ᠪᠤᠷᠤ ᠪᠢᠯᠵᠤᠤᠬᠠᠢ ᠪᠠ ᠪᠢ
ᠨᠡᠶᠢᠲᠡᠯᠡᠭᠰᠡᠨ ᠴᠠᠭ᠄
2020-07-03
                                              ᠴᠠᠳᠠᠨ᠂ ᠭᠤᠸ᠎ᠠ ᠪᠤᠷᠤ ᠪᠢᠯᠵᠤᠤᠬᠠᠢ ᠨᠠᠳᠠ ᠲᠠᠢ ᠠᠳᠠᠯᠢ ᠱᠠᠯᠳᠡᠩ ᠲᠦᠷᠦᠭᠰᠡᠨ ᠭᠡᠨ᠎ᠠ ᠪᠤᠳᠠᠨ ᠤ ᠨᠦᠮᠤᠷᠢ ᠳᠤ ᠡᠵᠢ ᠪᠠᠨ ᠲᠠᠭᠤᠷᠢᠶᠠᠵᠤ ᠵᠢᠷᠬᠢᠵᠤ ᠦᠰᠦᠭᠰᠡᠨ ᠭᠡᠨ᠎ᠠ ᠪᠤᠰᠤᠳ ᠤᠨ ᠬᠡᠯᠡ ᠶᠢ ᠲᠠᠷᠠ ᠲᠤᠭᠤᠬᠤ ᠦᠭᠡᠢ ᠭᠠᠨᠳᠠᠭᠤᠨ ᠪᠤᠯᠤᠭᠰᠠᠨ ᠭᠡᠨ᠎ᠠ ᠪᠤᠯᠬᠤ ᠶᠢᠨ ᠲᠤᠳᠤᠷ᠎ᠠ ᠲᠠᠷᠠ ᠦᠪᠡᠷ ᠤᠨ ᠬᠢ ᠪᠠᠷ ᠢᠶᠠᠨ ᠱᠤᠯᠤᠭᠠᠨᠠᠵᠤ ᠵᠡᠩᠰᠢᠭᠰᠡᠨ ᠭᠡᠨ᠎ᠠ ᠡᠵᠢ ᠠᠴᠠ ᠪᠠᠨ ᠰᠤᠷᠤᠭᠰᠠᠨ ᠦᠨᠳᠤᠰᠤᠨ ᠬᠡᠯᠡ ᠳᠡᠭᠡᠨ ᠬᠠᠶᠢᠷ᠎ᠠ ᠲᠠᠢ ᠪᠠᠶᠢᠳᠠᠭ ᠭᠡᠨ᠎ᠠ ᠡᠷᠬᠢᠮᠰᠦᠭ ᠬᠦᠬᠦᠭᠡ ᠶᠢᠨ ᠤᠶᠠᠬᠠᠨ ᠡᠭᠡᠰᠢᠭ ᠢ ᠦᠯᠤ ᠲᠠᠭᠤᠷᠢᠶᠠᠳᠠᠭ ᠭᠡᠨ᠎ᠠ ᠲᠠᠯᠠᠨ ᠬᠡᠯᠡ ᠲᠠᠢ ᠲᠤᠳᠢ ᠶᠢ ᠴᠤ ᠲᠠᠷᠠ ᠦᠯᠤ ᠲᠤᠭᠤᠮᠰᠤᠷᠯᠠᠳᠠᠭ ᠭᠡᠨ᠎ᠠ ᠲᠠᠩᠳᠠ ᠪᠠᠨ ᠲᠠᠷᠠ ᠦᠪᠡᠷ ᠤᠨ ᠬᠢ ᠪᠠᠷ ᠢᠶᠠᠨ ᠬᠡᠯᠡᠯᠴᠡᠭᠡᠳ ᠰᠠᠭᠤᠳᠠᠭ ᠭᠡᠨ᠎ᠠ ᠭᠠᠯᠪᠠ ᠬᠠᠯᠠᠭᠰᠠᠨ ᠴᠤ ᠬᠡᠯᠡ ᠪᠠᠨ ᠰᠤᠯᠢᠬᠤ ᠦᠭᠡᠢ ᠲᠠᠩᠭᠠᠷᠢᠭ ᠲᠠᠯᠪᠢᠬᠰᠠᠨ ᠭᠡᠨ᠎ᠠ ᠭᠠᠵᠡᠷ ᠨᠤᠷᠠᠭᠰᠠᠨ ᠴᠤ ᠪᠤᠯᠵᠤᠮᠤᠷ ᠢᠶᠠᠨ ᠮᠠᠷᠳᠠᠬᠤ ᠦᠭᠡᠢ ᠠᠨᠳᠠᠭᠠᠢ ᠬᠢᠭᠰᠡᠨ ᠭᠡᠨ᠎ᠠ ᠬᠦᠵᠤᠬᠦᠤ ᠠᠴᠠ ᠨᠢ ᠪᠠᠵᠠᠭᠰᠠᠨ ᠰᠢᠷ᠎ᠠ ᠰᠢᠪᠠᠭᠤ ᠶᠢᠨ ᠰᠠᠪᠠᠷ ᠲᠤ ᠨᠦᠭᠴᠢᠬᠦ ᠳᠡᠭᠡᠨ ᠬᠦᠴᠤ ᠪᠠᠨ ᠰᠢᠪᠬᠠᠵᠤ ᠬᠡᠯᠡ ᠪᠠᠨ ᠲᠠᠳᠠᠭᠠᠳ ᠠᠮᠢ ᠪᠠᠨ ᠲᠠᠯᠪᠢᠳᠠᠭ ᠭᠡᠨ᠎ᠠ ᠪᠤᠮᠠᠨ ᠤᠨ ᠤ ᠰᠠᠯᠬᠢ ᠰᠢᠭᠤᠷᠭᠠᠨ ᠳᠤ ᠪᠤᠯᠵᠤᠮᠤᠷ ᠬᠡᠪ ᠢᠶᠠᠷ ᠢᠶᠠᠨ ᠭᠡᠨ᠎ᠡ ᠪᠤᠯᠵᠤᠵᠤ ᠬᠡᠮᠳᠤᠭᠡ ᠦᠭᠡᠢ ᠡᠭᠡ ᠬᠡᠯᠡ ᠨᠢ ᠲᠠᠷᠬᠠᠨ ᠢᠶᠠᠷ ᠢᠶᠠᠨ ᠭᠡᠨ᠎ᠠ ᠪᠤᠳᠤᠵᠤ ᠪᠤᠳᠤᠵᠤ ᠪᠢ‌ᠦᠪᠡᠷ   ᠠᠴᠠ ᠪᠠᠨ ᠢᠴᠢᠬᠦ ᠳᠡᠭᠡᠨ ᠪᠤᠯᠵᠤᠮᠤᠷ ᠢ ᠪᠢᠰᠢᠷᠠᠯ᠎ᠠ ᠪᠤᠴᠠᠵᠤ ᠪᠤᠴᠠᠵᠤ ᠪᠢ ᠦᠪᠡᠷ ᠢ  ᠪᠠᠨ ᠰᠢᠭᠦᠮᠵᠢᠯᠡᠬᠦ  ᠳᠤ  ᠨᠢᠯᠪᠤᠰᠤ  ᠤᠨᠠᠭᠠᠯ᠎ᠠ  ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号