ᠨᠠᠮᠤᠷ ᠪᠤᠯᠳᠠᠭ | ᠭᠤ᠂ ᠵᠢᠷᠭᠠᠯ | ᠨᠠᠮᠤᠷᠵᠢᠶᠠᠨ ᠵᠦᠭ ᠬᠠᠮ ᠲᠡᠷᠭᠡ ᠲᠦᠷᠦᠭᠦᠯᠡᠨ ᠨᠠᠮᠤᠷ ᠪᠤᠯᠳᠠᠭ | ᠨᠠᠰᠤᠳᠠᠨ ᠪᠤᠭᠤᠷᠤᠯ ᠬᠤᠶᠢᠮᠤᠷ ᠲᠤ ᠬᠠᠭᠤᠴᠢᠯᠠᠨ ᠨᠠᠮᠤᠷ ᠪᠤᠯᠳᠠᠭ | ᠨᠠᠮ᠎ᠠ ᠶᠢ ᠴᠢᠮ᠎ᠠ ᠶᠢ ᠢᠨᠠᠭ ᠬᠤᠣᠰᠯᠠᠭᠤᠯᠵᠤ ᠨᠠᠮᠤᠷ ᠪᠤᠯᠳᠠᠭ | ᠨᠠᠶᠢᠷᠠᠭ ᠰᠢᠯᠦᠭ ᠤᠨ ᠪᠠᠶᠢᠭᠠᠯᠢ ᠲᠤᠰᠤᠷᠬᠠᠵᠤ ᠨᠠᠮᠤᠷ ᠪᠤᠯᠳᠠᠭ᠃ | ᠬᠦᠭᠡ ᠲᠤᠭᠤᠷᠤᠣ ᠭᠤᠪᠢ ᠳᠠᠭᠠᠨ ᠲᠦᠷᠪᠡᠯᠡᠨ ᠨᠠᠮᠤᠷ ᠪᠤᠯᠳᠠᠭ | ᠬᠦᠮᠦᠨ ᠤ ᠬᠠᠷᠠᠭᠠᠨ ᠳᠤ ᠬᠡᠦᠬᠡᠨ ᠬᠠᠷᠢᠯᠠᠵᠤ ᠨᠠᠮᠤᠷ ᠪᠤᠯᠳᠠᠭ | ᠬᠦᠭᠡ ᠠᠭᠤᠯᠠᠰ ᠤᠨ ᠦᠷᠢᠯ ᠦᠨᠦᠷᠳᠦᠨ ᠨᠠᠮᠤᠷ ᠪᠤᠯᠳᠠᠭ | ᠬᠦᠰᠡᠯ ᠵᠢᠭᠦᠷᠯᠡᠨ ᠬᠡᠦᠬᠡᠳ ᠨᠤᠮ ᠡᠪᠦᠷᠯᠡᠵᠦ ᠨᠠᠮᠤᠷ ᠪᠤᠯᠳᠠᠭ᠃ | ᠦᠷᠦᠮ᠎ᠡ ᠵᠦᠭᠡᠭᠡᠢ ᠵᠤᠵᠠᠭᠠᠷᠠᠵᠤ ᠡᠵᠢ ᠪᠠᠶᠠᠰᠤᠨ ᠨᠠᠮᠤᠷ ᠪᠤᠯᠳᠠᠭ | ᠦᠨᠢᠷ ᠵᠤᠨ ᠵᠢᠮ᠎ᠡ ᠪᠠᠷ ᠢᠶᠠᠨ ᠦᠩᠭᠡᠷᠡᠵᠦ ᠨᠠᠮᠤᠷ ᠪᠤᠯᠳᠠᠭ | ᠦᠷᠭᠡᠨ ᠲᠠᠯ᠎ᠠ ᠨᠡᠶᠢᠳᠡᠮ ᠳᠡᠭᠡᠨ ᠰᠢᠷᠭᠠᠯᠳᠤᠵᠤ ᠨᠠᠮᠤᠷ ᠪᠤᠯᠳᠠᠭ | ᠦᠨᠳᠦᠷ ᠨᠠᠰᠤᠳᠠᠨ ᠤ ᠨᠠᠶᠢᠷ ᠤᠳᠬ᠎ᠠ ᠲᠡᠭᠦᠯᠳᠡᠷ ᠨᠠᠮᠤᠷ ᠪᠤᠯᠳᠠᠭ᠃ | ᠠᠳᠤᠭᠤᠨ ᠠᠴᠠ ᠠᠪᠤ ᠡᠪᠦᠷ ᠲᠦᠭᠦᠷᠡᠩ ᠮᠦᠭᠦ ᠲᠠᠢ ᠨᠠᠮᠤᠷ ᠪᠤᠯᠳᠠᠭ | ᠠᠯᠠᠭ ᠨᠢᠳᠦ ᠨᠠᠭᠤᠷ ᠰᠢᠪᠠᠭᠤᠳ ᠲᠠᠢ ᠪᠠᠨ ᠴᠠᠯᠬᠢᠯᠠᠵᠤ ᠨᠠᠮᠤᠷ ᠪᠤᠯᠳᠠᠭ | | ᠠᠭᠠᠷᠤᠣᠯ ᠬᠤᠷᠤᠳ ᠡᠪᠡᠷᠭᠡᠵᠦ ᠡᠭᠡᠴᠤᠣᠯ ᠤᠨ ᠨᠠᠮᠤᠷ ᠪᠤᠯᠳᠠᠭ | ᠠᠯᠳᠠᠨ ᠰᠢᠷ᠎ᠠ ᠵᠠᠮ ᠠᠯᠤᠰ ᠲᠤ ᠰᠤᠨᠤᠯᠵᠠᠩᠬᠠᠨ ᠨᠠᠮᠤᠷ ᠪᠤᠯᠳᠠᠭ᠃ | ᠤᠶᠠᠬᠠᠨ ᠪᠦᠰᠡᠭᠦᠶᠢᠴᠤᠣᠯ ᠲᠦᠷᠭᠦᠮ ᠢᠶᠠᠨ ᠡᠷᠭᠢᠨ ᠨᠠᠮᠤᠷ ᠪᠤᠯᠳᠠᠭ | ᠤᠳᠠᠨ ᠤ ᠰᠤᠷᠭᠤᠭ ᠨᠠᠪᠴᠢ ᠲᠡᠷᠪᠡᠨ ᠬᠡᠶᠢᠰᠦᠭᠡᠳ ᠨᠠᠮᠤᠷ ᠪᠤᠯᠳᠠᠭ | ᠤᠷᠢᠳᠤ ᠵᠦᠭ ᠤᠨ ᠭᠠᠯᠠᠭᠤᠳ ᠭᠠᠩᠭᠠᠷ ᠭᠤᠩᠭᠤᠷ ᠨᠠᠮᠤᠷ ᠪᠤᠯᠳᠠᠭ | ᠤᠭᠠᠯᠵᠠᠨ ᠭᠤᠣᠯ ᠨᠤᠳᠤᠭ ᠡᠮᠵᠢᠶᠡᠷᠯᠡᠨ ᠦᠩᠰᠢᠭ ᠨᠠᠮᠤᠷ ᠪᠤᠯᠳᠠᠭ᠃ | ᠲᠠᠪᠤᠨ ᠡᠷᠳᠡᠨᠢ ᠶᠢᠨ ᠰᠦᠷᠦᠭ ᠦᠯ ᠰᠦᠯ ᠲᠠᠢ ᠨᠠᠮᠤᠷ ᠪᠤᠯᠳᠠᠭ | ᠲᠠᠨ ᠤ ᠮᠠᠨ ᠤ ᠬᠢ ᠪᠦᠷᠢᠶᠡᠰᠦ ᠲᠠᠪᠬᠤᠷᠯᠠᠵᠤ ᠨᠠᠮᠤᠷ ᠪᠤᠯᠳᠠᠭ | ᠲᠠᠯ᠎ᠠ ᠳᠤ ᠤᠨᠠᠭᠰᠠᠨᠰᠢᠭᠦᠳᠡᠷᠢ ᠪᠤᠳᠤᠭ ᠤᠬᠢᠶᠠᠨ ᠨᠠᠮᠤᠷ ᠪᠤᠯᠳᠠᠭ | ᠲᠠᠷᠠᠭ ᠪᠠᠷᠢᠨ ᠬᠦᠬᠦᠷ ᠰᠤᠯᠢᠯᠴᠠᠨ ᠲᠡᠭᠰᠢ ᠪᠦᠷᠢᠨ ᠨᠠᠮᠤᠷ ᠪᠤᠯᠳᠠᠭ᠃ | | | | ᠦᠯᠦᠭᠡᠢ ᠡᠬᠡ ᠤᠷᠤᠨ ᠢᠶᠠᠨ ᠮᠠᠭᠳᠠᠨ ᠮᠠᠭᠳᠠᠭᠰᠠᠭᠠᠷ ᠨᠠᠮᠤᠷ ᠪᠤᠯᠳᠠᠭ | ᠦᠯᠡᠮᠵᠢ ᠪᠤᠶᠠᠨ ᠢ ᠨᠢ ᠢᠷᠦᠭᠡᠨ ᠢᠷᠦᠭᠡᠭᠰᠡᠭᠡᠷ ᠨᠠᠮᠤᠷ ᠪᠤᠯᠳᠠᠭ | ᠦᠨᠳᠦᠷ ᠬᠤᠷᠢᠶᠠᠯᠳᠠ ᠪᠠᠨ ᠪᠡᠯᠭᠡᠳᠡᠨ ᠪᠡᠯᠭᠡᠳᠡᠭᠰᠡᠭᠡᠷ ᠨᠠᠮᠤᠷ ᠪᠤᠯᠳᠠᠭ | ᠦᠷᠨᠢᠯ ᠬᠦᠭᠵᠢᠯ ᠢ ᠪᠠᠭ᠋ᠠᠷᠤᠨ ᠪᠠᠭ᠋ᠠᠷᠤᠭᠰᠠᠭᠠᠷ ᠨᠠᠮᠤᠷ ᠪᠤᠯᠳᠠᠭ᠃ | ᠠᠩᠭᠢᠷ ᠴᠠᠭᠠᠨ ᠮᠦᠷᠦᠭᠡᠳᠦᠯ ᠪᠡᠶᠡᠯᠡᠵᠦ ᠰᠠᠶᠢᠬᠠᠨ ᠨᠠᠮᠤᠷ ᠪᠤᠯᠳᠠᠭ | ᠠᠷᠢᠭᠤᠨ ᠬᠦᠳᠡᠯᠮᠦᠷᠢ ᠪᠠᠷ ᠡᠩᠭᠡᠷ ᠢᠶᠠᠨ ᠮᠢᠯᠢᠶᠠᠵᠦ ᠨᠠᠮᠤᠷ ᠪᠤᠯᠳᠠᠭ | ᠠᠳᠤᠭᠤᠴᠢᠨ ᠮᠠᠨᠠᠶᠢᠬᠢᠨ ᠳᠤ ᠤᠶᠤᠳᠠᠨ ᠤᠯᠠᠨ ᠨᠠᠮᠤᠷ ᠪᠤᠯᠳᠠᠭ | ᠠᠮᠢᠳᠤᠷᠠᠯ ᠤᠶᠢᠯᠡᠰ ᠦᠭᠡᠳᠡᠷᠬᠡᠭ ᠤᠷᠳᠤᠬᠠᠨ ᠨᠠᠮᠤᠷ ᠪᠤᠯᠳᠠᠭ᠃ | |