣᠨ ᠪᠤᠯᠵᠤ ᠠᠪᠤ ᠪᠤᠯᠤᠨ ᠡᠮᠡᠭᠡ ᠮᠤᠩᠭᠤᠯ ᠪᠢᠴᠢᠭ᠂ ᠬᠢᠳᠡᠣᠨ ᠪᠢᠴᠢᠭ ᠭᠡᠳᠡᠯ᠎ᠠ ᠰᠤᠷᠭᠠᠭᠤᠯᠢ ᠮᠤᠷᠭᠠᠭᠤᠯᠢ ᠭᠡᠵᠣ ᠰᠢᠪᠡᠨᠠᠯᠳᠣᠨ ᠨᠠᠮᠠᠶᠢ ᠲᠠᠩᠴᠣ ᠪᠠᠭ᠎ᠠ ᠪᠠᠶᠢᠡᠡᠰᠠᠭᠠᠷ ᠭᠡᠬᠦ ᠶᠢ ᠴᠢᠬᠢ ᠲᠡᠯᠳᠡᠶᠢᠯᠭᠡᠨ ᠴᠢᠩᠨᠡᠵᠣ᠂ ᠪᠢᠴᠢᠭ ᠦᠵᠡᠬᠦ ᠭᠡᠨ᠎ᠡ᠂ ᠪᠢᠴᠢᠭ ᠨᠢ ᠶᠠᠭᠤ ᠶᠤᠮ᠂ ᠲᠡᠬᠦᠨ ᠢ ᠦᠵᠡᠭᠡᠣᠨ ᠶᠡᠮᠠᠷ ᠬᠡᠷᠡᠭ ᠲᠠᠢ ᠭᠡᠵᠣ ᠶᠡᠬᠡᠯ᠎ᠡ ᠭᠠᠶᠢᠬᠠᠨ ᠶᠡᠪᠤᠳᠡᠯ᠎ᠠ ᠨᠢᠭᠡᠨ ᠡᠳᠤᠷ ᠠᠪᠤ ᠮᠢᠨᠢ ︽ᠮᠤᠩᠭᠤᠯ ᠪᠢᠴᠢᠭ ᠭᠡᠷ ᠠᠴᠠ ᠭᠠᠷᠤᠡᠡᠰᠠᠭᠠᠷ ᠬᠡᠷᠡᠭ ᠦᠭᠡᠢ᠂ ᠡᠨᠡ ᠬᠦᠤ ᠶᠢ ᠬᠢᠳᠡᠣᠨ ᠰᠤᠷᠭᠠᠭᠤᠯᠢ ᠳᠤ ᠦᠭᠬᠦᠶ᠎ᠡ︾ ᠭᠡᠵᠣ ᠡᠮᠡᠭᠡ ᠲᠠᠢ ᠵᠦᠪᠯᠡᠬᠦ ᠴᠣ᠋ ᠲᠡᠷᠨ ᠨᠠᠳᠡᠳᠣ ᠰᠣᠨᠣᠰᠬᠠᠬᠤ ᠮᠠᠳᠣ ᠬᠡᠯᠡᠬᠦ ᠳᠤ ᠲᠡᠭᠦᠨ ᠤ ᠦᠭᠡ ᠭᠠᠵᠡᠷ ᠲᠤᠰᠬᠤ ᠲᠠᠢ ᠵᠡᠷᠭᠡ ᠲᠡᠷᠨ ᠪᠢᠴᠢᠭ ᠭᠡᠳᠡᠭ ᠢ ᠦᠵᠡᠬᠦ ᠶᠤᠮ ᠪᠣᠯ ᠮᠣᠩᠭᠤᠯ ᠪᠢᠴᠢᠭ ᠢᠶᠠᠨ ᠦᠵᠡᠨ᠎ᠡ ᠭᠡᠵᠣ ᠲᠤᠮᠤᠭᠠᠷᠬᠠᠨ ᠬᠠᠷᠢᠭᠤᠯᠤᠡᠡᠰᠡᠨ᠃ ᠦᠨᠤ ᠪᠤᠳᠤᠬᠤᠨ᠎ᠠ ᠲᠡᠷᠨ ᠮᠤᠩᠭᠤᠯ ᠪᠢᠴᠢᠭ ᠭᠡᠳᠡᠭ ᠦᠭᠡ ᠴᠣᠬᠤᠮ ᠬᠠᠮᠢᠭ᠎ᠠ ᠠᠴᠠ ᠴᠡᠬᠢᠯᠣᠯ᠎ᠠ᠂ ᠨᠢᠯᠬ᠎ᠠ ᠲᠡᠷᠢᠬᠢ ᠨᠠᠭᠤᠢ ᠡᠨᠧᠷᠬᠢ ᠲᠠᠢ ᠪᠤᠯᠴᠢᠬᠠᠡᠡᠰᠡᠨ ᠪᠠᠶᠢᠵᠣ ᠦᠦ︕ ᠪᠢ  ᠲᠡᠭᠡᠨ ᠤᠷᠤᠭᠤᠯ ᠭᠤᠵᠤᠶᠢᠯᠭᠠᠨ ᠵᠦᠷᠢᠭᠦᠤᠯᠡᠭᠰᠡᠭᠡᠷ ᠦᠪᠡᠷ ᠤᠨ ᠰᠠᠨ᠋ᠬᠠᠰᠡᠨ ᠢᠶᠠᠷ ᠠᠶᠠᠯᠠᠭᠤ ᠰᠠᠶᠢᠬᠠᠨ ᠠ ᠡ ᠢ ᠪᠠᠨ ᠡᠬᠢᠯᠡᠨ ᠨᠢᠳᠣᠯᠠᠪᠠᠢ᠃ ᠰᠡᠭᠦᠯ ᠳᠤᠨᠢ ᠲᠤᠩᠭᠠᠬᠤ ᠳᠤ ᠠᠪᠤ ᠮᠢᠨᠢ ᠮᠤᠩᠭᠤᠯ ᠬᠡᠯᠡ ᠦᠰᠣᠭ᠌ ᠶᠠᠭᠠᠬᠢᠭᠠᠤᠨ ᠮᠤᠬᠤᠷᠳᠡᠯ ᠳᠤ ᠤᠷᠤᠡᠡᠰᠡᠨ ᠢ ᠮᠡᠳᠡᠬᠦ ᠦᠭᠡᠢ ᠰᠢᠪ᠂ ᠲᠡᠷᠡᠪᠡᠷ ᠨᠠᠰᠣᠨ ᠲᠤᠷᠰᠢᠳᠡ ᠡᠭᠦᠨ ᠤ ᠤᠬᠠᠭᠠᠨ ᠢ ᠮᠡᠳᠡᠭᠡ ᠦᠭᠡᠢ᠃ ᠲᠡᠷᠨ ᠠᠰ ᠤᠨ ᠬᠦᠮᠤᠰ ᠤᠨ ᠲᠠᠨᠢᠪᠤᠷᠢ ᠮᠡᠳᠡᠷᠡᠬᠦᠢ ᠪᠠᠷ ᠲᠡᠭᠦᠨ ᠰᠢᠭ ᠦᠰᠤᠭ᠌ ᠤᠨ ᠪᠠᠯᠠᠢ ᠶᠢ ᠬᠡᠯᠡᠬᠦ ᠦᠭᠡᠢ᠂ ᠲᠠᠯᠡ ᠨᠠᠶᠡᠨ ᠵᠢᠯ ᠤᠨ ᠲᠠᠷᠡᠭᠠᠬᠢ ᠦᠨᠤᠳᠤᠷ ᠪᠤᠯᠳᠡᠯ᠎ᠠ ᠲᠡᠶᠢᠮᠣ ᠮᠠᠨᠠᠷᠡᠭᠰᠡᠣᠨ ᠲᠤᠭᠠᠯᠬᠠᠳᠡᠬᠤ ᠯᠠ ᠳ᠋ᠡ᠃ ᠡᠳᠣᠢ ᠳᠤ ᠡᠭᠦᠯᠨ ᠲᠠᠯᠳᠠᠯᠬᠠᠰᠡᠨ ᠪᠣᠭᠤᠷᠤᠯ ᠢᠶᠠᠨ ᠪᠤᠷᠤᠭᠤᠰᠢᠶᠡᠬᠤ ᠦᠦ᠂ ᠪᠤᠯᠢᠭᠠᠴᠢ᠃ ᠠᠪᠤ ᠮᠢᠨᠢ ᠦᠰᠤᠭ᠌ ᠲᠠᠨᠢᠬᠤ ᠦᠭᠡᠢ ᠬᠠᠷᠡᠮᠰᠡᠯ ᠢᠶᠠᠨ ᠦᠷᠭᠦᠯᠵᠢᠳᠡ ᠶᠡᠷᠢᠵᠤ᠂ ᠲᠡᠷᠡᠬᠦ ᠬᠠᠷᠡᠮᠰᠡᠯ ᠢᠶᠠᠨ ᠮᠠᠨᠤᠰ ᠤᠨ ᠦᠶ᠎ᠡ ᠳᠤ ᠨᠦᠬᠦᠭᠡᠷ᠎ᠡ ᠰᠢᠳᠥ ᠵᠠᠭᠤᠡᠡᠰᠡᠨ ᠪᠠᠶᠢᠯᠬᠦᠢ᠃ ᠡᠨᠡ ᠪᠣᠯ ᠬᠡᠵᠢᠶ᠎ᠡ ᠬᠤᠵᠢᠮ ᠤᠨ ᠣᠬᠠᠭᠠᠷᠡᠯ᠃ ᠪᠢ ᠮᠤᠩᠭᠤᠯ ᠪᠢᠴᠢᠭ ᠢᠶᠠᠨ ᠦᠵᠡᠭᠡᠣᠨ ᠰᠠᠨᠠᠭᠠᠨ ᠳᠠᠭᠠᠨ ᠬᠦᠷᠤᠭ᠍ᠰᠡᠨ ᠴᠣ᠋ ᠰᠠᠨᠠᠮᠰᠡᠷ ᠪᠤᠰᠤ ᠲᠤᠬᠢᠶᠡᠯᠳᠣᠯ- ᠵᠣ᠋ ᠪᠠᠭᠰᠢ ᠮᠢᠨᠤ ᠨᠠᠷ᠎ᠡ ᠶᠢ ᠬᠢᠳᠡᠣᠨ ᠨᠡᠷ᠎ᠡ ᠪᠠᠷ ᠬᠠᠯᠠᠭᠤᠨ ᠰᠦᠢᠣᠨ ᠪᠣᠯᠣᠡᠡᠰᠡᠨ᠃ ᠮᠠᠨ ᠤ ᠠᠶᠢᠯ ᠪᠣᠯ ᠵᠡᠬᠦᠨ ᠪᠠᠷᠠᠭᠤᠨ ᠠᠩᠬᠢᠯᠡᠯ ᠢᠶᠠᠷ ᠮᠣᠩᠭᠤᠯ ᠬᠢᠳᠡᠣᠨ ᠬᠤᠯᠢᠯᠳᠣᠡᠡᠰᠡᠨ ᠰᠠᠭᠤᠷᠰᠢᠯ ᠪᠤᠯᠬᠤᠷ ᠰᠤᠷᠭᠠᠭᠤᠯᠢ ᠴᠣ᠋ ᠴᠤᠭᠠᠠᠷ᠃ ᠮᠤᠩᠭᠤᠯ ᠬᠢᠳᠡᠣᠨ ᠬᠤᠶᠡᠷ ᠪᠠᠭᠰᠢ᠃ ᠨᠢᠭᠡᠨ ᠤᠳᠠᠭ᠎ᠠ ᠵᠣ᠋ ᠪᠠᠭᠰᠢ ᠪᠠᠷ ᠮᠢᠨᠤ ᠨᠠᠷ᠎ᠡ ᠶᠢ ᠪᠤᠣ ᠶᠢᠨ ᠴᠸᠡᠭ ᠭᠡᠵᠣ  ᠬᠠᠯᠠᠨ ᠦᠭᠴᠠᠢ᠃ ᠭᠤᠴᠢ ᠲᠦᠴᠢᠨ ᠮᠤᠩᠭᠤᠯ ᠬᠡᠤᠬᠡᠳ ᠠᠴᠠ ᠭᠠᠭᠴᠨ ᠮᠢᠨᠤ ᠨᠡᠷ᠎ᠡ ᠶᠢ ᠶᠠᠭᠤ ᠭᠡᠵᠤ ᠬᠢᠳᠡᠣᠡᠴᠢᠯᠡᠪᠡ︖ ᠠᠯᠢᠶ᠎ᠡ ᠭᠡᠪᠡᠤ ᠠᠪᠬᠠᠯᠵᠢᠬᠠᠨ ᠭᠡᠯ᠎ᠡ ᠦᠦ᠂ ᠠᠯᠢ ᠡᠰᠡᠬᠦᠯ᠎ᠡ ᠬᠢᠲᠠᠳ ᠨᠡᠷ᠎ᠡ ᠰᠣᠯᠢᠯ ᠢᠶᠠᠷ ᠲᠤᠷᠰᠢᠴᠠ ᠬᠢᠯ᠎ᠡ ᠤᠤ᠂ ᠬᠡᠨ ᠮᠡᠳᠡᠯ᠎ᠡ᠃ ᠤᠴᠢᠷ ᠶᠠᠭᠠᠬᠢᠭᠠᠣᠨ ᠢ ᠤᠬᠤᠴᠢᠯᠠᠬᠤ ᠴᠢᠳᠠᠯ ᠤᠷᠤᠭᠠᠳᠣᠢ᠃ ᠲᠡᠷᠨ ᠨᠡᠷ᠎ᠡ ᠪᠠᠷ ᠲᠠᠭᠤᠳᠡᠬᠤᠨ᠎ᠠ ᠬᠠᠯᠠᠭᠠᠢ ᠳᠤ ᠬᠠᠣᠡᠬᠤᠡᠡᠳ᠋ᠬᠠᠰᠡᠨ ᠮᠡᠳᠤ ᠬᠠᠪᠤ ᠦᠭᠡᠢ᠂ ᠮᠠᠨᠠᠶᠢᠬᠢᠨ ᠨᠢ ᠦᠨᠤᠬᠢ ᠰᠤᠯᠢᠯ ᠦᠭᠡᠷᠳᠡᠭᠦᠯᠣᠯ ᠢ ᠰᠣᠨᠢᠷᠬᠠᠵᠤ ᠦᠦ᠂ ᠲᠠᠭᠠᠵᠢᠩᠨᠠᠪᠡᠤ ᠦᠨᠤᠬᠢ ᠪᠠᠷ ᠮᠣᠰᠢᠭᠠᠢᠷᠭᠤᠯᠤᠯᠴᠠᠬᠤ ᠨᠢ ᠵᠢᠭᠳᠡᠶᠢᠬᠡᠨ ᠰᠠᠨ᠃ ᠪᠤᠳᠤᠪᠡᠯ ᠬᠠᠴᠢᠷᠬᠠᠰᠡᠨ ᠠᠴᠠ ᠪᠢᠰᠢ ᠱᠤᠡᠡᠯᠡᠨ ᠬᠠᠪᠰᠢᠬᠤ ᠲᠡᠩᠭᠡᠭᠡ ᠲᠡᠳᠡᠨ ᠳᠤ ᠪᠠᠰᠡ ᠰᠠᠭᠤᠭ᠎ᠠ ᠦᠭᠡᠢ᠂ ᠲᠡᠳᠡᠨᠤᠰ ᠤᠨ ᠮᠣᠰᠢᠭᠠᠢᠷᠡᠭᠤᠯᠤᠯ ᠳᠤ ᠬᠡᠨ ᠨᠢᠭᠡᠨ ᠲᠠᠢ ᠣᠯᠠᠢ ᠪᠤᠯᠳᠠᠯ᠎ᠠ ᠤᠷᠡᠯᠴᠡᠨ ᠬᠡᠨᠳᠡᠷ ᠨᠠᠪᠳᠡᠷᠯᠡᠴᠢᠬᠠᠡᠡᠰᠡᠨ ᠰᠠᠨ᠋ᠬᠠᠳᠠᠬᠤᠯᠠᠷ ᠪᠠᠷᠢᠨ ᠡᠪᠤᠭᠡᠨ ᠪᠠᠭᠰᠢᠳᠡᠨ ᠬᠠᠰᠠᠷᠳᠠᠨᠢ ᠳᠤ ᠬᠦᠷᠴᠦ ᠪᠥᠬᠡ ᠪᠠᠨ ᠪᠤᠴᠠᠭᠠᠨ ᠠᠪᠤᠡᠡᠰᠡᠨ ᠦᠯᠢᠭᠡᠷ ᠲᠠᠢ ᠶᠣᠮᠳᠠᠭ᠃ ᠦᠨᠡᠨ ᠢ ᠬᠡᠯᠡᠬᠦᠨ᠎ᠡ ᠵᠣ᠋ ᠪᠠᠭᠰᠢ ᠶᠢᠨ ᠱᠠᠩᠨ᠋ᠬᠠᠰᠡᠨ ᠨᠠᠷ᠎ᠡ ᠶᠢ ᠲᠠᠣᠬᠠᠯᠰᠢᠭ᠎ᠠ ᠦᠭᠡᠢ ᠠᠴᠠ ᠪᠢᠰᠢ᠂ ᠲᠡᠷᠨ ᠨᠢ ᠬᠠᠶᠢᠯᠣᠡᠡᠳᠡᠯ ᠤᠨ ᠡᠬᠢᠯᠡᠯ᠂ ᠮᠣᠩᠭᠤᠯ ᠬᠦᠮᠤᠨ ᠤ ᠪᠡᠶ᠎ᠡ ᠪᠠᠨ ᠬᠦᠡᠳᠣᠣᠡᠭᠡᠬᠦ ᠰᠡᠣᠡᠬᠢᠯᠭᠡ ᠣᠬᠠᠮᠰᠡᠷᠯᠡᠯ ᠶᠠᠭᠤ ᠶᠠᠭᠠᠬᠢᠨ᠋ᠡᠰᠡᠨ ᠭᠡᠳᠡᠭ ᠪᠣᠯ ᠵᠣᠬᠢᠶᠡᠯᠴᠢᠣᠨ ᠤᠨ ᠡᠷᠬᠢᠮᠨᠠᠯ-ᠦᠨᠡᠨ ᠤ ᠲᠡᠷᠰᠯᠡᠯ ᠪᠤᠯᠤᠮᠤᠢ᠃ ᠬᠠᠷᠢᠨ ᠪᠢ ᠪᠤᠯᠪᠡᠰᠣ ᠠᠯᠳᠡᠷᠠᠶᠢᠬᠠᠨ ᠠᠴᠠ ᠬᠡᠨ ᠶᠠᠭᠤ ᠭᠡᠪᠡᠯ ᠲᠡᠭᠦᠨᠡᠶᠢᠬᠢ ᠪᠠᠷ ᠪᠤᠯᠴᠢᠬᠠᠳᠠᠭ ᠨᠤᠮᠤᠶᠢᠬᠠᠨ ᠪᠤᠰᠤ᠂ ᠦᠪᠡᠷ ᠤᠨ ᠭᠡᠰᠡᠨ ᠵᠦᠷᠢᠭᠦᠣᠨ ᠵᠣᠵᠢᠭ ᠠᠵᠠᠢ᠃ ᠡᠭᠦᠨ ᠢ ᠡᠪᠳᠠᠶᠢᠭᠡᠨ ᠢᠶᠠᠷ ᠪᠡᠶ᠎ᠡ ᠪᠠᠨ ᠲᠠᠭᠠᠭᠠᠡᠡᠰᠡᠨ ᠰᠤᠶᠤᠭ᠎ᠠ ᠠᠩᠬᠠᠯᠠᠨ ᠴᠣᠬᠤᠶᠢᠵᠣ ᠬᠡᠮᠡᠨ ᠬᠡᠯᠡᠵᠣ ᠪᠤᠯᠬᠤ ᠪᠠ ᠡᠨᠡ ︽ᠥᠷᠢ ᠲᠦᠯᠤᠬᠦᠢ︾ ᠮᠦᠨ ᠲᠡᠷᠡᠬᠦ ᠰᠤᠶᠤᠭ᠎ᠠ ᠶᠢᠨ ᠪᠡᠶᠡᠯᠡᠯ ᠭᠡᠵᠣ ᠬᠡᠯᠡᠵᠣ ᠪᠤᠯᠤᠮᠠᠷ ᠶᠤᠮ ᠳ᠋ᠡ᠃ᠡᠨᠡ ᠪᠣᠯᠬᠤᠢ ᠳᠤᠷ ᠥᠷᠢ ᠲᠦᠯᠤᠯ ᠤᠨ ᠬᠤᠶᠡᠳᠡᠬᠢ ᠵᠣᠭᠤᠭ᠃      ᠭᠤᠷᠪᠡᠳᠡᠬᠢ ᠨᠢ᠂ ᠪᠢ ᠰᠤᠷᠭᠠᠭᠤᠯᠢ ᠳᠤ ᠣᠷᠣᠬᠤ ᠠᠴᠠ ᠡᠮᠣᠨ᠎ᠡ ᠮᠠᠨᠠᠶᠢᠬᠢᠨ ᠨᠢ ᠶᠠᠭᠠᠬᠢᠭᠠᠣᠨ ᠬᠢᠳᠡᠣᠨ ᠤᠨ ︽ᠸᠠᠩ︾᠂ ︽ᠵᠠᠩ︾᠂ ︽ᠯᠢ︾ ᠭᠡᠳᠡᠭᠴᠢᠣᠨ ᠲᠠᠢ ᠠᠳᠠᠯᠢ ︽ᠪᠣᠣ︾ ᠭᠡᠳᠡᠭ ᠪᠠ ᠰᠠᠭᠠᠬᠠᠯᠲᠠ ᠶᠢᠨ ᠴᠣ᠋ ᠬᠢᠳᠡᠣᠨ ᠣᠪᠣᠭ ᠲᠠᠢ ᠶᠢ ᠭᠠᠶᠢᠬᠠᠨ ᠰᠤᠨᠢᠭᠤᠴᠡᠳᠠᠭ ᠪᠠᠶᠢᠯᠤᠭ᠎ᠠ᠃ ᠡᠭᠦᠨ ᠢ ᠬᠡᠨ ᠠᠴᠠ ᠠᠰᠠᠭᠤᠬᠤ ᠪᠤᠢ᠂ ᠠᠯᠢ ᠨᠢᠭᠡᠨ ᠠᠴᠠ ᠵᠢᠷᠤᠬᠡᠯᠡᠨ ᠠᠰᠠᠭᠤᠯ᠎ᠠ ᠭᠡᠤᠨ ︽ᠡᠨᠡ ᠠᠤᠡᠬᠤᠨ ᠴᠢᠨᠡᠭᠡ ᠨᠢᠰᠣᠬᠠᠢ ᠡᠯᠳᠡᠪ ᠲᠤ ᠲᠤᠷᠡᠳᠠᠢ︾ ᠬᠡᠮᠡᠨ ᠴᠢᠬᠢᠨ ᠨᠠᠮᠠᠭᠠᠨ ᠳᠠᠭᠠᠨ ᠠᠪᠳᠠᠭ ᠦᠦ᠂ ᠵᠠᠷᠢᠮ ᠨᠢ ᠦᠪᠡᠰᠣᠪᠡᠨ ᠮᠣᠩᠭᠤᠯ ᠣᠪᠣᠭ ᠢᠶᠠᠨ ᠮᠡᠳᠡᠬᠦ ᠦᠭᠡᠢ  ᠳᠤᠩᠬᠠᠯᠵᠠᠭᠤᠷ ᠴᠣ᠋ ᠮᠠᠭᠠᠣᠨ᠃ ᠲᠡᠭᠡᠭᠰᠡᠭᠡᠷ ᠨᠢᠭᠡᠨ ᠪᠤᠷᠤᠭᠠᠡᠳᠣ ᠡᠳᠤᠷ ᠤᠨ ᠦᠳᠡ ᠶᠢᠨ ᠬᠤᠶᠢᠨ᠎ᠡ ᠰᠢᠭ᠋ ᠰᠠᠨ᠋ᠬᠠᠳᠡᠨ᠎ᠠ᠃ ᠮᠠᠨ ᠤ ᠬᠡᠳᠤᠨ ᠲᠡᠭᠳᠡᠭᠡᠭᠡᠢ ᠰᠤᠷᠤᠡᠡᠰᠡᠨ ᠢᠶᠠᠷ ᠢᠶᠠᠨ ᠪᠤᠷᠭᠠᠰᠤᠨ ᠮᠣᠷᠢ ᠤᠷᠤᠯᠳᠤᠯᠴᠡᠨ ᠲᠡᠷᠢᠭᠦᠨ ᠲᠡᠳ᠋ ᠢᠶᠠᠨ ᠮᠠᠣᠡᠭᠡᠯᠴᠡᠨ ᠪᠢ ᠴᠢ ᠳᠡᠭᠡᠨ ᠬᠦᠷᠴᠣ ᠶᠡᠪᠤᠬᠤᠨ᠎ᠠ ᠠᠶᠢᠯ ᠤᠨ ᠲᠤᠮᠳᠡᠭᠤᠷᠬᠢ ᠵᠡᠬᠦᠨ ᠪᠠᠷᠠᠭᠤᠡᠰᠢ ᠰᠢᠪᠳᠣᠯᠣᠡᠡᠰᠡᠨ ᠵᠠᠮ ᠤᠨ ᠬᠠᠵᠠᠭᠤᠬᠠᠨ᠎ᠠ ᠬᠤᠶᠡᠷ ᠪᠤᠭᠤᠷᠤᠯ ᠮᠣᠳᠣ ᠲᠤᠯᠤᠭᠠᠶᠢᠳᠣ ᠵᠦᠷᠢᠭᠦᠯᠡᠨ ᠤᠳᠤᠭ᠎ᠠ ᠪᠠᠭᠠᠬᠢᠭᠤᠯᠴᠢᠬᠠᠡᠡᠰᠡᠨ ᠠᠮᠳᠡᠳᠠᠢ ᠵᠤᠭᠤᠡᠡᠳᠠᠬᠤ ᠪᠠ ᠨᠢᠭᠡ ᠨᠢ ᠨᠦᠭᠦᠭᠡ ᠪᠠᠨ ᠱᠬᠠᠯᠠᠬᠤ ᠠᠶᠠᠰᠳᠠᠭᠤ ︽ᠲᠠᠨᠠᠶᠢᠬᠢ ᠶᠠᠩ ᠣᠪᠣᠭ ᠤᠨ ᠬᠢ ᠭᠡᠨ᠎ᠡ︖ ᠰᠦᠡᠭ ᠤᠯᠤᠰ ᠤᠨ ᠶᠠᠩ ᠣᠪᠤᠡᠡᠳᠡᠨ ᠯᠤᠭ᠎ᠠ ᠨᠢᠭᠡ ᠭᠡᠷ ᠤᠨ ᠬᠢ᠂ ᠴᠣᠬᠤᠮ ᠮᠣᠩᠭᠤᠯ ᠣᠪᠣᠭ ᠴᠢᠨᠢ︕︾ ᠭᠡᠬᠦ ᠳᠤ ᠰᠣᠷᠢᠡᠵᠢᠯᠬᠠᠳᠡᠨ ᠬᠤᠷᠳᠤᠬᠠᠨ ︽ᠮᠣᠷᠢ︾ ᠠᠴᠠ ᠪᠠᠭᠤᠨ ᠬᠤᠶᠡᠷ ᠦᠳᠡᠭᠦᠰ ᠲᠤ ᠣᠶᠢᠷᠡᠳᠣᠨ ᠨᠠᠯᠠᠪᠡ᠃ ᠨᠦᠭᠦᠭᠡᠬᠢ ᠶᠢᠨ ᠢᠶᠠᠨ  ᠭᠠᠷᠲᠠᠭᠠᠮ᠎ᠠ ᠱᠠᠯᠠᠯᠲᠠ ᠳᠤ ᠨᠢᠭᠡ ᠶᠢ ᠪᠤᠳᠣᠡᠡᠰᠡᠨ ᠠᠬᠠᠰ ᠪᠠᠶᠢᠷᠢ ᠶᠢᠨ ᠬᠢᠨ ᠨᠢ ︽ᠴᠢ ᠰᠠᠶᠢᠬᠠᠨ ᠰᠣᠨᠣᠰ︾ ᠭᠡᠵᠣ ᠨᠢᠭᠡ ᠠᠮᠠ ᠣᠳᠤᠭ᠎ᠠ ᠦᠯᠢᠶᠡᠨ᠄ ︽ᠬᠡᠴᠢᠨᠡᠨ ᠵᠢᠯ ᠤᠨ ᠡᠮᠣᠨ᠎ᠠ ᠮᠠᠨ ᠤ ᠡᠪᠦᠭᠡ ᠬᠠᠰᠠᠭ ᠲᠡᠷᠭᠡ ᠪᠠᠷ ᠬᠤᠸᠠᠩ ︵ᠲᠠᠷᠢᠶᠡᠯᠠᠬᠤ ᠲᠤᠰᠬᠤ ᠶᠢ ᠴᠢᠩᠬᠢᠵᠣ ᠬᠡᠯᠡᠳᠡᠭ︶ ᠳᠤ ᠣᠴᠢᠬᠤᠨᠠᠷ ᠨᠢ ᠴᠠᠭᠠᠳᠣ ᠬᠢᠳᠡᠣᠨ ᠨᠢ ᠲᠠᠨᠠᠶᠢᠬᠢ ᠶᠡᠮᠠᠷ ᠣᠪᠤᠡᠡᠳᠡᠨ ᠪᠣᠢ ᠭᠡᠬᠦᠨ᠎ᠡ ᠡᠪᠦᠭᠡ ᠮᠠᠨᠢ ᠦᠬᠡᠷ ᠤᠨ ᠪᠤᠭᠤᠯᠭ᠎ᠠ ᠪᠠᠨ ᠵᠢᠭᠠᠨ ᠦᠭᠴᠠᠢ᠃ ᠲᠡᠭᠡᠭᠦᠯᠡᠷ ᠠᠰᠠᠭᠤᠡᠡᠴᠢ ᠨᠢ ᠴᠢ ᠴᠢᠨᠢ ︿ᠶᠠᠩ ᠣᠪᠤᠡᠡᠳᠠᠢ﹀ ᠭᠡᠵᠣ ᠭᠡᠨ᠎ᠡ᠃ ᠲᠡᠭᠦᠨ ᠠᠴᠠ ᠠᠪᠤᠭᠠᠣᠨ ᠮᠠᠨ ᠤ ᠲᠦᠮᠡᠣᠨ ᠤᠨ ᠪᠤᠭᠤᠯᠭᠠᠴᠣᠣᠯ ᠢᠶᠠᠨ ︿ᠶᠠᠩ﹀ ᠭᠡᠬᠦ ᠪᠤᠯᠣᠡᠡᠰᠡᠨ︾ ᠭᠡᠪᠡ᠃ ᠦᠬᠡᠷ ᠤᠨ ᠪᠤᠭᠤᠯᠭ᠎ᠠ ᠶᠢ ︿牛鞅﹀ ᠭᠡᠬᠦ ᠪᠤᠶᠤ ︿轭﹀ ᠭᠡᠨ᠎ᠡ᠂ ᠡᠨᠡ ᠪᠣᠯ ᠮᠣᠩᠭᠤᠯ ᠣᠪᠣᠭ ᠤᠨ ᠢᠶᠠᠨ ᠣᠣᠬᠠᠡᠴᠢᠯᠡᠯ ᠢ ᠬᠢᠳᠡᠣᠨ ᠢᠵᠢᠯ ᠲᠠᠭᠤᠳᠡᠯᠳᠣ ᠣᠪᠣᠭ ᠯᠤᠭ᠎ᠠ ᠢᠵᠢᠯᠰᠢᠭᠦᠯᠣᠭ᠍ᠰᠡᠨ ᠵᠢᠱᠢᠶ᠎ᠡ ᠪᠣᠯᠠᠢ᠃ ᠲᠡᠷᠨ ᠦᠳᠡᠬᠦᠰ ᠤᠨ ᠨᠢ ᠨᠣ ᠦᠭᠡᠢ ᠬᠠᠷᠢᠭᠤᠯᠭ᠎ᠠ ᠨᠢ ᠬᠢᠴᠢᠶᠡᠨ ᠰᠤᠨᠤᠰᠤᠡᠡᠴᠢ ᠨᠠᠳᠡᠳᠣ ᠲᠦᠨᠢᠷ ᠬᠠᠷᠠᠩᠭᠤᠢ ᠳᠤ ᠠᠯᠳᠡᠨ ᠭᠠᠳᠡᠰᠣ ᠪᠤᠯᠵᠤ᠂ ᠬᠢᠳᠡᠣᠨ ᠤᠨ ᠲᠠᠮᠡᠷᠤᠳᠣ ᠬᠤᠳᠡᠯᠳᠣᠭᠠᠴᠢᠨ ᠤ ᠮᠠᠲ᠋ᠠᠩ ᠢ ᠢᠳᠡᠭᠰᠡᠨ ᠠᠴᠠ ᠲᠤᠤᠷ᠎ᠡ ᠦᠭᠡᠢ ᠰᠠᠨ᠋ᠬᠠᠳᠡᠪᠡ᠃ ᠬᠤᠶᠡᠷ ᠪᠤᠭᠤᠷᠤᠯ ᠤᠨ ᠮᠡᠣᠡᠭᠡᠯᠴᠡᠭᠡ ᠵᠣᠭᠤᠡᠡᠳᠡᠯ ᠨᠢ ᠡᠨᠡ ᠶᠢᠷᠲᠢᠨᠴᠦ ᠠᠴᠠ ᠠᠩᠬᠠᠯᠬᠠᠰᠡᠨ ᠵᠠᠳᠠᠭᠠᠢ ᠬᠢᠴᠢᠶᠡᠯ ᠲᠠᠶᠢᠯᠤᠮᠵᠢ ᠭᠡᠵᠣ ᠬᠤᠶᠢᠨ᠎ᠡ ᠨᠢ ᠪᠤᠳᠤᠨ ᠶᠡᠪᠤᠵᠠᠢ᠃ ᠮᠦᠨ ᠨᠢᠯᠬ᠎ᠠ ᠤᠶᠤᠨ ᠢ ᠨᠡᠭᠡᠭᠡᠭᠳᠡᠭᠦᠯᠣᠭ᠍ᠰᠡᠨ ᠷᠡᠰᠢᠶᠡᠨ ᠰᠠᠩᠰᠡᠷᠡᠯ ᠠᠵᠤᠭᠤ᠃ ᠪᠢ ᠪᠠᠷ ᠬᠤᠶᠡᠷ ᠪᠤᠭᠤᠷᠤᠯ ᠲᠠᠢ ᠶᠠᠮᠠᠷᠬᠠᠨ ᠢᠷᠤᠭᠡᠯ ᠲᠠᠪᠢᠯᠠᠩ ᠲᠠᠢ ᠴᠣ᠋ ᠮᠠᠭᠠᠣᠨ ᠃ ᠡᠶᠢᠡᠬᠦ ᠤᠴᠢᠷ ᠤᠬᠠᠭᠠᠨ ᠢ ᠣᠯᠬᠤ ᠦᠭᠡᠢ ᠪᠠᠶᠢᠡᠡᠰᠡᠨ ︽ᠲᠤᠰᠠᠭᠠᠷ ᠸᠠᠩᠳᠣ ᠣᠯᠣᠰ︾ ᠤᠨ ᠡᠭᠦᠳᠡ ᠬᠠᠭᠠᠯᠭ᠎ᠠ ᠨᠡᠭᠡᠭᠡᠭᠳᠡᠭᠰᠡᠨ ᠤ ᠰᠠᠶᠢᠨ ᠢᠶᠠᠷ ᠠᠶᠢᠯ ᠰᠠᠭᠠᠬᠠᠯᠳᠡᠣᠨ ᠤᠨ ᠴᠧᠨ ᠨᠢ ︿ᠴᠢᠮᠠᠣᠨ﹀᠂ ᠲᠦᠡᠭ ᠨᠢ ︿ᠲᠤᠩᠭᠤᠰ﹀᠂ ᠼᠠᠢ ᠨᠢ ︿ᠰᠠᠯᠵᠢᠭᠤᠤᠨ﹀᠂ ᠵᠤᠤ ᠨᠢ ︿ᠵᠤᠭᠠᠴᠢᠨ﹀ ᠵᠡᠷᠭᠡ ᠣᠪᠤᠡᠡᠳᠡᠣᠨ ᠤ ᠰᠠᠶᠢᠬᠠᠨ ᠮᠤᠩᠭᠤᠯ ᠣᠪᠣᠭ ᠢ ᠵᠠᠬ᠎ᠠ ᠲᠠᠷᠠᠭᠠᠯᠠᠨ ᠮᠡᠳᠡᠭᠰᠡᠨ ᠰᠢᠤ ᠳ᠋ᠡ᠃ ᠡᠨᠡᠭᠦ ᠮᠦᠡᠭᠬᠦ ᠵᠣᠭᠤᠰ ᠢᠶᠠᠷ ᠰᠤᠯᠢᠰᠢ ᠦᠭᠡᠢ ︽ᠰᠤᠪᠡᠰᠢᠳᠠᠢ︾ ᠮᠠᠨᠢ ︽ᠮᠤᠩᠭᠤᠯ ᠣᠪᠣᠭ ᠤᠨ ᠬᠢᠳᠡᠣᠡᠵᠢᠨ ᠣᠯᠠᠷᠢᠭ᠎ᠠ ᠮᠦᠴᠢᠣᠨ ᠣᠶᠢᠯᠠᠭᠠᠯᠲᠠ ᠶᠢᠨ ᠲᠤᠭᠤᠷᠪᠢᠯᠳᠡ︾ ᠳᠤ ᠵᠦᠢᠷᠯᠡᠮ᠎ᠡ ᠦᠭᠡᠢ ᠲᠤᠰᠡ ᠲᠦᠭᠦᠮ ᠪᠤᠯᠤᠡᠡᠰᠡᠨ᠃ ᠲᠡᠷᠨ ᠦᠭᠦᠯᠡᠯ ᠢ ᠲᠤᠭᠤᠷᠪᠢᠭ᠎ᠠ ᠳᠠᠭᠠᠨ ︽ᠬᠡᠭᠡᠷ᠎ᠡ ᠶᠢᠨ ᠭᠠᠯᠠᠭᠤ ᠨᠢᠰᠤᠨ ᠬᠦᠷᠬᠦ ᠦᠭᠡᠢ ᠭᠠᠵᠡᠷ ᠠᠴᠠ ᠬᠦᠮᠤᠨ ᠤ ᠬᠥᠣ ᠡᠷᠳᠡᠮ ᠡᠪᠤᠷᠳᠣᠯᠡᠵᠣ ᠬᠠᠷᠢᠨ᠎ᠡ︾ ᠭᠡᠰᠡᠨ ᠠᠯᠳᠡᠷᠳᠣ ᠪᠠᠳᠠᠭ ᠤᠨ ᠬᠠᠵᠠᠭᠤ ᠪᠠᠷ ︽ᠬᠡᠤᠬᠡᠳ ᠠᠬᠤ ᠳᠤ ᠪᠤᠷᠭᠠᠰᠣᠨ ᠮᠣᠷᠢ ᠤᠷᠤᠯᠳᠣᠨ ᠠᠭᠠᠣᠨ ᠪᠤᠭᠤᠷᠤᠯ ᠬᠤᠶᠡᠷ ᠤᠨ ᠠᠵᠡᠳᠣ ᠵᠣᠭᠤᠡᠡᠳᠡᠯ ᠠᠴᠠ ᠬᠦᠮᠣᠨ ᠰᠤᠶᠤᠯ ᠤᠨ ᠠᠯᠳᠡᠨ ᠲᠦᠯᠬᠢᠭᠦᠷ ᠢ ᠤᠯᠤᠡᠡᠰᠡᠨ︾ ᠬᠡᠮᠡᠨ ᠣᠯᠵᠡᠷᠬᠠᠪᠠᠢ᠃ ᠮᠦᠨ ᠡᠨᠡ ᠤᠯᠵᠡᠷᠬᠠᠯ ᠬᠤᠶᠡᠷ ᠮᠦᠷ ᠢᠶᠠᠷ ᠲᠢᠶᠧᠳᠡᠨ ᠪᠤᠯᠤᠨ ᠲᠢᠶᠧᠵᠤᠤᠷ ᠬᠤᠶᠡᠷ ᠪᠤᠭᠤᠷᠤᠯ ᠤᠨ ᠨᠠᠷ᠎ᠡ ᠶᠢ ᠲᠡᠤᠬᠡ ᠶᠢᠨ ᠬᠠᠭᠤᠳᠡᠰᠣᠨ᠎ᠠ ᠦᠯᠡᠳᠡᠭᠡᠬᠦ ᠶᠢ ᠬᠢᠴᠢᠶᠡᠪᠠᠢ᠃ ᠰᠠᠶ᠋ᠢᠬᠢ ᠬᠡᠯᠡᠭᠡ ᠦᠭᠦᠯᠡᠯ ᠢ 1986 ᠤᠨ᠎ᠡ ︽ᠦᠪᠤᠷ ᠮᠤᠩᠭᠤᠯ ᠤᠨ ᠡᠳᠤᠷ ᠤᠨ ᠰᠤᠨᠢᠨ︾᠂ ︽ᠵᠤᠤ ᠤᠳᠡ ᠰᠤᠨᠢᠨ︾᠂ ︽ᠮᠤᠩᠭᠤᠯ ᠰᠣᠳᠣᠯᠣᠯ︾ ᠳᠤ ᠨᠠᠶᠢᠳᠡᠯᠡᠬᠦᠯᠣᠨ ︽ᠨᠠᠢᠮᠠᠨ ᠬᠠᠮᠵᠢᠭ᠎ᠠ︾ ᠶᠢᠨ ᠬᠢᠨ ᠰᠣᠨᠢᠷᠬᠠᠯᠳᠠᠢ ᠦᠭᠦᠯᠡᠯ ᠢᠶᠠᠷ ᠨᠠᠮᠠᠢᠢ ᠬᠠᠮᠵᠢᠭ᠎ᠠ ᠶᠢᠨ ᠭᠡᠰᠢᠬᠦᠨ ᠢᠶᠠᠷ ᠡᠯᠰᠡᠭᠰᠡᠨ ᠢ ᠲᠡᠮᠳᠡᠭᠯᠡᠬᠦ ᠳᠤ ᠣᠷᠮ᠎ᠠ ᠲᠠᠢ ᠪᠠᠶᠢᠭ᠎ᠠ᠃ᠡᠨᠡ ᠭᠡᠳᠣᠨ ᠡᠷᠬᠢᠴᠡᠭᠦᠯᠣᠯ ᠪᠣᠯ ᠪᠠᠭᠠᠴᠣᠣᠯ ᠠᠬᠤᠢ ᠶᠢᠨ ᠤᠢ ᠲᠤᠡᠡᠳᠠᠭᠠᠮᠵᠢ ᠳᠠᠬᠢ ᠬᠠᠳᠠᠭᠠᠯᠡᠯ ᠪᠤᠯᠤᠨ᠎ᠠ᠃ ᠪᠢ ᠦᠭᠡᠯᠡᠶᠢᠰᠢᠨ ᠶᠠᠭᠤᠮᠡᠨ ᠤ ᠤᠬᠠᠭᠠᠨ ᠢ ᠲᠦᠰᠤᠪᠯᠡᠬᠦ ᠪᠤᠯᠤᠭᠠᠣᠨ ᠮᠢᠨᠤ ᠠᠳᠠᠯᠢ ᠨᠠᠰᠣᠨ ᠤ ᠠᠩᠭᠠᠶᠢᠴᠣᠣᠨ ᠤᠨ ᠪᠤᠳᠤᠯ ᠳᠤ ᠤᠷᠤᠮ᠎ᠡ ᠦᠭᠡᠢ ᠵᠦᠢᠯ ᠴᠣᠬᠤᠮ ᠬᠠᠮᠢᠭ᠎ᠠ ᠠᠴᠠ ᠢᠷᠡᠳᠡᠭ ᠶᠤᠮ⁈ ᠶᠠᠭᠠᠬᠢᠭᠠᠤᠨ ᠭᠡᠵᠤ ᠬᠡᠴᠢᠨᠡᠨ ᠡᠷᠭᠢᠬᠦᠯᠤᠨ ᠲᠤᠭᠤᠷᠢᠭᠤᠯᠤᠯ᠎ᠠ ᠭᠡᠤᠨ ᠤᠤᠬᠠᠶᠢᠰ ᠬᠡᠮᠡᠷ ᠬᠠᠷᠢᠭᠤᠯᠳᠡ ᠦᠭᠡᠢ᠂ ᠡᠨᠡ ᠮᠠᠨᠢ ᠨᠡᠶᠢᠭᠡᠮ ᠠᠴᠠ ᠦᠦ᠂ ᠪᠦᠯᠢ ᠠᠴᠠ ᠦᠦ ᠠᠯᠢᠨ ᠴᠣ᠋ ᠪᠢᠰᠢ᠂ ᠮᠢᠨᠤ ᠪᠦᠯᠢ ᠳᠤ ᠲᠡᠶᠢᠮᠣ ᠠᠮᠢᠰᠬᠤᠯ ᠦᠭᠡᠢ ᠪᠤᠶᠤ ᠰᠡᠶᠢᠷᠡᠭ ᠭᠡᠵᠤ ᠬᠡᠯᠡᠵᠣ ᠪᠤᠯᠤᠨ᠎ᠠ᠃ ᠴᠢᠩᠬᠢᠪᠡᠯ ᠪᠤᠷᠬᠠᠨ ᠲᠡᠭᠷᠢ ᠠᠴᠠ ᠭᠡᠬᠦ ᠳᠤ ᠲᠡᠭᠦᠨ ᠳᠤ ᠰᠦᠵᠤᠭ᠌ ᠲᠦᠷᠤᠬᠦ ᠦᠭᠡᠢ᠂ ᠡᠰᠡᠪᠡᠯ ᠵᠢᠷᠭᠤᠭᠠᠳᠡᠬᠢ ᠰᠡᠷᠡᠯ ᠦᠦ᠂ ᠲᠡᠶᠢᠮᠤ ᠰᠡᠷᠡᠭᠳᠡᠬᠦᠨ ᠨᠡᠩ ᠠᠯᠠᠭ᠎ᠠ᠃ ᠴᠦᠷᠭᠦᠯᠡᠭᠦᠯᠤᠭ᠍ᠰᠡᠭᠡᠷ ᠲᠤᠡᠡᠰᠢᠭᠤᠯᠤᠡᠡᠰᠠᠭᠠᠷ ᠤᠳᠤᠮ ᠤᠨ ᠴᠢᠰᠣ ᠭᠡᠰᠡᠨ ᠵᠢᠩᠳᠡᠬᠦᠨ  ᠦᠭᠡᠨ᠎ᠡ ᠲᠠᠣᠬᠠᠶᠢᠯᠬᠠᠳ᠋ᠬᠠᠰᠡᠨ ᠢᠶᠠᠨ ᠡᠷᠢᠶ᠎ᠡ ᠦᠭᠡᠢ ᠲᠡᠮᠳᠡᠭᠯᠡᠷᠤᠨ᠃ ᠴᠢᠩᠬᠢᠬᠦᠨ᠎ᠡ ᠮᠠᠨᠠᠶᠢᠬᠢᠨ ᠤ ᠲᠡᠭᠡᠷ᠎ᠡ ᠲᠤᠤᠷ᠎ᠡ ᠭᠡᠳᠣᠨ ᠦᠶ᠎ᠡ ᠶᠢᠨ ᠬᠢᠨ ᠳᠤ ᠨᠠᠳᠡ ᠰᠢᠭ᠋ ︽ ᠡᠳᠡᠭᠡᠤᠨ︾ ᠰᠡᠤᠡᠬᠢᠭᠦᠶᠢᠳᠡᠨ ᠲᠠᠪᠬᠤᠷᠯᠬᠠᠰᠡᠨ ᠦᠭᠡᠢ ᠪᠤᠶᠤ ᠳᠠᠪᠬᠤᠷᠳᠠᠬᠤ ᠪᠤᠯᠤᠮᠵᠢ ᠦᠴᠤᠭᠡᠨ ᠴᠣ᠋ ᠦᠭᠡᠢ᠃ ᠮᠠᠭᠠᠤᠨ ᠦᠭᠡᠢ ᠲᠡᠭᠡᠳᠤ ᠶᠢᠨ ᠦᠶ᠎ᠡ ᠶᠢᠨ ᠴᠢᠰᠣᠨ᠎ᠠ ᠭᠦᠨ ᠨᠢᠭᠤᠡᠡᠳ᠋ᠬᠠᠰᠡᠨ ᠭᠧᠨ ︵ᠪᠤᠳᠤᠡᠡᠳᠠᠮᠠᠢ ᠡᠳ᠋ DNA︶ ᠮᠢᠨᠤ ᠪᠡᠶ᠎ᠡ ᠳᠤ ᠢᠯᠡᠷᠡᠬᠦ ᠪᠤᠯᠤᠮᠵᠢ ᠤᠯᠪᠡᠣ᠂ ᠵᠠᠶᠠᠯᠠᠭᠠᠴᠢ ︵ᠪᠤᠷᠬᠠᠨ︶ ᠯᠠ ᠮᠡᠳᠡᠯᠬᠦᠢ᠃ ᠢᠡᠭᠬᠢᠨ ᠲᠦᠷᠤᠯᠬᠢ ᠠᠪᠢᠶᠡᠰ ᠭᠡᠤᠨ ᠰᠢᠭᠤᠤᠡᠴᠢᠬᠠᠡᠡᠰᠡᠨ ᠤ ᠣᠴᠢᠷ᠂ ᠡᠬᠡ ᠬᠡᠯᠡ ᠶᠢᠨ ᠬᠦᠡᠳᠣᠣᠡᠭᠡᠯ ᠡᠷᠬᠢᠮᠨᠡᠯ ᠵᠢᠴᠢ ᠠᠴᠢ ᠬᠠᠷᠢᠭᠤᠯᠤᠯ᠂ ᠥᠷᠢ ᠲᠦᠯᠤᠭᠡᠰᠣᠯᠡᠯ ᠢᠶᠠᠨ ᠲᠦᠷᠤᠯᠬᠢ ᠪᠤᠶᠤ ᠵᠠᠶᠠᠭᠠᠯ ᠤᠨ ᠬᠡᠴᠢᠬᠡᠶ᠎ᠠ᠃ ᠡᠨᠡ ᠬᠠᠮᠢᠶᠡᠳᠠᠢ ᠮᠡᠳᠡᠯᠭᠡ ᠮᠡᠳᠡᠴᠡ ᠲᠤᠯᠢᠬᠠᠨ ᠬᠤᠶᠢᠨ᠎ᠡ ᠢᠡᠭᠬᠢᠵᠣ ᠯᠠ ᠲᠦᠡᠭᠬᠡᠯᠵᠡᠭᠦᠯᠣᠨ ᠲᠡᠳᠤᠢ᠃    ᠵᠢᠷᠭᠤᠭ᠎ᠠᠥᠷᠢ ᠲᠦᠯᠤᠯ ᠢᠶᠠᠨ ᠲᠦᠷᠤᠯᠬᠢ ᠪᠤᠶᠤ ᠵᠠᠶᠠᠭᠠᠯ ᠠᠷᠠᠡᠰᠢᠨ ᠬᠡᠮᠡᠨ ᠵᠤᠷᠪᠤᠰᠤᠯᠠᠴᠢᠬᠠᠡᠡᠰᠡᠨ ᠪᠤᠯᠬᠤᠨ᠎ᠠ ᠠᠪᠤ ᠳᠠᠭᠠᠨ ᠭᠡᠳᠣᠨ ᠮᠦᠷ ᠪᠢᠴᠢᠯᠳᠠᠢ᠃ ᠲᠠᠶᠢᠴᠢᠩ ᠭᠦᠷᠤᠨ ᠤ ᠰᠠᠶᠢᠰᠢᠶᠡᠯ ᠢᠷᠤᠭᠡᠯᠳᠣ ︵1796 ᠤᠨ︶ ᠶᠢᠨ ᠥᠶ᠎ᠡ ᠳᠤ ᠪᠤᠭᠤᠮᠳᠡ ᠶᠢᠨ ᠴᠠᠭᠠᠨᠠᠬᠢ ᠦᠯᠦᠰᠭᠦᠯᠡᠩ ᠬᠢᠳᠡᠣᠨ ᠢ ᠢᠨ᠋ᠬᠠᠰᠢ ᠢᠪᠡᠷᠡᠭᠦᠯᠤᠨ᠂ 1890 ᠣᠨ᠎ᠠ ᠶᠠᠩ ᠶᠦᠸᠧ ᠴᠥᠨ ᠤ ︽ᠤᠬᠠᠭᠠᠨ ᠮᠠᠯᠠᠭᠠᠶᠢᠳᠣ ᠶᠢᠨ ᠤᠷᠪᠠᠯᠭ᠎ᠠ︾ ᠵᠢᠴᠢ ᠪᠤᠰᠤ ᠴᠡᠷᠢᠭ ᠮᠤᠷᠢᠨ ᠤ ᠬᠥᠯ ᠵᠡᠷᠭᠡ ᠴᠠᠭ ᠲᠦᠷᠤ ᠶᠢᠨ ᠰᠠᠮᠠᠭᠤᠨ ᠠᠴᠠ ᠮᠠᠨᠠᠶᠢᠬᠢᠨ ᠤ ᠲᠡᠭᠡᠳᠣ ᠠᠤᠬᠠᠨ ᠠᠴᠠ ᠪᠠᠨ ᠠᠷᠤ ᠬᠤᠷᠴᠢᠨ ᠨᠣᠳᠤᠭ ᠲᠤ ᠬᠥᠯ ᠲᠤᠡᠡᠳᠡᠨ ᠲᠦᠴᠢᠭᠡᠤᠨ ᠵᠢᠯ ᠠᠮᠢᠳᠣᠷᠬᠠᠰᠡᠨ᠃ ᠮᠢᠨᠤ ᠪᠡᠶ᠎ᠡ ᠡᠳᠣᠭᠡᠳᠡᠳᠡᠯ᠎ᠠ ᠨᠣᠳᠤᠭ ᠰᠠᠬᠢᠨ ᠨᠣᠭᠤᠯᠣᠭᠤᠷ ᠢᠳᠡᠭᠡ ᠠᠵᠠᠢ᠃ ᠠᠪᠤ ᠮᠢᠨᠢ ᠨᠣᠳᠤᠭ ᠠᠴᠠ ᠪᠠᠨ ᠠᠷᠪᠡᠳᠠᠢ ᠭᠠᠷᠴᠣ ᠢᠷᠡᠵᠣ᠂ ᠬᠤᠶᠡᠳᠣᠭᠠᠷ ᠡᠪᠦᠭᠡ ᠶᠢᠨ ᠤᠤᠡᠬᠤᠨ ᠦᠬᠢᠨ ᠰᠢᠷᠤᠡᠭᠦᠣ ᠠᠪᠠᠭ᠎ᠠ ᠡᠭᠡᠴᠢ ᠶᠢᠰᠤᠳᠠᠢ ᠨᠠᠭᠠᠰᠢᠯᠠᠬᠤ ᠳᠤ ᠮᠤᠩᠭᠤᠯ ᠦᠭᠡ ᠪᠠᠨ ᠬᠡᠯᠡᠵᠣ ᠴᠢᠳᠠᠬᠤ ᠦᠭᠡᠢ ᠪᠣᠯᠣᠡᠡᠰᠡᠨ ᠭᠡᠨ᠎ᠡ ︵ᠡᠨᠡ ᠪᠣᠯ ᠬᠢᠳᠡᠣᠨ ᠬᠡᠯᠡᠡ ᠤ ᠨᠡᠷᠪᠡᠯ ᠬᠢᠷᠢ ᠭᠡᠳᠡᠭ ᠢ ᠬᠡᠯᠡᠭᠡᠣᠨ ᠪᠤᠢ︶᠃ ᠡᠷᠬᠢᠴᠡᠭᠦᠯᠤᠨ᠎ᠠ ᠮᠠᠨᠠᠶᠢᠬᠢᠨ ᠨᠢ ᠬᠠᠷᠢᠨ ᠡᠬᠡ ᠬᠡᠯᠡ ᠪᠠᠨ ᠨᠡᠯᠢᠶᠡᠤᠨ ᠡᠷᠡᠭᠦᠯ ᠢᠶᠠᠷ ᠠᠪᠴᠣ ᠶᠡᠪᠤᠡᠡᠰᠡᠨ᠂ ᠭᠠᠭᠴᠡᠬᠦ ᠥᠶ᠎ᠡ ᠭᠤᠷᠢᠮ  ᠤᠨ ᠲᠠᠭᠤᠳᠠᠯᠭ᠎ᠠ ᠨᠢᠭᠡᠨᠳᠠᠶᠢᠶ᠎ᠠ ᠤᠡᠳᠣᠣᠰᠢᠨ ᠪᠢ ᠬᠡᠯᠡ ᠳᠤ ᠤᠷᠤᠬᠤ ᠳᠤ ᠲᠡᠭᠦᠨ ᠢ ᠬᠦᠯᠢᠶᠡᠬᠦ ᠯᠠ ᠶᠣᠰᠣᠳᠠᠢ ᠪᠠᠶᠢᠡᠡᠰᠡᠨ᠃ ᠪᠢ ᠦᠭᠡᠯᠡᠶᠢᠰᠢᠨ ᠠᠪᠤ ᠠᠴᠠ ᠯᠠᠪᠯᠠᠬᠤᠨ᠎ᠠ ᠪᠠᠭ᠎ᠠ ᠳᠠᠭᠠᠨ ᠪᠦᠷ ᠰᠠᠶᠢᠬᠠᠨ ᠮᠤᠩᠭᠤᠯ ᠢᠶᠠᠷ ᠢᠶᠠᠨ ᠲᠠᠭᠤᠳᠠᠯᠴᠡᠳᠠᠭ ᠭᠡᠨ᠎ᠡ᠃ ᠡᠨᠡ ᠬᠠᠮᠠᠭᠤᠷᠡᠭᠤᠯᠤᠯ ᠪᠠᠷᠤᠭ ᠲᠦᠷᠤᠭᠦᠤ ᠵᠠᠭᠤᠨ ᠤ ᠬᠤᠷᠢ ᠭᠤᠴᠢᠭᠠᠣᠨ ᠣᠨ ᠢᠶᠠᠷ ᠣᠴᠢᠵᠣ ᠲᠠᠭᠠᠷᠡᠨ᠎ᠠ᠃ ᠡᠨᠡ ᠬᠢᠵᠢᠭᠳᠡᠯ ᠶᠡᠪᠤᠬᠤ ᠲᠤᠰᠤᠮ᠎ᠠ ᠬᠡᠴᠡᠭᠦᠳᠡᠵᠣ ᠦᠬᠡᠷ᠎ᠡ ᠶᠢ ᠬᠡᠯᠡᠬᠦ ᠦᠭᠡᠢ ᠠᠷᠤ ᠬᠤᠷᠴᠢᠨ ᠰᠠᠭᠤᠭᠠᠯᠴᠢᠣᠨ ᠤᠨ ᠥᠶ᠎ᠡ ᠭᠤᠷᠢᠮ ᠤᠨ ᠲᠠᠭᠤᠳᠠᠯᠭ᠎ᠠ ᠬᠠᠭᠠᠰ ᠵᠠᠭᠤᠨ ᠤ ᠡᠮᠤᠨᠡᠭᠡᠨ ᠪᠤᠯᠳᠡᠯ᠎ᠡ ᠬᠠᠷᠢᠴᠠᠩᠭᠤᠢ ᠴᠡᠪᠡᠷ ᠪᠠᠶᠢᠡᠡᠰᠡᠨ ᠢᠶᠠᠨ ᠨᠦᠭᠦᠭᠡ ︽ᠳ᠋ᠠ ᠬᠡ᠂ ᠡᠯ ᠬᠡ᠂ ᠢᠨᠢᠶᠠᠩ ᠢᠳᠠᠢ᠂ ᠳ᠋ᠡ ᠵᠢᠣᠽ᠂ ᠰᠢᠶᠣᠣ ᠵᠢᠣᠽ᠂ ᠯᠢᠶᠠᠨ ᠴᠢᠶᠣᠣ ᠁︾ ᠨᠢ ᠪᠠᠶᠢᠷᠢ ᠠᠪᠴᠣ ᠰᠣᠡᠡᠰᠣᠯᠵᠡᠨ᠎ᠠ︕ᠣᠳᠣ ᠲᠡᠭᠡᠬᠦ ᠠᠴᠠ ᠠᠤᠬᠠᠨ ᠤ ᠪᠦᠷᠢᠤᠡᠭᠡᠯ ︵27541 ᠮᠤᠩᠭᠤᠯ ᠬᠦᠮᠤᠨ ᠳᠤ ᠣᠷᠤᠶᠢᠨᠰᠦ᠋ᠮ᠎ᠡ ᠶᠢᠨ 4000 ᠬᠦᠮᠤᠨ ᠯᠡ ᠡᠬᠡ ᠬᠡᠯᠡ ᠪᠠᠨ ᠠᠯᠳᠠᠭᠠᠳᠣᠢ ᠭᠡᠨ᠎ᠡ᠃ ᠢᠯᠡᠭᠦᠦ ᠭᠡᠳᠣᠨ ᠦᠭᠡ ᠬᠡᠯᠡᠬᠦᠨ᠎ᠡ ᠠᠤᠬᠠᠨ ᠤ ᠮᠣᠩᠭᠤᠯ ᠬᠡᠯᠡᠨ ᠳᠤ ᠦᠯᠡᠮᠵᠢᠭᠡᠨ ᠮᠣᠩᠭᠤᠯ ᠤᠨ ᠡᠷᠳᠠᠨ ᠤ ᠬᠡᠯᠡ ᠪᠠᠶᠢᠭ᠎ᠠ᠂ ᠡᠨᠡ ᠦᠪᠡᠷᠮᠢᠴᠢᠯᠢᠭ ᠢᠶᠠᠷ ᠢᠶᠠᠨ ᠲᠠᠶᠢᠴᠢᠩ ᠤᠨ ᠲᠦᠷᠤ ᠶᠢᠨ ᠬᠢᠨ ︽ᠴᠢᠩ ᠣᠯᠣᠰ ᠤᠨ ᠥᠶ᠎ᠡ ᠶᠢᠨ ᠮᠤᠩᠭᠤᠯ ᠬᠡᠯᠡᠨ ᠤ ᠪᠠᠷᠢᠮᠵᠢᠶ᠎ᠡ ᠬᠡᠯᠡ︾ ᠪᠤᠯᠭᠠᠵᠣ ᠪᠠᠶᠢᠡᠡᠰᠡᠨ ᠭᠡᠨ᠎ᠡ᠃ᠵᠢᠱᠢᠶᠡᠯᠡᠬᠦᠶ᠎ᠡ᠄       ᠠᠬᠠᠢ- ᠵᠦᠪᠰᠢᠶᠡᠷᠡᠭᠰᠡᠨ ᠠᠶᠠᠯᠭᠤ       ᠠᠮᠢᠳᠠᠢ- ᠬᠤᠪᠴᠡᠰᠣ ᠬᠤᠨᠠᠷ       ᠡᠨᠠᠳᠣᠷ- ᠡᠨᠡ ᠡᠳᠤᠷ       ᠡᠭᠡᠳᠣ- ᠲᠡᠨᠡᠭ ᠮᠣᠩᠬᠠᠭ       ᠤᠭᠤᠷᠤᠭ- ᠢᠡᠭᠬᠢᠭᠰᠡᠨ ᠤ ᠬᠡᠷᠡᠭ ᠦᠭᠡᠢ       ᠨᠤᠤᠬᠠᠷᠡᠵᠠᠢ- ᠶᠡᠷᠰᠢᠭ᠋ ᠲᠦᠪᠡᠭ ᠲᠠᠢ       ᠪᠦᠸᠧᠯᠮᠠᠢ- ᠡᠷᠳᠡᠨᠢ ᠰᠢᠰᠢ       ᠮᠠᠬᠡᠢ- ᠦᠮᠡᠬᠡᠢ       ᠯᠠᠡᠳᠢ- ᠪᠤᠵᠠᠷ       ᠱᠦᠯᠬᠦᠢ- ᠪᠦᠳᠤᠯ ᠦᠭᠡᠢ       ᠲᠡᠪᠬᠦᠢ- ᠪᠦᠳᠤᠯ ᠦᠭᠡᠢ᠂ ᠤᠷᠡᠯᠵᠢᠭ᠎ᠠ ᠮᠠᠭᠤᠳᠠᠢ       ᠴᠣᠶᠢᠭᠢᠭᠤᠯᠬᠤ- ᠵᠢᠭᠠᠯᠴᠤᠤᠨ ᠢ ᠱᠤᠤᠯᠠᠬᠤ ᠮᠡᠳᠣᠴᠢᠯᠡᠨ ᠭᠡᠳᠣᠨ ᠦᠭᠡᠰ ᠢ ᠵᠢᠡᠡᠰᠠᠭᠠᠨ ᠪᠤᠯᠤᠮᠠᠷ᠃ᠠᠤᠬᠠᠨ ᠬᠡᠯᠡᠨ᠎ᠡ ︿ᠬᠠ᠊᠂ ᠭᠠ᠊﹀᠂ ︿ᠵᠡ᠊᠂ ᠴᠠ᠊﹀ ᠶᠢ ᠰᠣᠯᠢᠵᠣ ︿ᠬᠠᠳᠠᠭᠤ ᠶᠢ ᠭᠠᠳᠠᠭᠤ﹀᠂  ︿ᠬᠤᠰᠢᠭᠤ ᠶᠢ ᠬᠤᠱᠤᠤ﹀᠂ ᠪᠠᠰᠡ ︿ᠴᠣᠬᠢᠬᠤ ᠶᠢ ᠶᠠᠡᠴᠢᠬᠤ﹀᠂ ︿ᠰᠢ᠊᠂ ᠢ᠊﹀ ᠶᠢ ᠰᠣᠯᠢᠳᠠᠭ᠃ ᠡᠨᠡ ᠲᠣᠬᠠᠢ ᠲᠦᠷᠤᠭᠦᠣ ᠵᠠᠭᠤᠨ ᠤ ᠵᠢᠷᠠᠭᠠᠤᠨ ᠣᠨ᠎ᠠ ᠣᠡᠭᠨᠢᠭᠤᠤᠨ ᠲᠤ ᠪᠠᠭᠤᠡᠡᠰᠡᠨ ᠰᠡᠭᠡᠭᠡᠳᠡᠨ ᠵᠠᠯᠠᠭᠤᠰ ᠴᠠᠢ ᠴᠥᠨ ᠽᠧ ᠤᠨ ᠬᠤᠵᠢᠷᠳᠣ ᠨᠤᠭᠤ ᠶᠢ ᠦᠭᠡᠷᠡᠴᠢᠯᠡᠨ ᠲᠤᠳᠤᠷᠭ᠎ᠠ ᠲᠠᠷᠢᠭᠠᠣᠨ ᠨᠠᠷ᠎ᠡ ᠮᠠᠡᠳᠣᠡᠡᠰᠡᠨ ᠭᠠᠵᠡᠷ ︿ᠢᠲᠠᠭᠤᠨ ᠭᠤᠤ﹀ ᠭᠡᠵᠤ ᠪᠠᠶᠢᠡᠡᠰᠡᠨ ᠃ ᠡᠨᠡ ᠭᠤᠤ ᠤᠤᠯ ᠨᠢ ᠲᠦᠢᠮᠡᠷ ᠠᠴᠠ ᠪᠤᠯᠣᠡᠡᠰᠡᠨ ︿ᠰᠢᠳ᠋ᠬᠠᠰᠡᠨ ᠭᠤᠤ﹀᠃ ᠠᠤᠬᠠᠨ ᠬᠡᠯᠡᠨ ᠳᠤ ︿ᠰᠢ᠊ ᠶᠢ ᠢ᠊ ᠪᠤᠶᠤ ᠬᠢ᠊﹀ ᠪᠠᠷ ᠰᠣᠯᠢᠳᠠᠭ᠂ ᠢᠡᠭᠬᠢᠬᠦᠯᠡᠷ ︿ᠰᠢᠳ᠋ᠬᠠᠰᠡᠨ ᠨᠢ ᠢᠳ᠋ᠬᠠᠰᠡᠨ ᠪᠤᠶᠤ ᠬᠢᠳ᠋ᠬᠠᠰᠡᠨ﹀ ᠢᠶᠠᠷ ᠬᠡᠯᠡᠳᠡᠭ ᠨᠢ ᠶᠡᠪᠤᠩᠭᠠᠨ ︿ᠢᠳᠡᠭᠤᠨ﹀ ᠪᠣᠯᠤᠯ᠎ᠠ᠃ ᠬᠦᠭᠡᠷᠤᠬᠦᠢ ᠮᠤᠩᠭᠤᠯ ᠲᠠᠭᠤᠳᠠᠯᠭ᠎ᠠ ᠨᠤᠭᠤᠳ ᠢᠡᠭᠬᠢᠵᠣ ᠯᠠ ᠲᠦᠷᠤᠯ ᠠᠷᠡᠯᠵᠢᠨ ᠣᠡᠳᠣᠣᠰᠢᠭ᠎ᠠ᠃ᠶᠡᠷᠣ ᠨᠢ ᠠᠪᠤ ᠶᠢᠨ ᠬᠠᠮᠢᠶᠡᠳᠠᠢ ᠬᠡᠳᠣᠨ ᠮᠦᠷ ᠬᠡᠭᠰᠡᠭᠡᠷ ᠤᠴᠢᠷ ᠦᠭᠡᠢ ᠣᠷᠳᠣᠯᠠᠭᠤᠯᠤᠯ᠎ᠠ᠃ ᠮᠠᠨᠠᠶᠢᠬᠢᠨ ᠨᠢ ᠨᠣᠳᠤᠭ ᠠᠴᠠ ᠵᠠᠶᠢᠯᠠᠨ ᠨᠠᠰᠢᠯᠬᠠᠰᠡᠨ ᠴᠣ᠋ ᠦᠨᠤᠬᠢ ᠲᠡᠯᠢᠭᠦᠣ ᠰᠢᠭ ᠨᠠᠭᠠᠯᠳᠣᠡᠡᠰᠡᠣᠨ ᠠᠴᠠ ᠰᠠᠯᠵᠣ ᠴᠢᠳᠠᠭ᠎ᠠ ᠦᠭᠡᠢ᠂ ᠮᠤᠩᠭᠤᠯ ᠬᠡᠯᠡ ᠮᠢᠨᠢ ᠠᠷᠤᠤᠡᠬᠠᠨ ᠲᠤᠩᠭᠠᠯᠠᠭ ᠢᠶᠠᠨ ᠬᠠᠮᠠᠭᠠᠯᠠᠨ ᠴᠢᠳᠠᠬᠤ ᠦᠦ᠂ ᠨᠦᠬᠦᠭᠡ ᠬᠠᠶᠢᠯᠣᠯ ᠠᠭᠤᠰᠣᠯ ᠬᠡᠴᠡᠭᠦᠳᠡᠭᠰᠡᠭᠡᠷ ᠤᠷᠬᠢᠯ ᠳᠠᠭᠠᠨ ᠲᠤᠯᠤᠯ᠎ᠠ᠃ ᠠᠪᠤ ᠶᠢᠨ ᠰᠣᠶᠣᠯ ᠢᠷᠭᠡᠨᠰᠢᠯ ᠢ ᠡᠨᠠᠴᠢᠯᠡᠨ ᠲᠤᠪᠴᠢᠯᠠᠶ᠎ᠡ᠃ ᠠᠪᠤ ᠮᠢᠨᠢ ᠦᠰᠣᠭ᠌ ᠲᠠᠨᠢᠬᠤ ᠦᠭᠡᠢ ᠴᠣ᠋ ᠣᠴᠢᠷ ᠶᠡᠪᠤᠳᠡᠯ ᠳᠤ ᠭᠤᠤᠯᠴᠡᠷᠡᠬᠤ᠂ ᠠᠵᠤ ᠮᠤᠳᠤᠨ ᠳᠤ ᠲᠡᠰᠪᠤᠷᠢ ᠲᠡᠪᠵᠢᠶᠡᠷᠯᠢᠩ ᠲᠡᠭᠡᠷ᠎ᠡ ᠪᠠᠨ ᠱᠠᠯᠠᠮᠠᠭ᠂ ᠮᠠᠰᠢ ᠲᠦᠢᠷᠡᠬᠦ ᠭᠠᠷ ᠪᠠᠶᠢᠡᠡᠰᠡᠨ᠃ ᠪᠠᠰᠡ ᠠᠪᠡ ᠠᠩᠨᠠᠯ ᠳᠤ ᠪᠠᠭ᠋ᠠᠳᠠᠢ ᠨᠢ ᠠᠷᠭ᠎ᠠ ᠦᠭᠡᠢ᠂ ᠪᠢ ᠨᠢᠭᠡᠨ ᠤᠳᠠᠭ᠎ᠠ ᠭᠤᠶᠤᠨ ᠭᠤᠨᠭ᠍ᠰᠢᠡᠡᠰᠠᠭᠠᠷ ᠠᠪᠠ ᠳᠤ ᠲᠠᠭᠠᠡᠡᠰᠡᠨ ᠪᠢᠯᠡ᠃ ᠲᠡᠭᠡᠭᠡᠣᠨ ᠮᠣᠩᠭᠤᠯ ᠡᠷᠡᠴᠣᠣᠯ ᠤᠨ ᠭᠡᠶᠢᠷᠭᠡᠨ ᠱᠦᠯᠣᠩᠳᠡᠳᠡᠭ ᠠᠪᠡ ᠭᠡᠵᠣ ᠶᠠᠮᠠᠷᠬᠠᠨ ᠢ ᠨᠢᠳᠣ ᠲᠦᠭᠦᠷᠠᠩ ᠦᠵᠡᠵᠡᠢ᠃     ᠲᠤᠯᠤᠭ᠎ᠠ ᠦᠦᠷ ᠤᠨ ᠭᠤᠵᠤᠩ ᠭᠡᠭᠡ ᠰᠣᠪᠤᠷᠠᠬᠤ ᠲᠠᠢ ᠯᠡ ᠠᠶᠢᠯ ᠬᠤᠳᠡ ᠪᠠᠷ ᠬᠥᠯ ᠦᠢᠮᠡᠭᠡᠨ ᠪᠤᠯᠵᠤ ᠲᠦᠷᠪᠡᠨ ᠵᠦᠭ ᠤᠨ ᠠᠩᠴᠢᠣᠨ ᠬᠡᠶᠢᠯᠡᠨ ᠭᠤᠤᠯᠡᠵᠣ᠂ ᠵᠠᠯᠠᠭ᠎ᠠ ᠣᠯᠠᠯᠵᠠᠭᠤᠯᠤᠡᠡᠰᠡᠨ ᠨᠣᠬᠠᠳ ᠤᠨ ᠰᠣᠭᠤᠨᠠᠭ ᠲᠠᠳᠠᠭᠤᠯᠤᠡᠡᠰᠡᠨ ᠰᠣᠮᠣᠳᠡᠯ᠂ ᠠᠡᠭ ᠠᠮᠢᠳᠡᠨ ᠤ ᠠᠭᠠᠬᠢᠯᠡᠨ  ᠪᠣᠯᠲᠠᠭ᠎ᠠ ᠵᠢᠭᠤᠳᠡᠯ᠂ ᠲᠠᠷᠢ ᠰᠡ ᠶᠢᠨ ᠲᠤᠰᠣᠯᠳᠡ᠂ ᠪᠢᠯᠠᠭᠤ ᠰᠢᠳᠠᠮ ᠤᠨ ᠤᠨᠤᠴᠨ᠂ ᠮᠤᠷᠢᠨ ᠲᠤᠷᠭᠠᠨ ᠭᠦᠶᠣᠳᠡᠯ ᠲᠡᠭᠡᠷ᠎ᠡ ᠲᠦᠷᠪᠡᠨ ᠲᠠᠯ᠎ᠠ ᠪᠠᠷ ᠰᠡᠪᠬᠢᠨ ᠪᠠᠭᠤᠨ ᠠᠡᠭ ᠢ ᠰᠢᠭᠦᠷᠡᠨ ᠭᠠᠨᠵᠤᠭ᠎ᠠ ᠠᠳᠡᠷᠢᠭᠤᠯᠤᠡᠡᠴᠢᠣᠨ ᠤᠨ ᠵᠢᠪᠬᠤᠭ᠎ᠠ ᠶᠢ ᠨᠢᠳᠣ ᠰᠢᠯᠵᠢᠯ ᠦᠭᠡᠢ ᠪᠠᠭ᠋ᠠᠳᠣᠨ ᠬᠠᠮᠢᠭ᠎ᠠ ᠪᠠᠶᠢᠬᠤ ᠪᠠᠨ ᠮᠠᠷᠳᠡᠴᠢᠬᠠᠡᠡᠰᠡᠨ᠂ ᠮᠦᠨ ᠦᠪᠡᠷ ᠢ ᠪᠠᠨ ᠬᠤᠷᠳᠣᠨ ᠦᠰᠴᠣ ᠲᠡᠳᠡᠨ ᠠᠴᠠ ᠠᠳᠠᠯᠢ ᠭᠡᠰᠡᠨ ᠲᠡᠯᠡᠨ ᠵᠢᠯ ᠤᠨ ᠡᠮᠤᠨᠠᠬᠢ ᠠᠪᠡ ᠶᠢᠨ ᠬᠦᠷᠢᠶᠡᠨ ᠤ ᠠᠳᠠᠭᠠᠷᠬᠠᠯ ᠪᠤᠴᠡᠨ ᠢᠷᠡᠭᠡ ᠨᠢ ᠪᠠᠰᠡᠬᠦ ᠨᠢᠭᠡᠨ ᠶᠤᠰᠤᠨ ᠤ ᠵᠢᠷᠭᠠᠯ ᠬᠡᠯᠳᠠᠢ᠃ ᠲᠡᠷᠨ ᠤᠳᠠᠭ᠎ᠠ ᠠᠪᠤ ᠪᠠᠷᠤᠭ ᠲᠡᠪᠢ ᠵᠢᠷᠡᠨ ᠠᠯᠬᠤᠮ ᠵᠠᠶᠢᠳᠡᠭᠤ ᠠᠴᠠ ᠨᠤᠬᠠᠢ ᠰᠢᠭᠦᠷᠬᠢᠯᠡᠭᠡ ᠲᠡᠤᠯᠠᠢ ᠶᠢ ᠬᠦᠡᠳᠡᠯᠡᠨ ᠠᠴᠠ ᠬᠡᠷᠤᠨ ᠤᠡᠭᠬᠢ ᠪᠢᠯᠠᠭᠤ ᠨᠢᠰᠭᠡᠨ ᠲᠡᠭᠡᠷ᠎ᠡ ᠦᠰᠤᠷᠭᠡᠳᠡᠯ᠎ᠠ ᠤᠨᠤᠭᠠᠨ ᠦᠰᠤ ᠶᠢ ᠨᠢ ᠪᠤᠳᠡᠷᠭᠠᠴᠢᠬᠠᠡᠡᠰᠡᠨ ᠬᠠᠪᠢᠴᠣᠣᠯ ᠢᠶᠠᠨ ᠲᠠᠩᠨᠠᠢ ᠲᠠᠰᠢᠭᠤᠯᠤᠨ ︽ᠵᠠ᠂ ᠭᠠᠷ ᠤᠨ ᠰᠢᠷ᠎ᠠ ᠤᠰᠤ ᠲᠠᠷᠬᠠᠯ᠎ᠠ︾ ᠭᠡᠵᠤ ᠬᠠᠨᠤᠮᠵᠢᠬᠠᠨ ᠢᠨᠢᠶᠡᠨ ᠪᠢᠯᠠᠭᠤ ᠪᠠᠨ ᠰᠢᠯᠢᠮᠳᠡᠴᠢᠭᠡᠭᠰᠡᠨ ᠬᠦᠲᠦᠯᠭᠦᠷ ᠠᠴᠠ ᠲᠡᠭᠳᠡᠯᠬᠢᠯᠡᠭᠡ ᠲᠥᠷᠪᠡ ︵ᠲᠦᠷᠪᠡᠨ ᠨᠢᠳᠣᠳᠠᠢ ᠨᠤᠬᠠᠢ︶ ᠪᠠᠨ ᠬᠠᠢ︕ ᠵᠠᠩᠳᠣᠴᠠᠭ᠎ᠠ ᠨᠢ ᠬᠠᠷᠠᠡᠳᠠᠭ᠎ᠠ ᠡ᠃ᠠᠢ᠂ ᠠᠪᠤ ᠮᠢᠨᠢ ᠮᠠᠨᠤᠰ ᠠᠴᠠ ᠰᠠᠯᠤᠭᠠᠤᠨ ᠬᠤᠷᠢᠭᠠᠤᠨ ᠵᠢᠯ ᠪᠤᠯᠴᠢᠬᠠᠵᠠᠢ᠃ ᠪᠤᠳᠤᠭᠠᠣᠨ ᠪᠠᠶᠢᠬᠤ ᠳᠤ ᠪᠢ ᠠᠪᠤ ᠳᠤ ᠬᠠᠪᠢᠳᠡᠮ᠎ᠠ ᠦᠭᠡᠢ᠃ ᠠᠴᠢᠳᠣ ᠠᠪᠤ ᠪᠠᠨ ᠡᠶᠢᠨ ᠬᠡᠳᠤᠨ ᠮᠦᠷ ᠢᠶᠠᠷ ᠳᠤᠷᠠᠰᠤᠮᠵᠢᠯᠠᠭᠠᠳ ᠲᠡᠷᠨ ᠬᠢᠭᠡᠤᠨ ᠬᠤᠷᠬᠠᠴᠣᠣᠯ ᠤᠨ ᠲᠦᠷᠤᠯᠬᠢ ᠬᠡᠯᠡᠨ ᠤ ᠪᠤᠭᠤᠡᠡᠳᠡᠯ ᠮᠤᠬᠤᠷᠳᠡᠯ ᠳᠤ ᠵᠢᠭᠠᠬᠠᠨ ᠴᠣ᠋ ᠣᠶᠢᠯᠠᠭᠠᠯᠲᠠ ᠦᠭᠡᠢ᠂ ᠮᠠᠨᠤᠰ ᠡᠶᠢᠮᠤ ᠯᠠ ᠬᠡᠮᠡᠭᠰᠡᠨ ᠪᠢᠳᠡᠬᠦᠷᠡᠯ ᠢᠶᠠᠨ ᠠᠪᠴᠣ ᠨᠦᠭᠦᠭᠡ ᠶᠢᠷᠲᠢᠨᠴᠦ ᠶᠢ ᠵᠤᠷᠢᠯᠴᠬᠠᠰᠡᠨ᠂ ᠶᠠᠭᠤᠳᠠᠢ ᠬᠦᠭᠡᠷᠤᠭᠦᠶᠢᠯᠯᠡᠳᠠᠢ︕ ᠪᠢ ᠡᠨᠠᠬᠦ ᠤᠯᠳᠤᠶᠢᠵᠢᠭᠤᠨ ᠶᠠᠭᠤᠮ᠎ᠡ ᠪᠠᠨ ᠲᠡᠳᠡᠭᠡᠷ ᠣᠷᠢᠳᠣᠬᠢᠴᠣᠣᠯ ᠤᠨ ᠭᠡᠭᠡᠨ ᠰᠦᠨᠡᠰᠣᠨ ᠳᠤ ᠡᠷᠭᠦᠨ ᠲᠤᠶ᠋ᠢᠩᠯᠡᠶ᠎ᠡ᠂ ᠲᠠᠭᠠᠯᠠᠯ ᠪᠤᠯᠭᠠᠯᠴᠠᠬᠤ ᠦᠦ᠃ ᠣᠳᠣ ᠲᠡᠷᠨ ᠬᠦᠭᠰᠢᠨ ᠵᠠᠯᠠᠭᠤᠰ ᠪᠤᠯᠳᠥ ᠪᠠᠷ ᠬᠦᠭᠡᠷᠤᠯᠳᠣᠨ ᠬᠦᠯᠣᠭ᠌ ᠮᠤᠷᠢᠤᠨ ᠰᠢᠡᠳᠡᠰᠤ ᠢᠯᠭᠠᠯᠴᠬᠠᠰᠡᠨ ᠠᠪᠡ ᠠᠩᠨᠠᠯ ᠤᠨ ᠬᠦᠭᠵᠢᠶᠡᠡᠳᠣ ᠠᠬᠤᠢ ᠲᠡᠭᠷᠢ ᠤᠶᠢᠷ᠎ᠡ ᠲᠡᠷᠨ ᠬᠤᠯᠠᠳ᠋ᠬᠠᠰᠡᠨ᠃ ᠲᠠᠶᠢᠨ ᠪᠠᠶᠢᠳᠤᠭᠠᠢ᠂ ᠲᠡᠷᠨ ᠠᠪᠠ ᠶᠢᠨ ᠬᠦᠷᠢᠶᠡᠨ ᠳᠤ ᠬᠦᠷᠤᠯᠴᠡᠭᠰᠡᠤᠨ ᠤ ᠬᠡᠳᠤ  ᠨᠢ ᠡᠷᠡᠭᠦᠯ ᠰᠠᠷᠡᠭᠤᠯ ᠪᠣᠯ ᠡ⁈ ᠡᠬᠡ ᠪᠠᠶᠢᠭᠠᠯᠢ ᠶᠠᠮᠠᠷᠬᠠᠨ ᠬᠠᠶᠢᠷ᠎ᠡ ᠨᠠᠶᠢᠷ ᠦᠭᠡᠢ᠂ ᠬᠠᠷ᠎ᠡ ᠲᠡᠷᠢᠭᠦᠲᠡᠳ ᠢ ᠠᠪᠴᠡᠨ᠎ᠠ ᠭᠡᠪᠡᠯ ᠠᠪᠡᠴᠡᠴᠢᠬᠠᠳᠠᠭ᠃ ᠡᠨᠡ ᠶᠢᠷᠲᠢᠨᠴᠦ ᠳᠤ ᠮᠦᠡᠭᠬᠡᠷᠡᠭᠰᠡᠣᠨ ᠭᠠᠷᠤᠭ᠎ᠠ ᠦᠭᠡᠢ᠃ ᠮᠤᠬᠤᠷ ᠦᠵᠣᠭ᠌ ᠠᠳᠠ ᠬᠦᠷᠴᠣ ᠭᠤᠴᠢᠨ ᠵᠢᠯ ᠤᠨ ᠡᠮᠤᠨ᠎ᠡ ︵1990 ᠤᠨ︶ ︽ᠵᠡᠬᠦᠨ ᠪᠠᠷᠡᠭᠤᠨ ᠡᠮᠤᠨ᠎ᠡ ᠬᠤᠶᠢᠨ᠎ᠡ︾ ᠭᠡᠰᠡᠨ ᠰᠢᠡᠵᠢᠯᠡᠯ ᠰᠣᠳᠣᠯᠣᠯ ᠤᠨ ᠨᠡᠯᠢᠶᠡᠤᠨ ᠵᠢᠩᠳᠡᠬᠦᠨ ᠰᠡᠣᠡᠭᠦᠯ ᠳᠤ ︽ᠲᠡᠯᠡᠭᠡᠢ ᠶᠢᠨ ᠪᠦᠮᠪᠤᠷᠴᠡᠭ ᠲᠤᠡᠡᠳ᠋ᠬᠠᠰᠡᠨ 47 ᠳ᠋ᠦᠡᠭᠰᠢᠭᠤᠷ ᠵᠢᠯ ᠤᠨ ᠤᠷᠳᠣ ᠲᠤᠭᠠᠯᠠᠩ ᠳᠤ ᠡᠨᠡ ᠲᠠᠯᠡᠭᠡᠢ ᠠᠴᠠ 800 ᠳ᠋ᠦᠡᠭᠰᠢᠭᠤᠷ ᠬᠦᠮᠤᠨ ᠠᠶᠡᠷᠯᠡᠯ᠎ᠡ︾ ᠭᠡᠵᠤ ᠲᠡᠮᠳᠡᠭᠯᠡᠵᠤ ᠪᠠᠶᠢᠯᠤᠭ᠎ᠠ᠃ ᠡᠨᠡ ᠲᠤᠭ᠎ᠠ ᠣᠨᠣᠪᠴᠢ ᠪᠠᠷ ᠶᠠᠮᠡᠷ ᠢ ᠮᠡᠳᠡᠬᠦ ᠦᠭᠡᠢ᠂ ᠬᠡᠷᠬᠢᠭᠰᠡᠨ ᠴᠣ᠋ ᠵᠤᠬᠢᠬᠤ ᠦᠡᠳᠣᠰᠣ ᠪᠠᠷᠢᠮᠳᠡᠯᠡᠯ ᠲᠠᠢ ᠪᠤᠢ᠃ ︽ᠮᠠᠭᠠᠣᠨ ᠦᠬᠦᠬᠦ ᠪᠠᠨ ᠮᠡᠳᠡᠳᠡᠭ ᠴᠣ᠋ ᠮᠠᠷᠭᠠᠰᠢ ᠦᠬᠦᠬᠦ ᠪᠠᠨ ᠦᠯᠤ ᠮᠡᠳᠡᠨ᠎ᠡ ︾ ᠭᠡᠰᠡᠨ ᠰᠡᠴᠡᠯᠡᠯ ᠮᠠᠨᠠᠶᠢᠬᠢᠨ ᠳᠤ ᠬᠠᠨᠳᠡ ᠨᠣᠮ᠃ ᠲᠡᠶᠢᠨ ᠠᠬᠤᠯ᠎ᠠ ᠬᠡᠨ ᠠᠯᠢᠨ ᠨᠢ ᠠᠮᠢᠳᠣ ᠶᠡᠪᠤᠭ᠎ᠠ ᠪᠠᠨ ᠡᠷᠬᠢᠮᠨᠡᠨ᠂ ᠬᠦᠮᠣᠨ ᠬᠦᠮᠤᠨ ᠢᠶᠠᠨ ᠬᠠᠶᠢᠷᠠᠯᠠᠯᠴᠠᠨ᠂ ᠬᠢᠵᠤ ᠪᠦᠳᠤᠭᠡᠶ᠎ᠡ ᠭᠡᠰᠡᠨ ᠢᠶᠠᠨ ᠠᠮᠵᠢᠭᠤᠯᠤᠯᠴᠡᠨ ᠬᠠᠷᠡᠮᠰᠡᠯ ᠡᠰᠡ ᠬᠤᠴᠣᠷᠭᠠᠰᠣ᠃ ᠮᠤᠩᠬᠠᠭ ᠮᠢᠨᠤ ᠲᠤᠯᠳᠤᠢ ᠪᠢᠴᠢᠯᠭᠡ ᠡᠶᠢᠡᠬᠦ ᠵᠢᠷᠤᠮᠯᠡᠯ ᠪᠤᠶᠤ᠃ ᠡᠨᠡ ᠪᠠᠳᠠᠭ ᠠᠷᠠᠢ ᠢᠯᠡᠭᠦᠳᠡᠯ ᠪᠤᠯᠬᠤ ᠦᠭᠡᠢ ᠪᠣᠢ᠃ ᠣᠡᠭᠰᠢᠡᠡᠴᠢᠣᠨ ᠮᠢᠨᠤ᠃                                                     ︵ᠦᠷᠭᠦᠯᠵᠢᠯᠡᠯ ᠪᠣᠢ︶通信处:赤峰市阿鲁科尔沁旗天山镇西桥 318信箱   布手机: 13789592719
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号