ᠭᠤ᠂ ᠵᠢᠷᠭᠠᠯ | ᠬᠤᠨᠢᠨ ᠵᠠᠬ᠎ᠠ ᠳᠤ ᠰᠢᠯᠦᠭ ᠤᠩᠰᠢᠬᠤ ᠰᠠᠶᠢᠬᠠᠨ | ᠬᠤᠯᠠ ᠶᠢᠨ ᠨᠤᠳᠤᠭ ᠠᠴᠠ ᠴᠢᠮ᠎ᠠ ᠶᠢ ᠬᠦᠯᠢᠶᠡᠬᠦ ᠰᠠᠶᠢᠬᠠᠨ | ᠬᠤᠷᠸ᠎ᠠ ᠳᠤ ᠠᠮᠢᠳᠤᠷᠠᠯ ᠦᠨᠡᠨ ᠢ ᠪᠢᠴᠢᠬᠦ ᠰᠠᠶᠢᠬᠠᠨ᠃ | ᠰᠠᠷ᠎ᠠ ᠲᠠᠢ ᠰᠦᠨᠢ ᠰᠢᠯᠦᠭ ᠪᠢᠴᠢᠬᠦ ᠰᠠᠶᠢᠬᠠᠨ | ᠰᠠᠷᠠᠰᠢᠬ ᠬᠤᠯᠠ ᠠᠴᠠ ᠵᠡᠭᠦᠳᠦᠨ ᠳᠤ ᠢᠷᠡᠬᠦ ᠰᠠᠶᠢᠬᠠᠨ | ᠰᠠᠷᠠᠭᠤᠯ ᠤᠷᠴᠢᠯᠠᠩ ᠳᠤ ᠰᠢᠯᠦᠭ ᠱᠠᠳᠯᠠᠬᠤ ᠰᠠᠶᠢᠬᠠᠨ᠃ | ᠤᠳᠤ ᠲᠠᠢ ᠪᠤᠷᠤᠭᠠᠨ ᠢᠶᠠᠷ ᠰᠢᠯᠦᠭ ᠪᠢᠴᠢᠬᠦ ᠰᠠᠶᠢᠬᠠᠨ | ᠤᠷᠭᠢᠯ ᠰᠠᠷᠢᠳᠠᠭ ᠤᠪᠤᠭᠠᠨ ᠳᠤ ᠪᠠᠨ ᠰᠦᠵᠢᠭ ᠮᠦᠷᠭᠦᠯ ᠰᠠᠶᠢᠬᠠᠨ | ᠤᠳᠤᠷ ᠨᠡᠭᠦᠳᠡᠯ ᠤᠨ ᠲᠤᠭᠤᠰᠤᠨ ᠳᠤ ᠬᠡᠦᠬᠡᠳ ᠨᠠᠰᠤ ᠰᠠᠶᠢᠬᠠᠨ | ᠤᠨᠠᠭᠰᠠᠨ ᠨᠤᠳᠤᠭ ᠢᠶᠠᠨ ᠤᠶᠠᠩᠭᠠᠯᠠᠨ ᠲᠠᠭᠤᠯᠠᠬᠤ ᠰᠠᠶᠢᠬᠠᠨ᠃ | ᠴᠠᠰᠤ ᠲᠠᠢ ᠦᠷᠯᠦᠭᠡ ᠰᠢᠯᠦᠭ ᠪᠢᠴᠢᠬᠦ ᠰᠠᠶᠢᠬᠠᠨ | ᠴᠠᠭᠠᠨ ᠦᠨᠳᠦᠷ ᠠᠴᠠ ᠨᠠᠷᠠᠨ ᠵᠦᠭ ᠰᠡᠷᠵᠢᠮᠯᠡᠬᠦ ᠰᠠᠶᠢᠬᠠᠨ | ᠴᠠᠭᠠᠨ ᠰᠠᠷ᠎ᠠ ᠳᠤ ᠡᠵᠢ ᠪᠠᠷ ᠢᠶᠠᠨ ᠦᠨᠦᠰᠦᠭᠦᠯᠬᠦ ᠰᠠᠶᠢᠬᠠᠨ᠃ | ᠪᠤᠭᠤᠷᠤᠯ ᠬᠠᠩᠭᠠᠢ ᠳᠤ ᠲᠤᠭᠤᠷᠤᠣ ᠴᠠᠮᠨᠠᠬᠤ ᠰᠠᠶᠢᠬᠠᠨ | ᠪᠤᠳᠤᠭ ᠨᠢ ᠲᠡᠩᠴᠡᠭᠰᠡᠨ ᠡᠵᠢ ᠶᠢᠨ ᠴᠢᠨᠠᠭᠰᠠᠨ ᠴᠠᠢ ᠰᠠᠶᠢᠬᠠᠨ | ᠪᠤᠷᠬᠠᠨ ᠰᠡᠳᠭᠢᠯ ᠤᠨ ᠭᠦᠨᠴᠡ ᠲᠠᠢ ᠰᠠᠶᠢᠬᠠᠨ ᠰᠢᠯᠦᠭ ᠰᠠᠶᠢᠬᠠᠨ᠃ | ᠪᠤᠳᠤᠯ ᠤᠨ ᠴᠡᠭᠡᠯ ᠳᠤ ᠠᠪᠤ ᠶᠢ ᠪᠠᠨ ᠵᠢᠷᠤᠬᠤ ᠰᠠᠶᠢᠬᠠᠨ | ᠪᠤᠭᠤᠷᠤᠯᠳᠤᠬᠤ ᠠᠴᠠ ᠨᠢ ᠡᠮᠦᠨ᠎ᠡ ᠡᠵᠢ ᠪᠠᠨ ᠬᠠᠶᠢᠷᠠᠯᠠᠬᠤ ᠰᠠᠶᠢᠬᠠᠨ | ᠢᠩᠭᠢᠵᠦ ᠰᠢᠯᠦᠭ ᠪᠢᠴᠢᠬᠦ ᠲᠤᠷ᠎ᠠ ᠬᠦᠰᠡᠯ ᠮᠢᠨᠢ ᠰᠠᠶᠢᠬᠠᠨ | ᠢᠷᠠᠭᠤ ᠨᠠᠶᠢᠷᠠᠭ ᠢᠶᠠᠷ ᠰᠡᠳᠭᠢᠯ ᠢᠶᠠᠨ ᠰᠦᠯᠡᠬᠦ ᠨᠡᠩ ᠰᠠᠶᠢᠬᠠᠨ᠃ | ᠪᠤᠳᠤᠭ ᠨᠢ ᠲᠡᠩᠴᠡᠭᠰᠡᠨ ᠡᠵᠢ ᠶᠢᠨ ᠴᠢᠨᠠᠭᠰᠠᠨ ᠴᠠᠢ ᠰᠠᠶᠢᠬᠠᠨ | ᠪᠤᠳᠤᠯ ᠤᠬᠠᠭᠠᠨ ᠤ ᠬᠢᠯᠬᠢᠶ᠎ᠡ ᠲᠠᠢ ᠰᠠᠶᠢᠬᠠᠨ ᠰᠢᠯᠦᠭ ᠰᠠᠶᠢᠬᠠᠨ᠃ | ᠬᠠᠶ᠋ᠢᠭ᠄ ᠰᠢᠯᠢ ᠶᠢᠨ ᠭᠤᠣᠯ ᠠᠶᠢᠮᠠᠭ ᠤᠨ ᠪᠠᠷᠠᠭᠤᠨ ᠦᠵᠦᠮᠦᠴᠢᠨ ᠬᠤᠰᠢᠭᠤᠨ ᠤ ᠭᠤᠷᠤᠬᠠᠨ ᠪᠠᠯᠭᠠᠰᠤᠨ ᠤ | ᠤᠩᠭᠤᠨ ᠭᠠᠴᠠᠭ᠎ᠠ ᠶᠢᠨ ᠮᠠᠯᠴᠢᠨ | ᠭᠠᠷ ᠤᠳᠠᠰᠤ᠄15849910470 | |