︽ᠰᠢᠷᠠᠮᠦᠷᠦᠨ  ᠤ  ᠬᠦᠭᠦᠷᠭᠡ  ︾  ᠶᠢᠨ ᠲᠤᠬᠠᠢ  ᠦᠭᠦᠯᠡᠬᠦ ᠨᠢ
ᠨᠡᠶᠢᠲᠡᠯᠡᠭᠰᠡᠨ ᠴᠠᠭ᠄
2020-07-28
︽ᠰᠢᠷᠠᠮᠦᠷᠦᠨ   ᠤ  ᠬᠦᠭᠦᠷᠭᠡ  ︾   ᠶᠢᠨ ᠲᠤᠬᠠᠢ  ᠦᠭᠦᠯᠡᠬᠦ ᠨᠢ           ᠤᠳᠤᠬᠠᠨ ᠤ ᠯᠢᠨᠰᠢ ᠰᠢᠶᠠᠨ ᠤ   ᠬᠢᠵᠠᠭᠠᠷ   ᠢ  ᠪᠠᠭᠳᠠᠭᠠᠭᠰᠠᠨ  ᠪᠠᠭᠠᠷᠢᠨ  ᠂ ᠤᠩᠨᠢᠭᠤᠳ   ᠤᠨ  ᠬᠢᠯᠢ  ᠲᠡᠭᠡᠷᠡᠬᠢ  ᠰᠢᠷᠠᠮᠦᠷᠦᠨ   ᠭᠤᠤᠯ  ᠲᠡᠭᠡᠷ᠎ᠡ   ᠯᠢᠶᠤᠤ  ᠤᠯᠤᠰ ᠤᠨ  ᠦᠶ᠎ᠡ ᠶᠢᠨ  ᠰᠢᠷᠠᠮᠦᠷᠦᠨ ᠤ  ᠴᠢᠯᠠᠭᠤᠨ ᠬᠦᠭᠦᠷᠭᠡ  ᠂  ᠴᠢᠩ ᠤᠯᠤᠰ   ᠤᠨ  ᠦᠶ᠎ᠡ ᠭᠦᠩᠵᠦ ᠶᠢᠨ  ᠬᠦᠬᠦᠷᠭᠡ  ——  ᠪᠠᠭᠠᠷᠢᠨ  ᠬᠦᠭᠦᠷᠭᠡ  ᠂     ᠬᠠᠭᠤᠷᠮᠠᠭ  ᠮᠠᠨᠵᠦ   ᠶᠢᠨ  ᠶᠠᠫᠤᠨ ᠬᠦᠭᠦᠷᠭᠡ  ᠂ ᠰᠢᠨ᠎ᠡ ᠲᠤᠮᠳᠠᠳᠤ  ᠤᠯᠤᠰ   ᠤᠨ   ᠪᠠᠭᠠᠷᠢᠨ  ᠬᠦᠭᠦᠷᠭᠡ  ᠂ ᠪᠤᠰᠢᠭᠤ ᠵᠠᠮ   ᠤᠨ  ᠬᠦᠭᠦᠷᠭᠡ  ᠂  ᠲᠡᠮᠦᠷ ᠵᠠᠮ ᠤᠨ  ᠬᠦᠭᠦᠷᠭᠡ   ᠵᠡᠷᠭᠡ ᠤᠷᠢᠳ  ᠬᠤᠵᠢᠳ  ᠪᠠᠶᠢᠭᠤᠯᠭᠳᠠᠵᠠᠢ  ᠃   ᠨᠢᠭᠡ  ᠄    ︽ᠭᠦᠩᠵᠦ   ᠶᠢᠨ  ᠬᠦᠭᠦᠷᠭᠡ  ︾ ᠠᠴᠠ  ᠡᠮᠦᠨᠡᠬᠢ   ᠰᠢᠷᠠᠮᠦᠷᠦᠨ   ᠤ ᠬᠦᠭᠦᠷᠭᠡ   ᠶᠢᠨ   ᠲᠤᠬᠠᠢ ︽ᠰᠢᠷ᠎ᠠ   ᠮᠦᠷᠡᠨ ᠤ  ᠴᠢᠯᠠᠭᠤᠨ  ᠬᠦᠭᠦᠷᠭᠡ  ︾  ᠬᠡᠮᠡᠬᠦ  ᠦᠭᠡ  ᠬᠠᠮᠤᠭ ᠠᠩᠬᠠᠨ   ᠳᠤ  ︽ᠯᠢᠶᠤᠤ  ᠤᠯᠤᠰ   ᠤᠨ  ᠲᠡᠦᠭᠡ︾  ᠭᠠᠵᠠᠷ ᠵᠦᠢ ᠶᠢᠨ  ᠤᠶᠢᠯᠠᠯᠭ᠎ᠠ   ᠳᠤ  ᠢᠯᠡᠷᠡᠵᠠᠢ  ᠃ ᠯᠢᠶᠤᠤ ᠤᠯᠤᠰ ᠤᠨ    ᠱᠧᠩᠽᠦ᠋ᠩ ᠬᠠᠭᠠᠨ ᠶᠧ  ᠯᠢᠦᠢ  ᠯᠦᠩ  ᠱᠦᠢ   ᠶᠢᠨ  ᠺᠠᠢ ᠲᠠᠢ  ᠲᠠᠪᠤᠳᠤᠭᠠᠷ ᠤᠨ  ︵1016︶   ᠤ  ᠰᠦᠩ  ᠤᠯᠤᠰ   ᠤᠨ  ᠡᠯᠴᠢ   ᠱᠢᠦᠸᠠᠢ  ᠶᠠᠩ   ᠤᠨ  ᠲᠡᠮᠳᠡᠭᠡᠯᠡᠯ  ︽ᠲᠡᠭᠡᠳᠦ ᠨᠡᠶᠢᠰᠯᠡᠯ  ︵ᠤᠳᠤᠬᠠᠨ ᠤ  ᠯᠢᠨᠳᠦᠩ  ᠪᠠᠯᠭᠠᠰᠤᠨ   ᠤ  ᠡᠮᠦᠨᠡᠬᠢ ᠬᠤᠳᠠ   ᠶᠢᠨ  ᠪᠠᠭᠤᠷᠠᠢ︶  ᠃ ᠲᠤᠮᠳᠠ  ᠨᠡᠶᠢᠰᠯᠡᠯ  ︵ᠤᠳᠤᠬᠠᠨ ᠤ   ᠨᠢᠩᠴᠧᠩ  ᠰᠢᠶᠠᠨ ᠤ  ᠳ᠋ᠠ  ᠮᠢᠩ ᠬᠤᠳᠠ   ᠶᠢᠨ  ᠪᠠᠭᠤᠷᠠᠢ︶   ᠠᠰ   ᠬᠤᠶᠢᠨ᠎ᠠ  80 ᠭᠠᠵᠠᠷ   ᠤᠨ  ᠵᠠᠢ  ᠳᠤ  ᠰᠦᠩ ᠱᠠᠨ ᠭᠤᠸᠠᠨ   ᠦᠷᠳᠡᠭᠡ᠂ ᠲᠠᠯᠠᠨ ᠭᠠᠵᠠᠷ   ᠤᠨ   ᠵᠠᠢ   ᠳᠤ  ᠴᠦᠩ  ᠰᠢᠨ  ᠭᠤᠸᠠᠨ   ᠦᠷᠳᠡᠭᠡ᠂ ᠶᠡᠷᠡᠨ ᠭᠠᠵᠠᠷ ᠤᠨ ᠵᠠᠢ   ᠳᠤ  ᠭᠤᠸᠠᠩ ᠨᠢᠩ ᠭᠤᠸᠠᠨ  ᠦᠷᠳᠡᠭᠡ᠂ ᠲᠠᠪᠢᠨ ᠭᠠᠵᠠᠷ ᠤᠨ  ᠵᠠᠢ   ᠳᠤ  ᠶᠤᠤ ᠵᠢᠶᠠ  ᠵᠠᠢ  ᠭᠤᠸᠠᠨ   ᠦᠷᠳᠡᠭᠡ᠂  ᠲᠠᠪᠢᠨ ᠭᠠᠵᠠᠷ ᠤᠨ  ᠵᠠᠢ ᠳᠤ  ᠰᠢᠶᠠᠨ ᠨᠢᠩ ᠭᠤᠸᠠᠨ ᠦᠷᠳᠡᠭᠡ᠂  ᠭᠤᠴᠢᠨ ᠭᠠᠵᠠᠷ ᠤᠨ  ᠦᠵᠦᠭᠦᠷ ᠲᠤ   ᠰᠢᠷ᠎ᠠ  ᠮᠦᠷᠡᠨ   ᠢ  ᠭᠡᠳᠦᠯᠬᠦ   ᠴᠢᠯᠠᠭᠤᠨ ᠬᠦᠭᠦᠷᠭᠡ ᠠᠵᠦ   ᠤᠷᠴᠢᠮ   ᠳᠤᠨᠢ  ᠿᠤᠤ  ᠵᠧᠦ  ᠪᠠᠶᠢᠵᠦ᠂ ᠲᠠᠩ  ᠤᠯᠤᠰ  ᠬᠢᠭᠡᠳ   ᠯᠢᠶᠤᠤ ᠤᠯᠤᠰ  ᠤᠷᠢᠳ   ᠬᠤᠵᠢᠳ  ᠿᠤᠤ  ᠯᠧ   ᠶᠠᠮᠦᠨ   ᠪᠠᠶᠢᠭᠤᠯᠬᠤ   ᠪᠠᠷ  ᠲᠦᠯᠦᠪᠡᠯᠵᠠᠢ  ᠃ ᠤᠳᠤᠬᠠᠨ   ᠳᠤ   ᠪᠦᠸᠧᠬᠠᠢ ᠶᠢᠨ  ᠬᠦᠮᠦᠨ ᠨᠤᠳᠤᠭᠰᠢᠮᠦᠢ ᠭᠡᠵᠢ᠃ ︵  ︽ᠯᠢᠶᠤᠤ  ᠤᠯᠤᠰ ᠤᠨ  ᠲᠡᠦᠭᠡ︾  ᠭᠠᠵᠠᠷ  ᠵᠦᠢ   ᠶᠢᠨ  ᠤᠶᠢᠯᠠᠯᠭ᠎ᠠ ᠨᠢᠭᠡ   ᠶᠢᠨ 44 1— —442  ᠨᠢᠭᠤᠷ    ᠂  ᠵᠦᠩᠬᠤᠸᠠ  ᠪᠢᠴᠩ   ᠤᠨ  ᠲᠤᠪᠴᠢᠶ᠎ᠠ ᠶᠢᠨ  1924 ᠤᠨ   ᠤ10 ᠰᠠᠷ᠎ᠠ   ᠶᠢᠨ  ᠬᠡᠪᠯᠡᠯ  ︶    ᠃  ᠡᠨᠡᠬᠦ  ᠰᠢᠷᠠᠮᠦᠷᠦᠨ ᠤ ᠴᠢᠯᠠᠭᠤᠨ  ᠬᠦᠭᠦᠷᠭᠡ  ᠪᠠᠭᠤᠷᠠᠢ   ᠨᠢ  ᠤᠳᠤᠬᠠᠨ   ᠤ  ᠯᠢᠨᠰᠢ ᠰᠢᠶᠠᠨ ᠤ ᠰᠢᠨ  ᠴᠧᠩᠽᠢ  ᠪᠠᠯᠭᠠᠰᠦᠨ ᠤ   ᠪᠠᠷᠠᠭᠤᠨ  ᠢᠩᠭᠡᠳᠦ   ᠶᠢᠨ  ᠲᠤᠰᠬᠤᠨ ᠤ  ᠰᠢᠷ᠎ᠠ ᠰᠢᠷᠦᠢ   ᠶᠢᠨ  ᠨᠦᠭᠡ ︵ᠬᠤᠸᠠᠩ  ᠲᠧᠦ  ᠺᠧᠩ  ︶   ᠶᠢᠨ  ᠡᠮᠦᠨ᠎ᠡ  1 ᠺᠢᠯᠤᠮᠧᠲ᠋ᠧᠷ ᠵᠠᠶᠢᠳᠠᠢ  ᠂  ᠫᠢᠩ  ᠱᠤᠸᠠᠩ  ᠵᠠᠰᠠᠮᠠᠯ  ᠵᠠᠮ   ᠤᠨ  ᠴᠧᠨ  ᠵᠢᠶᠠ ᠢᠩᠽᠢ  ᠬᠦᠭᠦᠷᠭᠡ ᠶᠢᠨ  ᠪᠠᠷᠠᠭᠤᠨ ᠲᠠᠯ᠎ᠠ   ᠳᠤ  ᠰᠢᠷᠠᠮᠦᠷᠤᠨ ᠭᠤᠤᠯ   ᠤᠨ  ᠲᠡᠭᠡᠷ᠎ᠡ  ᠪᠠᠶᠢᠵᠠᠢ  ᠃ ᠲᠤᠰ  ᠬᠦᠭᠦᠷᠭᠡ ᠨᠢ  ᠲᠤᠬᠠᠢ ᠶᠢᠨ  ᠦᠶ᠎ᠡ   ᠳᠠᠬᠢ ᠱᠠᠨ  ᠬᠠᠢ  ᠭᠤᠸᠠᠨ  ᠪᠤᠭᠤᠮᠳᠠ   ᠠᠴᠠ  ᠭᠠᠳᠠᠨ᠎ᠠ   ᠵᠡᠭᠦᠨ ᠮᠤᠩᠭᠤᠯ   ᠤᠨ  ᠤᠷᠤᠨ   ᠳᠠᠬᠢ  ᠬᠠᠮᠤᠭ   ᠤᠨ  ᠲᠤᠮᠦ  ᠴᠢᠯᠠᠭᠤᠨ  ᠬᠦᠭᠦᠷᠭᠡ   ᠮᠦᠨ᠃ 1972 ᠤᠨ   ᠳᠤ  ᠴᠧᠨ ᠵᠢᠶᠠ  ᠢᠩᠽᠢ   ᠶᠢᠨ  ᠬᠦᠭᠦᠷᠭᠡ ᠶᠢ  ᠪᠠᠶᠢᠭᠤᠯᠬᠤ  ᠦᠶᠡᠰ  ᠰᠢᠷᠠᠮᠦᠷᠦᠨ  ᠭᠤᠤᠯ   ᠤᠨ  ᠪᠠᠷᠠᠭᠤᠨ  ᠬᠦᠪᠡᠭᠡ  ᠤᠷᠴᠢᠮ   ᠢᠶᠠᠷ  ᠬᠤᠶᠠᠷ  ᠬᠦᠭᠦᠷᠭᠡ   ᠶᠢᠨ  ᠲᠤᠯᠭᠠᠭᠤᠷᠢ  ᠤᠰᠤᠨ   ᠠᠴᠠ  ᠴᠤᠬᠤᠶᠢᠵᠦ ᠬᠠᠷᠠᠭᠳᠠᠵᠠᠢ  ᠃  ᠬᠦᠭᠦᠷᠭᠡ   ᠶᠢᠨ  ᠰᠠᠭᠤᠷᠢ ᠶᠢ  ᠴᠡᠪᠡᠷᠯᠡᠬᠦ  ᠦᠶᠡᠰ  ᠪᠠᠰᠠ  ᠬᠤᠶᠠᠷ  ᠮᠤᠳᠤᠨ    ᠮᠠᠲ᠋ᠧᠷᠢᠶᠠᠯ ᠢᠯᠡᠷᠡᠵᠠᠢ  ᠃ ᠲᠡᠭᠦᠨ ᠤ  ᠨᠢᠭᠡ ᠬᠦᠨᠳᠡᠯᠡᠨ   ᠢᠶᠠᠷ  ᠬᠤᠭᠤᠷᠠᠭᠰᠠᠨ  ᠬᠡᠰᠡᠭ ᠨᠢ ᠱᠠᠳᠤᠯᠵᠢᠨ ᠬᠡᠯᠪᠡᠷᠢᠳᠠᠢ  ᠂  ᠬᠤᠭᠤᠷᠬᠠᠢ   ᠶᠢᠨ  ᠤᠷᠳᠦ ᠨᠢ 1  ᠮᠧᠲ᠋ᠡᠷ  ᠢᠯᠡᠭᠦᠦ  ᠪᠠᠶᠢᠵᠠᠢ  ᠃ ᠨᠢᠭᠡ  ᠲᠠᠯ᠎ᠠ ᠳᠤᠨᠢ ᠤᠷᠳᠦ ᠲᠦᠷᠪᠡᠯᠵᠢᠨ ᠬᠡᠯᠪᠡᠷᠢᠳᠠᠢ  ᠴᠦᠴᠡᠯᠡᠭᠰᠡᠨ  ᠨᠦᠭᠡ ᠲᠠᠢ  ᠂ ᠴᠦᠴᠡ   ᠶᠢᠨ  ᠨᠦᠭᠡ   ᠶᠢᠨ ᠤᠷᠳᠦ ᠨᠢ 26 ᠰᠡᠨᠲ᠋ᠢᠮᠧᠲ᠋ᠧᠷ  ᠂ ᠦᠷᠭᠡᠨ ᠨᠢ 13 ᠰᠡᠨᠲ᠋ᠢᠮᠧᠲ᠋ᠡᠷ  ᠪᠠᠶᠢᠵᠠᠢ  ᠃  ᠡᠨᠡᠬᠦ  ᠬᠦᠭᠦᠷᠭᠡ   ᠶᠢᠨ  ᠦᠯᠡᠳᠡᠭᠳᠡᠯ   ᠨᠢ  ᠿᠤᠤᠵᠧᠦ  ᠬᠤᠳᠠ   ᠶᠢᠨ  ᠪᠠᠭᠤᠷᠠᠢ     ᠠᠴᠠ  ᠨᠢᠭᠡ ᠺᠢᠯᠤᠮᠧᠲ᠋ᠡᠷ  ᠵᠠᠶᠢᠳᠠᠢ  ᠪᠠᠶᠢᠵᠦ  ᠂  ᠯᠢᠶᠤᠤ᠂  ᠠᠯᠳᠠᠨ  ᠂  ᠶᠤᠸᠠᠨ  ᠂ ᠮᠢᠩ ᠲᠦᠷᠪᠡᠨ ᠭᠦᠷᠦᠨ ᠤ  ᠦᠶ᠎ᠡ   ᠳᠤ ᠵᠠᠮ ᠬᠠᠷᠢᠯᠴᠠᠭᠠᠨ   ᠤ  ᠴᠢᠬᠤᠯᠠ  ᠬᠤᠯᠪᠤᠭᠠᠰᠦ ᠶᠢᠨ  ᠦᠢᠯᠡᠳᠦᠯ  ᠦᠵᠭᠦᠯᠵᠠᠢ  ᠃  ᠶᠤᠸᠠᠨ  ᠤᠯᠤᠰ ᠤᠨ  ᠦᠶ᠎ᠡ ᠳᠤ  ᠰᠢᠷᠠᠮᠦᠷᠦᠨ   ᠤ  ᠬᠦᠭᠦᠷᠭᠡ   ᠨᠢ ᠢᠩ  ᠴᠠᠩ   ᠴᠦᠯᠭᠡ  ︵ ᠪᠠᠷᠰ ᠬᠤᠳᠠ︶   ᠳᠤ   ᠬᠦᠷᠬᠦ   ᠳᠤ  ᠡᠷᠬᠡᠪᠰᠢ  ᠦᠩᠭᠡᠷᠡᠬᠦ ᠵᠠᠮ ᠮᠦᠨ᠃   ᠮᠢᠩ ᠤᠯᠤᠰ ᠤᠨ  ᠡᠬᠢᠨ ᠳᠤ  ᠂ ᠮᠢᠩ ᠴᠧᠩᠽᠦ  ᠵᠦ ᠳ᠋ᠢ ᠤᠮᠠᠷᠠᠰᠢ ᠲᠠᠶᠢᠯᠠᠬᠤ   ᠳᠠᠭᠠᠨ ᠶᠦᠩ  ᠯᠧ   ᠶᠢᠨ  ᠨᠠᠶᠢᠮᠠᠳᠦᠭᠠᠷ ᠤᠨ  ︵1410︶ ᠤᠨ   ᠤ  ᠵᠢᠷᠭᠤᠭᠠᠨ ᠰᠠᠷ᠎ᠠ 27 ᠤ ᠡᠳᠦᠷ  ᠲᠤᠰ  ᠬᠦᠭᠦᠷᠭᠡ ᠪᠠᠷ ᠭᠠᠷᠴᠦ   ᠲᠦᠭᠡᠮᠡᠯ ᠲᠠᠯ᠎ᠠ  ︵ᠭᠦᠩᠭᠡᠷ   ᠤᠨ  ᠲᠠᠯ᠎ᠠ︶   ᠳᠤ  ᠬᠦᠷᠴᠠᠢ  ᠃  ︵ ︽ ᠤᠮᠠᠷᠰᠢ ᠲᠠᠶᠢᠯᠭᠰᠠᠨ ᠲᠡᠮᠳᠡᠭᠡᠯᠡᠯ  ︾   ᠤᠨ ᠨᠢᠭᠡᠳᠦᠭᠡᠷ ᠪᠤᠳᠢ  ᠂ ᠮᠢᠩ ᠤᠯᠤᠰ  ᠤᠨ   ᠶᠢᠨ ᠶᠢᠦ  ᠽᠢ  ᠲᠡᠮᠳᠡᠭᠡᠯᠡᠪᠡ︶  ᠃ ᠴᠢᠩ ᠤᠯᠤᠰ ᠤᠨ   ᠡᠶᠡᠪᠡᠷ  ᠵᠠᠰᠠᠭᠴᠢ   ᠶᠢᠨ  ᠭᠤᠷᠪᠠᠨ  ︵1646︶ ᠤᠨ ᠳᠤ  8 ᠰᠠᠷ᠎ᠠ ᠳᠤ ᠴᠢᠩ ᠤᠯᠤᠰ ᠤᠨ  ᠲᠡᠭᠷᠢ  ᠰᠡᠴᠡᠨᠳᠦ ᠬᠠᠭᠠᠨ ᠤ  ᠲᠠᠪᠤᠳᠤᠭᠠᠷ ᠤᠬᠢᠨ ᠰᠡᠴᠡᠨ ᠲᠡᠭᠡᠳᠦ ᠬᠦᠷᠦᠨ  ᠭᠦᠩᠵᠦ  ᠪᠠᠭᠠᠷᠢᠨ ᠪᠠᠷᠠᠭᠤᠨ ᠭᠠᠷᠦᠨ  ᠬᠤᠰᠢᠭᠤᠨ   ᠤ ᠰᠡᠪᠳᠠᠨ  ᠸᠠᠩ ᠳᠤ   ᠮᠤᠷᠳᠠᠬᠤ   ᠳᠠᠭᠠᠨ  ᠪᠠᠰᠠᠴᠦ   ᠲᠤᠰ ᠬᠦᠭᠦᠷᠭᠡ ᠪᠠᠷ  ᠦᠩᠭᠡᠷᠡᠵᠦ ᠪᠠᠭᠠᠷᠢᠨ   ᠤ  ᠬᠢᠵᠠᠭᠠᠷ   ᠲᠤ  ᠤᠷᠤᠵᠠᠢ  ᠃ ᠬᠤᠶᠠᠷ  ᠄  ᠪᠠᠭᠠᠷᠢᠨ  ᠬᠦᠭᠦᠷᠭᠡ   —  ︽ᠭᠦᠩᠵᠦ   ᠶᠢᠨ  ᠬᠦᠭᠦᠷᠭᠡ  ︾   ᠶᠢᠨ  ᠲᠤᠬᠠᠢ ᠰᠤᠷᠪᠤᠯᠵᠢ ᠪᠢᠴᠩ   ᠢ  ᠦᠨᠳᠦᠰᠦᠯᠡᠪᠡᠯ  ᠴᠢᠩ ᠤᠯᠤᠰ ᠤᠨ  ᠡᠶᠡᠪᠡᠷ ᠵᠠᠰᠠᠭᠴᠢ ᠶᠢᠨ  ᠠᠷᠪᠠᠨ ᠲᠤᠯᠤᠳᠤᠭᠠᠷ ᠤᠨ ︵1660︶   ᠳᠤ  ᠰᠡᠪᠳᠡᠨ ᠸᠠᠩ ᠲᠡᠭᠦᠨ ᠤ ᠦᠶᠡᠯᠢᠳ ᠲᠡᠭᠦᠦ  ᠮᠠᠨᠵᠦᠤᠷ ᠰᠢᠯᠢ  ︵ᠪᠠᠭᠠᠷᠢᠨ ᠵᠡᠭᠦᠨ ᠬᠤᠰᠢᠭᠤᠨ ᠤ ᠸᠠᠩ︶   ᠲᠠᠢ   ᠬᠠᠮᠰᠠᠵᠦ  ᠂ ᠶᠡᠭᠡ  ᠶᠤᠯᠤ   ᠶᠢᠨ  ᠠᠭᠤᠯᠠ  ︵ ᠤᠳᠤᠬᠠᠨ ᠤ  ᠰᠢᠷᠠᠮᠦᠷᠦᠨ ᠭᠤᠤᠯ ᠤᠨ  ᠬᠤᠶᠢᠳᠦ ᠡᠷᠭᠢ ᠶᠢᠨ   ᠪᠠᠨ ᠯᠠ ᠱᠠᠨ ᠠᠭᠤᠯᠠ︶  ᠬᠤᠶᠢᠳᠦ  ᠭᠤᠪᠢ   ᠶᠢᠨ  ᠠᠮᠠ   ᠤᠯᠠᠭ᠎ᠠ ᠵᠠᠮ ᠲᠡᠭᠡᠷ᠎ᠡ   ᠲᠠᠪᠤᠨ  ᠤᠯᠠᠪᠳᠤᠷ  ᠤᠷᠭᠤᠭ᠎ᠠ  ᠬᠠᠳᠠᠨ  ︵  ︽ᠪᠠᠭᠠᠷᠢᠨ  ᠪᠠᠷᠠᠭᠤᠨ ᠬᠤᠰᠢᠭᠤᠨ ᠤ  ᠤᠶᠢᠯᠠᠯᠭ᠎ᠠ   ᠳᠤ  ︽ᠭᠤᠤᠯ   ᠤᠨ  ᠲᠤᠮᠳᠠᠬᠢ  ᠪᠤᠱᠤᠭ᠎ᠠ  ᠤᠯᠠᠨᠳᠠᠢ  ᠭᠠᠵᠠᠷ  ︾  ᠭᠡᠵᠦ ᠲᠡᠮᠳᠡᠭᠡᠯᠡᠵᠠᠢ 308 ᠨᠢᠭᠤᠷ   ᠬᠢᠳᠠᠳ  ᠬᠡᠪᠯᠡᠯ  ︶     ᠶᠢ ᠰᠢᠷᠠᠮᠦᠷᠦᠨ ᠤ   ᠤᠬᠠᠭᠠᠯᠢᠭ  ᠠᠰᠢᠭᠯᠠᠵᠦ  ᠰᠢᠨ᠎ᠡ  ᠴᠢᠯᠠᠭᠤᠨ  ᠬᠦᠭᠦᠷᠭᠡ  ᠪᠤᠰᠬᠠᠵᠦ  ᠰᠢᠷ᠎ᠠ ᠮᠦᠷᠡᠨ   ᠤ  ᠤᠷᠤᠰᠬᠠᠯ   ᠢ  ᠬᠦᠮᠦᠨ   ᠤ  ᠬᠦᠴᠦ ᠪᠠᠷ  ᠲᠠᠳᠠᠵᠦ   ᠤᠷᠤᠭᠤᠯᠠᠭᠠᠳ  ᠂  ᠬᠦᠭᠦᠷᠭᠡ   ᠳᠡᠭᠡᠨ  ︽ᠭᠦᠩᠵᠦ   ᠶᠢᠨ  ᠬᠦᠭᠦᠷᠭᠡ︾  ᠭᠡᠰᠨ ᠨᠡᠷ᠎ᠡ  ᠬᠠᠶᠢᠷᠯᠠᠵᠠᠢ  ᠂  ᠡᠭᠦᠨ ᠤ ᠬᠠᠮᠳᠦ  ᠭᠤᠤᠯ   ᠤᠨ ᠬᠤᠶᠢᠳᠦ ᠬᠦᠪᠡᠭᠡ ᠳᠤ  ᠲᠠᠪᠢᠨ ᠤᠪᠤᠭ᠎ᠠ ᠦᠷᠳᠡᠭᠡ  ᠪᠠᠶᠢᠭᠤᠯᠵᠤ  ᠂  ᠭᠤᠴᠢᠨ ᠲᠠᠪᠤᠨ  ᠤᠯᠠᠭ᠎ᠠ ᠮᠤᠷᠢ  ᠂ ᠨᠢᠭᠡ ᠵᠠᠩᠭᠢ  ᠂ ᠨᠢᠭᠡ  ᠭᠦᠨᠳᠦ  ᠪᠤᠱᠤᠭ᠂     ᠨᠢᠭᠡ ᠪᠢᠴᠡᠭᠡᠴᠢ  ᠂   ᠲᠦᠷᠪᠡᠨ   ᠪᠤᠱᠤᠭ  ᠂   ᠶᠡᠷᠡᠨ  ᠨᠠᠢᠮᠠᠨ ᠤᠯᠭᠠᠴᠢ  ᠲᠤᠬᠢᠷᠠᠭᠤᠯᠵᠠᠢ  ᠂   ᠡᠭᠦᠨ ᠳᠤ  ᠪᠠᠭᠠᠷᠢᠨ  ᠪᠠᠷᠠᠭᠤᠨ ᠬᠤᠰᠢᠭᠤᠨ ᠤ 63 ᠬᠦᠮᠦᠨ  ᠂ ᠪᠠᠭᠠᠷᠢᠨ ᠵᠡᠭᠦᠨ ᠬᠤᠰᠢᠭᠤᠨ ᠤ  42 ᠬᠦᠮᠦᠨ  ︵  ︽ ᠭᠠᠳᠠᠭᠠᠳᠦ ᠮᠤᠩᠭᠤᠯ   ᠢ  ᠶᠡᠷᠦᠩᠭᠡᠶᠢᠯᠡᠨ ᠵᠠᠰᠠᠬᠤ  ᠵᠤᠷᠪᠤᠰ  ︾   ᠤᠨ ᠰᠢᠦᠳᠠᠨ ᠤ ᠵᠤᠷᠪᠤᠰ︶    ᠃   ᠰᠡᠴᠡᠨ ᠲᠡᠭᠡᠳᠦ  ᠭᠦᠷᠦᠨ  ᠭᠦᠩᠵᠦ ᠶᠢᠨ  ᠨᠡᠶᠢᠰᠯᠠᠯ ᠳᠤ ᠪᠤᠴᠠᠵᠦ  ᠲᠦᠷᠭᠦᠮ   ᠢᠶᠠᠨ  ᠡᠷᠭᠢᠬᠦ   ᠳᠤ ᠲᠦᠭᠦᠮ  ᠪᠤᠯᠭᠠᠵᠠᠢ  ᠃  ᠡᠩᠬᠡ ᠠᠮᠤᠭᠤᠯᠠᠩ   ᠬᠠᠭᠠᠨ 1701 ᠤᠨ   ᠠᠴᠠ 1711 ᠤᠨ ᠪᠤᠯᠳᠠᠯ᠎ᠠ  ᠵᠢᠷᠭᠤᠭᠠᠨᠳᠠ   ᠪᠠᠭᠠᠷᠢᠨ ᠬᠤᠰᠢᠭᠤ ᠶᠢ  ᠴᠠᠭᠳᠠᠨ  ᠪᠠᠶᠢᠴᠠᠭᠠᠬᠤ ᠳᠠᠭᠠᠨ  ᠴᠦᠮ ᠡᠨᠡᠬᠦ  ᠬᠦᠭᠦᠷᠭᠡ ᠪᠠᠷ  ᠵᠠᠮᠨᠠᠵᠠᠢ  ᠃ ᠭᠦᠩᠵᠦ ᠶᠢᠨ  ᠬᠦᠭᠦᠷᠭᠡ ᠶᠢ  ᠪᠠᠭᠠᠷᠢᠨᠴᠤᠳ  ︽ ᠭᠦᠨᠵᠢ ᠶᠢᠨ  ᠭᠦᠭᠦᠷᠭᠡ︾ ᠭᠡᠵᠦ  ᠲᠠᠭᠤᠳᠠᠵᠦ  ᠂ ᠨᠡᠯᠢᠶᠡᠳ ᠤᠯᠠᠨ ᠨᠤᠮ ᠪᠢᠴᠢᠭ ᠲᠤ ᠴᠦ ︽ ᠭᠦᠨᠵᠢ ᠶᠢᠨ  ᠬᠦᠭᠦᠷᠭᠡ  ︾ ᠭᠡᠵᠦ  ᠲᠡᠮᠳᠡᠭᠡᠯᠡᠭᠰᠡᠨ ᠪᠠᠶᠢᠳᠠᠭ᠃  ︽ᠭᠦᠨᠵᠢ︾ ᠭᠡᠳᠡᠭ ᠨᠢ ᠲᠠᠷᠦᠢ ︽ᠭᠦᠩᠵᠦ︾ ᠭᠡᠳᠡᠭ ᠦᠭᠡ ᠶᠢᠨ  ᠠᠪᠢᠶᠠᠨ ᠤ ᠬᠤᠪᠢᠷᠠᠯ᠂  ᠪᠠᠭᠠᠷᠢᠨ ᠳᠤ ᠪᠠᠰᠠ ︽ᠭᠦᠨᠵᠢ ᠶᠢᠨ  ᠬᠤᠳᠤᠭᠤᠷ︾ ᠭᠡᠰᠡᠨ ᠭᠠᠵᠠᠷ ᠪᠠᠶᠢᠳᠠᠭ   ᠨᠢ  ᠢᠨᠵᠢ ᠮᠠᠨᠵᠦ  ᠨᠠᠷ ᠤᠨ ᠤᠩᠭᠤᠨ ᠤ ᠭᠠᠵᠠᠷ ᠤᠨ  ᠨᠡᠷᠡᠶᠢᠳᠦᠯ ᠪᠤᠯᠬᠤ ᠶᠤᠮ᠃ ᠲᠦᠭᠡᠮᠡᠯ  ᠡᠯᠪᠡᠭᠳᠦ   ᠶᠢᠨ ᠤᠨ   ᠤ  ᠦᠶ᠎ᠡ ᠳᠤ ᠬᠦᠷᠦᠭᠡᠳ  ᠬᠦᠭᠦᠷᠭᠡ  ᠬᠠᠭᠤᠴᠠᠷᠠᠵᠦ  ᠬᠡᠷᠡᠭᠯᠡᠬᠦ ᠳᠤ  ᠠᠶᠤᠯᠳᠠᠢ ᠪᠤᠯᠵᠠᠢ  ᠃᠂  ᠢᠩᠭᠢᠬᠦᠯᠡᠷ  ᠲᠦᠭᠡᠮᠡᠯ ᠡᠯᠪᠡᠭᠳᠦ   ᠶᠢᠨ   ᠵᠢᠷᠭᠤᠳᠤᠭᠠᠷ ︵1856︶  ᠤᠨ   ᠤ ᠬᠠᠪᠤᠷ ᠂  ᠲᠤᠬᠠᠢ   ᠶᠢᠨ  ᠦᠶ᠎ᠡ   ᠳᠤ ᠵᠤᠤ  ᠤᠳᠠ ᠶᠢᠨ  ᠴᠢᠭᠤᠯᠭᠠᠨ ᠤ  ᠲᠠᠷᠤᠭ᠎ᠠ  ᠪᠠᠶᠢᠭᠰᠠᠨ  ᠪᠭᠠᠷᠢᠨ  ᠪᠠᠷᠠᠭᠤᠨ ᠬᠤᠰᠢᠭᠤᠨ   ᠤ  ᠸᠠᠩ ᠨᠤᠶᠠᠨ  ᠨᠠᠮᠵᠢᠯᠸᠠᠩᠴᠤᠭ  ᠬᠦᠮᠦᠨ  ᠂ ᠪᠤᠳᠠᠰ   ᠴᠤᠭᠯᠠᠭᠤᠯᠵᠤ ᠰᠢᠨ᠎ᠡ  ᠬᠦᠭᠦᠷᠭᠡ    ᠪᠠᠶᠢᠭᠤᠯᠵᠦ  ︽ ᠪᠠᠭᠠᠷᠢᠨ   ᠬᠦᠭᠦᠷᠭᠡ ᠶᠢᠨ  ᠬᠦᠰᠢᠶᠡᠨ ᠪᠢᠴᠩ  ︾  ᠪᠤᠰᠬᠠᠵᠠᠢ᠃  ᠡᠨᠡᠬᠦ  ᠬᠦᠭᠦᠷᠭᠡ ᠨᠢ  ᠲᠠᠪᠤᠨ   ᠤᠯᠠᠭᠠᠪᠳᠤᠷ  ᠦᠩᠭᠳᠡᠠᠢ   ᠤᠷᠭᠤᠭ᠎ᠠ  ᠬᠠᠳᠠ   ᠪᠠᠷ  ᠬᠦᠭᠦᠷᠭᠡ   ᠶᠢᠨ    ᠲᠤᠯᠭᠠᠭᠤᠷᠢ  ᠪᠤᠯᠭᠠᠵᠦ   ︵ᠲᠡᠭᠦᠨ   ᠤ  ᠬᠤᠶᠠᠷ  ᠬᠠᠵᠠᠭᠤ   ᠶᠢᠨ  ᠬᠤᠶᠠᠷ   ᠤᠷᠭᠤᠭ᠎ᠠ ᠬᠠᠳᠠ ᠨᠢ  ᠬᠠᠰᠢᠯᠭ᠎ᠠ ᠰᠠᠭᠤᠷᠢ ᠶᠢᠨ  ᠦᠢᠯᠡᠳᠦᠯ  ᠦᠵᠡᠭᠦᠯᠦᠨ  ᠭᠠᠵᠠᠷ ᠲᠤ  ᠪᠤᠯᠠᠭᠳᠠᠰᠠᠨ   ᠠᠴᠠ  ᠬᠠᠷᠠᠭᠳᠠᠬᠤ  ᠦᠭᠡᠢ  ᠪᠤᠯᠤᠭᠰᠠᠨ  ᠪᠠᠶᠢᠳᠠᠭ  ︶  ᠂ ᠭᠤᠤᠯ  ᠲᠤᠯᠭᠠᠭᠤᠷᠢ   ᠶᠢᠨ  ᠬᠤᠶᠠᠷ  ᠬᠠᠵᠠᠭᠤ   ᠳᠤ  ᠤᠰᠤ  ᠤᠷᠤᠰᠬᠠᠤ ᠴᠡᠭᠡᠯ  ᠭᠠᠷᠭᠠᠵᠠᠢ  ᠃ ᠪᠤᠷᠵᠢᠨ ᠴᠢᠯᠠᠭᠤ   ᠪᠠᠷ ᠵᠡᠷᠭᠡᠯᠡᠨ  ᠪᠤᠰᠬᠠᠵᠦ ᠬᠤᠶᠠᠷ  ᠭᠤᠯᠳᠤᠩ ᠲᠠᠢ  ᠨᠤᠮᠦᠨ  ᠬᠦᠭᠦᠷᠭᠡ   ᠪᠤᠯᠭᠠᠵᠠᠢ  ︔  ᠡᠮᠦᠨᠡᠬᠢ  ᠭᠤᠯᠳᠤᠩ   ᠤᠨ   ᠤᠷᠳᠦ ᠨᠢ   ᠵᠢᠷᠭᠤᠭᠠᠨ  ᠮᠧᠲ᠋ᠧᠷ  ᠂  ᠬᠤᠶᠢᠨᠠᠬᠢ  ᠭᠤᠯᠳᠤᠩ ᠤᠨ  ᠤᠷᠳᠦ ᠨᠢ  ᠨᠠᠶᠢᠮᠠᠨ  ᠮᠧᠲ᠋ᠡᠷ  ᠂ ᠬᠦᠭᠦᠷᠭᠡ   ᠶᠢᠨ  ᠦᠨᠳᠦᠷ   ᠨᠢ  ᠤᠰᠤᠨ ᠲᠦᠪᠰᠢᠨ   ᠠᠴᠠ 3 ᠮᠧᠲ᠋ᠧᠷ  ᠦᠨᠳᠦᠷ  ᠂ ᠦᠷᠭᠡᠨ ᠨᠢ 4 ᠮᠧᠲ᠋ᠡᠷ  ᠂  ᠪᠦᠬᠦ  ᠤᠷᠳᠦ   ᠨᠢ 25 ᠮᠧᠲ᠋ᠡᠷ   ᠪᠠᠶᠢᠵᠠᠢ  ᠃ ᠬᠦᠭᠦᠷᠭᠡ  ᠤᠷᠴᠢᠮ ᠤᠨ  ᠭᠤᠤᠯ   ᠤᠨ  ᠬᠤᠶᠠᠷ  ᠡᠷᠭᠢ   ᠶᠢ  ᠬᠠᠷᠠᠪᠳᠤᠷ ᠴᠢᠯᠠᠭᠤ ᠪᠠᠷ  ᠵᠡᠷᠭᠡᠯᠡᠨ   ᠪᠠᠬᠢᠯᠡᠵᠦ᠂ ᠬᠦᠭᠦᠷᠭᠡ   ᠶᠢᠨ  ᠬᠤᠶᠠᠷ  ᠬᠦᠪᠡᠭᠡ   ᠳᠤ  ᠪᠤᠷᠵᠢᠨ ᠴᠢᠯᠠᠭᠤᠨ  ᠲᠤᠯᠭᠠᠭᠤᠷᠢ ᠲᠠᠢ  ᠂   ᠪᠠᠷᠤᠭ  ᠲᠠᠪᠢᠨ  ᠰᠡᠨᠲ᠋ᠢᠮᠡᠲ᠋ᠡᠷ  ᠵᠤᠵᠠᠭᠠᠨ  ᠂ ᠲᠦᠴᠢᠨ  ᠰᠡᠨᠲ᠋ᠢᠮᠧᠲ᠋ᠧᠷ  ᠦᠷᠭᠡᠨ  ᠰᠡᠭᠡᠷᠯᠡᠭᠰᠡᠨ  ᠪᠤᠷᠵᠢᠨ ᠴᠢᠯᠠᠭᠤ   ᠪᠠᠷ  ᠨᠢᠭᠤᠷᠯᠠᠨ  ᠬᠤᠯᠪᠤᠭᠰᠠᠨ  ᠴᠢᠯᠠᠭᠤᠨ   ᠬᠠᠰᠢᠯᠭ᠎ᠠ   ᠪᠠᠷᠢᠵᠦ  ᠂  ᠬᠤᠶᠠᠷ ᠡᠷᠭᠢ   ᠲᠤᠨᠢ   ᠲᠦᠷᠪᠡᠨ  ᠫᠤᠤᠲ᠋ᠠᠢ  ᠪᠤᠰᠬᠠᠵᠦ   ᠰᠡᠷᠭᠡᠶᠢᠯᠡᠯᠳᠡ   ᠶᠢᠨ  ᠪᠠᠷᠢᠯᠭ᠎ᠠ  ᠪᠤᠯᠭᠠᠵᠠᠢ    ᠃  ᠫᠤᠤᠲ᠋ᠠᠢ   ᠶᠢᠨ  ᠦᠨᠳᠦᠷ   ᠨᠢ  ᠭᠤᠷᠪᠠᠨ  ᠮᠧᠲ᠋ᠡᠷ  ᠂   ᠳ᠋ᠢᠶᠠᠮᠧᠲ᠋ᠡᠷ   ᠨᠢ   ᠭᠤᠷᠪᠠᠨ  ᠮᠧᠲ᠋ᠡᠷ  ᠃   ᠪᠠᠭᠠᠷᠢᠨ  ᠮᠤᠩᠭᠤᠯᠴᠤᠳ  ᠡᠨᠡᠬᠦ ᠭᠦᠭᠦᠷᠭᠡ ᠨᠢ  ᠮᠦᠨᠴᠦ  ︽ᠭᠦᠩᠵᠦ ᠶᠢᠨ  ᠬᠦᠭᠦᠷᠭᠡ︾  ᠭᠡᠵᠦ  ᠨᠡᠷᠡᠶᠢᠳᠦᠳᠡᠭ᠃ ᠲᠡᠭᠷᠢ ᠲᠡᠳᠬᠦᠭᠴᠢ ᠶᠢᠨ  ᠭᠤᠴᠢᠨ  ᠬᠤᠶᠠᠳᠤᠭᠠᠷ ᠤᠨ  ︵1767  ︶ ᠳᠤ  ᠬᠦᠭᠦᠷᠭᠡ ᠶᠢ ᠲᠠᠬᠢᠨᠳᠠ ᠰᠡᠯᠪᠢᠨ ᠵᠠᠰᠠᠵᠠᠢ  ᠃ ᠪᠦᠷᠢᠨᠳᠦ  ᠵᠠᠰᠠᠭᠴᠢ ᠶᠢᠨ  ᠲᠦᠷᠪᠡᠳᠦᠭᠡᠷ  ᠤᠨ  ︵1865︶  ᠤᠨ ᠤ  ᠨᠠᠮᠦᠷ   ᠪᠠᠭᠠᠷᠢᠨ  ᠪᠠᠷᠠᠭᠤᠨ ᠬᠤᠰᠢᠭᠤ ᠨᠢ  ᠵᠤᠭᠤᠰ  ᠮᠦᠩᠭᠦ  ᠬᠤᠷᠠᠮᠳᠠᠭᠤᠯᠤᠨ  ᠬᠦᠭᠦᠷᠭᠡ ᠶᠢ  ᠪᠠᠬᠢᠯᠡᠨ   ᠵᠠᠰᠠᠵᠦ  ᠲᠠᠭᠤᠰᠬᠠᠭᠠᠳ  ᠪᠠᠭᠠᠷᠢᠨ  ᠬᠦᠭᠦᠷᠭᠡ   ᠶᠢᠨ  ᠬᠦᠰᠢᠶᠡᠨ  ᠲᠠᠩᠬᠢᠮ  ᠪᠤᠰᠬᠠᠵᠠᠢ  ᠃  ᠲᠤᠰ  ᠲᠠᠩᠬᠢᠮ ᠨᠢ 1930 ᠤᠨ   ᠳᠤ  ᠦᠶᠡᠷ ᠲᠤ  ᠤᠷᠤᠰᠬᠠᠭᠳᠠᠵᠠᠢ᠃ ᠶᠠᠫᠦᠨ  ᠡᠵᠡᠷᠭᠡᠭ   ᠲᠦᠷᠢᠮᠬᠡᠶᠢᠳᠡᠨ  ᠤᠯᠠᠭᠠᠨᠬᠠᠳᠠ ᠠᠴᠠ  ᠯᠢᠨᠰᠢ  ᠬᠦᠷᠬᠦ  ᠵᠠᠰᠠᠮᠠᠯ  ᠵᠠᠮ   ᠢ  ᠵᠠᠰᠠᠬᠤ   ᠳᠠᠭᠠᠨ  ᠂ ᠮᠠᠰᠢᠨ ᠲᠡᠷᠭᠡ  ᠦᠩᠭᠷᠡᠬᠦ   ᠳᠤ  ᠲᠦᠭᠦᠮ   ᠢ  ᠪᠤᠳᠤᠯᠬᠢᠯᠠᠵᠦ  ᠬᠦᠭᠦᠷᠭᠡ ᠶᠢᠨ  ᠲᠤᠤᠷ᠎ᠠ ᠲᠠᠯ᠎ᠠ  ᠳᠤ  ᠨᠢᠭᠡ  ᠼᠧᠮᠨ᠋ᠲ  ᠭᠠᠵᠠᠷ  ᠬᠦᠭᠦᠷᠭᠡ  ᠲᠡᠪᠢᠰᠴᠦ  ᠂ ᠪᠠᠭᠠᠷᠢᠨ ᠬᠦᠭᠦᠷᠭᠡ ᠶᠢᠨ  ᠬᠤᠶᠠᠷ ᠬᠠᠵᠠᠭᠤ ᠶᠢᠨ  ᠭᠤᠤᠯ ᠤᠨ  ᠡᠷᠭᠢ ᠶᠢ  ᠨᠠᠯᠠᠭᠤ  ᠪᠤᠯᠭᠠᠨ  ᠂  ᠭᠤᠤᠯ   ᠤᠨ  ᠭᠤᠤᠯ   ᠤᠨ  ᠡᠮᠦᠨ᠎ᠡ ᠲᠠᠯ᠎ᠠ ᠶᠢᠨ  ᠵᠠᠮ   ᠢ  ᠦᠨᠳᠦᠷᠬᠡᠭᠳᠡᠬᠦ   ᠶᠢᠨ  ᠬᠠᠮᠳᠦ  ᠪᠠᠰᠨ ᠨᠢᠭᠡᠨ   ᠭᠤᠯᠳᠤᠩ ᠬᠦᠨᠳᠢ   ᠪᠠᠶᠢᠭᠤᠯᠵᠠᠢ᠃1945 ᠤᠨ ᠳᠤ  ᠵᠦᠪᠯᠡᠯᠳᠦ ᠶᠢᠨ  ᠴᠢᠷᠡᠭ  ᠯᠢᠨᠰᠢ   ᠳᠤ  ᠤᠷᠤᠵᠦ  ᠢᠷᠡᠬᠦ   ᠳᠤ  ᠯᠢᠨᠰᠢ   ᠳᠤ  ᠡᠭᠦᠷᠯᠡᠭᠰᠡᠨ  ᠶᠠᠫᠤᠨᠴᠤᠤᠳ  ᠡᠮᠦᠨᠡᠰᠢ  ᠪᠤᠷᠤᠭᠤᠯᠬᠤ   ᠳᠠᠭᠠᠨ  ᠵᠦᠪᠯᠡᠯᠡᠳᠦ   ᠶᠢᠨ  ᠴᠢᠷᠡᠭ   ᠢ  ᠬᠤᠷᠢᠭᠯᠠᠬᠤ ᠶᠢᠨ ᠲᠦᠯᠦᠭᠡ   ᠪᠠᠭᠠᠷᠢᠨ ᠬᠦᠭᠦᠷᠭᠡ ᠶᠢᠨ  ᠨᠢᠭᠡ  ᠭᠤᠯᠳᠦᠷᠢᠯ   ᠢ  ᠲᠡᠯᠪᠡᠴᠢᠵᠦ  ᠤᠷᠬᠢᠭᠰᠠᠨ   ᠳᠤ  ᠴᠢᠯᠦᠭᠡᠯᠡᠭᠳᠡᠭᠡᠰᠨ ᠤ  ᠲᠠᠷᠠᠭ᠎ᠠ  ᠮᠤᠳᠤᠨ  ᠮᠠᠲ᠋ᠡᠷᠢᠶᠠᠯ   ᠢᠶᠠᠷ  ᠨᠦᠬᠦᠵᠦ  ᠵᠠᠰᠠᠵᠦ  ᠭᠡᠷᠡᠭᠯᠡᠵᠦ  ᠪᠠᠶᠢᠵᠠᠢ  ᠃1908 ᠤᠨ ᠶᠠᠫᠦᠨ ᠤ  ᠡᠷᠳᠡᠮᠳᠡᠨ  ᠲᠤᠤᠷᠢᠢᠢ  ᠭᠶᠦᠽᠤ  ᠬᠦᠭᠦᠷᠭᠡ   ᠪᠠᠷ  ᠦᠩᠭᠷᠡᠬᠦ   ᠳᠡᠭᠡᠨ  ᠬᠢᠳᠡᠨ  ᠦᠰᠦᠭᠳᠠᠢ  ᠴᠢᠯᠠᠭᠤᠨ   ᠬᠦᠰᠢᠶ᠎ᠡ  ᠢᠯᠡᠷᠡᠭᠦᠯᠵᠠᠢ  ᠃ ᠡᠨᠡᠬᠦ  ᠬᠦᠭᠦᠷᠭᠡ   ᠨᠢ ᠰᠢᠨ᠎ᠡ ᠲᠤᠮᠳᠠᠳᠤ ᠤᠯᠤᠰ  ᠪᠠᠶᠢᠭᠤᠯᠤᠭᠳᠠᠬᠤ ᠪᠤᠯᠳᠠᠯ᠎ᠠ  ᠬᠡᠷᠡᠭᠯᠡᠭᠳᠡᠵᠦ ᠪᠠᠶᠢᠵᠠᠢ  ᠂1946 ᠤᠨ   ᠳᠤ 10 ᠰᠠᠷ᠎ᠠ ᠳᠤ  ᠴᠧᠩ  ᠽᠢ  ᠬᠤᠸᠠ  ᠵᠡᠷᠭᠡ  ᠬᠦᠮᠦᠨ  ᠲᠤᠮᠳᠠᠳᠦ  ᠤᠯᠤᠰ ᠤᠨ  ᠬᠠᠯᠭᠤᠨ  ᠭᠤᠤᠯ  ᠮᠤᠵᠢ   ᠶᠢᠨ  ᠬᠤᠪᠢᠶᠠᠷᠢ  ᠲᠤᠪᠴᠢᠶ᠎ᠠ  ᠂  ᠴᠢᠷᠡᠭ ᠤᠨ  ᠲᠤᠭᠤᠷᠢᠭ  ᠂  ᠡᠯ᠎ᠡ  ᠶᠠᠮᠦᠨ  ᠵᠢᠴᠢ  ᠬᠠᠯᠭᠠᠤᠨ  ᠭᠤᠤᠯ ᠮᠤᠵᠢ ᠶᠢᠨ  ᠵᠠᠰᠠᠭ ᠤᠨ    ᠤᠷᠳᠤᠨ  ᠂   ︵ ᠲᠠᠩᠬᠢᠮ  ᠂ ᠲᠤᠪᠴᠢᠶ᠎ᠠ᠂  ᠬᠦᠷᠢᠶᠠᠯᠭᠩ  ︶   ᠤᠨ  ᠡᠯ᠎ᠡ  ᠪᠠᠶᠢᠭᠤᠯᠤᠯᠭ᠎ᠠ   ᠶᠢ  ᠲᠠᠭᠠᠭᠤᠯᠵᠦ  ᠪᠠᠶᠢᠯᠳᠤᠬᠤ  ᠪᠤᠳᠤᠯᠭ᠎ᠠ   ᠶᠢᠨ  ᠰᠢᠯᠵᠢᠯᠳᠡ  ᠬᠢᠬᠦ     ᠳᠡᠭᠡᠨ  ᠲᠤᠰ  ᠬᠦᠭᠦᠷᠭᠡ ᠪᠠᠷ  ᠦᠩᠭᠡᠷᠡᠵᠦ  ᠯᠢᠨᠰᠢ ᠰᠢᠶᠠᠨ   ᠳᠤ  ᠤᠷᠤᠵᠠᠢ  ᠃1951 ᠣᠨ ᠳᠤ  ᠵᠤᠤ  ᠤᠳᠠ  ᠠᠶᠢᠮᠠᠭ ᠠᠴᠠ  ᠵᠤᠬᠢᠶᠠᠨ ᠪᠠᠶᠢᠭᠤᠯᠵᠦ  ᠪᠡᠯᠨ ᠮᠦᠩᠭᠦ ᠬᠤᠷᠠᠮᠳᠠᠭᠤᠯᠠᠨ  ᠪᠠᠰᠨ ᠨᠢᠭᠡ  ᠤᠳᠠᠭ᠎ᠠ  ᠰᠢᠨᠡᠳᠬᠡᠨ   ᠵᠠᠰᠠᠵᠠᠢ  ᠃  ᠭᠤᠷᠪᠠ᠄  ᠰᠢᠨ᠎ᠡ ᠪᠠᠭᠠᠷᠢᠨ ᠬᠦᠭᠦᠷᠭᠡ ᠶᠢᠨ  ᠲᠤᠬᠠᠢ 1962 ᠤᠨ ᠠᠴᠠ 1963 ᠤᠨ   ᠤ ᠬᠤᠭᠤᠷᠤᠨᠳᠦ  ᠪᠠᠭᠠᠷᠢᠨ ᠬᠦᠭᠦᠷᠭᠡ ᠶᠢᠨ  ᠲᠤᠤᠷ᠎ᠠ ᠲᠠᠯ᠎ᠠ ᠳᠤ   ᠨᠠᠶᠠᠨ  ᠮᠧᠲ᠋ᠧᠷ   ᠤᠨ  ᠵᠠᠶᠢᠳᠠᠢ ᠭᠠᠵᠠᠷ  ᠰᠢᠨ᠎ᠡ ᠬᠦᠭᠦᠷᠭᠡ ᠪᠠᠷᠢᠵᠦ  ᠂ ᠬᠠᠭᠤᠴᠢᠨ ᠬᠦᠭᠦᠷᠭᠡ ᠶᠢ  ᠤᠷᠬᠢᠵᠠᠢ᠃   ᠲᠤᠰ  ᠪᠠᠭᠠᠷᠢᠨ ᠬᠦᠭᠦᠷᠭᠡ ᠶᠢᠨ  ᠪᠦᠬᠦ ᠤᠷᠳᠦ ᠨᠢ 145.3 ᠮᠧᠲ᠋ᠡᠷ  ᠂  ᠬᠤᠶᠠᠷ  ᠭᠤᠤᠯ   ᠭᠤᠯᠳᠤᠩ   ᠨᠢ  ᠲᠤᠰᠪᠤᠷᠢ 30 ᠮᠧᠲ᠋ᠡᠷ  ᠤᠷᠳᠦ  ᠂  ᠬᠤᠶᠠᠷ  ᠬᠠᠵᠠᠭᠤ ᠶᠢᠨ  ᠲᠦᠷᠪᠡᠨ ᠵᠢᠵᠢᠭ  ᠭᠤᠯᠳᠤᠩ ᠨᠢ  ᠲᠤᠰᠪᠦᠷᠢ 15 ᠮᠧᠲ᠋ᠡᠷ  ᠂  ᠬᠦᠭᠦᠷᠭᠡ ᠶᠢᠨ  ᠴᠤᠯᠤ  ᠦᠷᠭᠡᠨ   ᠨᠢ 7 ᠮᠧᠲ᠋ᠡᠷ  ᠂  ᠬᠤᠶᠠᠷ  ᠬᠠᠵᠠᠭᠤ ᠶᠢᠨ   ᠶᠠᠪᠠᠭᠠᠨ  ᠬᠦᠮᠦᠨ ᠤ  ᠵᠠᠮ ᠨᠢ 0.75 ᠮᠧᠲ᠋ᠧᠷ  ᠃ 15 — 80  ᠲᠤᠨ ᠤ ᠲᠠᠭᠠᠠᠴᠠ ᠲᠠᠢ  ᠃  ᠪᠠᠭᠠᠷᠢᠨ ᠪᠠᠷᠠᠭᠤᠨ  ᠬᠤᠰᠢᠭᠤ 1956 ᠤᠨ ᠳᠤ  ᠳ᠋ᠠᠪᠠᠨ ᠪᠠᠯᠭᠠᠰᠦ ᠠᠴᠠ  ᠪᠠᠭᠠᠷᠢᠨ ᠬᠦᠭᠦᠷᠭᠡ ᠬᠦᠷᠬᠦ  ᠵᠠᠰᠠᠮᠠᠯ ᠵᠠᠮ ᠢ  ᠠᠩᠬᠠᠨᠯᠠᠨ  ᠲᠡᠪᠢᠰᠴᠠᠢ  ᠃  ᠲᠡᠷᠡᠬᠦ ᠵᠠᠮ ᠤᠨ  ᠰᠠᠭᠤᠷᠢ   ᠶᠢᠨ  ᠦᠷᠭᠡᠨ ᠨᠢ  5 ᠮᠧᠲ᠋ᠡᠷ  ᠂ ᠵᠡᠮ   ᠤᠨ ᠨᠢᠭᠤᠷ   ᠤᠨ ᠦᠷᠭᠡᠨ ᠨᠢ 4 ᠮᠧᠲ᠋ᠧᠷ   ᠪᠠᠶᠢᠵᠠᠢ  ᠃  1968  ᠣᠨ   ᠳᠤ ᠰᠤᠶᠤᠯ   ᠤᠨ  ᠬᠤᠪᠢᠰᠬᠠᠯ   ᠤᠨ   ᠲᠤᠮᠳᠠ  ᠳ᠋ᠠᠪᠠᠨ   ᠠᠴᠠ  ᠪᠠᠭᠠᠷᠢᠨ ᠬᠦᠭᠦᠷᠭᠡ ᠬᠦᠷᠬᠦ  ᠵᠠᠰᠠᠮᠠᠯ  ᠵᠠᠮ   ᠶᠢᠨ  ᠲᠠᠬᠢᠨᠳᠠ  ᠦᠷᠭᠡᠳᠬᠡᠵᠦ  ᠰᠠᠭᠤᠷᠢ ᠶᠢᠨ  ᠦᠷᠭᠡᠨ   ᠢ  8.5 ᠮᠧᠲ᠋ᠡᠷ  ᠪᠤᠯᠭᠠᠵᠦ᠂ 1973 ᠤᠨ   ᠪᠤᠯᠬᠤ   ᠳᠤ    ᠵᠠᠮ   ᠤᠨ  ᠨᠢᠭᠤᠷ   ᠤᠨ  ᠦᠷᠭᠡᠨ ᠢ 8.5 ᠮᠧᠲ᠋ᠧᠷ  ᠪᠤᠯᠭᠠᠵᠠᠢ  ᠃᠂  ᠡᠨᠡᠬᠦ ᠵᠠᠮ ᠤᠨ  ᠪᠦᠬᠦ ᠤᠷᠳᠦ ᠨᠢ 36.7 ᠺᠢᠯᠤᠮᠧᠲ᠋ᠡᠷ  ᠪᠠᠶᠢᠵᠦ  ᠂  ᠵᠡᠭᠦᠨ  ᠂ ᠪᠠᠷᠠᠭᠤᠨ  ᠪᠠᠭᠠᠷᠢᠨ ᠵᠢᠴᠢ ᠠᠷᠦ ᠬᠤᠷᠴᠢᠨ ᠬᠤᠰᠢᠭᠤ   ᠨᠢ  ᠤᠯᠠᠭᠠᠨᠬᠠᠳᠠ   ᠳᠤ  ᠬᠦᠷᠬᠦ  ᠵᠠᠮ ᠢ   200 ᠭᠠᠷᠦᠢ  ᠭᠠᠵᠠᠷ    ᠪᠤᠭᠤᠨᠢᠰᠬᠠᠵᠠᠢ  ᠃ ᠲᠦᠷᠪᠡ  ᠄  ᠶᠠᠫᠦᠨ ᠬᠦᠭᠦᠷᠭᠡ ᠶᠢᠨ  ᠲᠤᠬᠠᠢ ᠶᠠᠫᠦᠨ ᠡᠵᠡᠷᠭᠡᠭ  ᠲᠦᠷᠢᠮᠬᠡᠶᠢᠳᠡᠨ  ᠵᠡᠭᠦᠨ ᠬᠤᠶᠢᠳᠦ  ᠤᠷᠤᠨ   ᠢ  ᠡᠵᠡᠯᠡᠭᠰᠡᠨ ᠤ ᠲᠠᠷᠠᠭ᠎ᠠ  ᠂ ᠲᠤᠮᠦ ᠬᠡᠯᠪᠡᠷᠢ  ᠶᠢᠨ  ᠬᠦᠨᠳᠦ  ᠠᠴᠢᠶᠠᠨ ᠤ ᠮᠠᠰᠢᠨ  ᠂ ᠲᠠᠩᠺ  ᠵᠡᠷᠭᠡ  ᠶᠠᠪᠤᠭᠤᠯᠬᠤ ᠶᠢ  ᠪᠤᠳᠤᠯᠬᠢᠯᠠᠨ  ᠤᠤᠯ   ᠤᠨ  ᠴᠢᠯᠠᠭᠤᠨ ᠬᠦᠭᠦᠷᠭᠡ   ᠶᠢᠨ  ᠵᠡᠭᠦᠨ ᠲᠠᠯ᠎ᠠ  ᠪᠠᠷᠤᠭ  ᠵᠠᠭᠤᠨ  ᠮᠧᠲ᠋ᠡᠷ  ᠵᠠᠶᠢᠳᠠᠢ  ᠭᠠᠵᠠᠷ 16 ᠬᠦᠨᠳᠢ ᠲᠠᠢ  ᠂302 ᠮᠧᠲ᠋ᠡᠷ   ᠤᠷᠳᠦ  ᠂  ᠵᠠᠭᠤᠨ  ᠲᠤᠨ   ᠤ ᠲᠠᠭᠠᠴᠠ ᠲᠠᠢ  ᠂ ᠪᠤᠯᠤᠳ  ᠰᠢᠷᠪᠤᠰᠳᠦ ᠽᠧᠮᠧᠨᠲ  ᠬᠦᠭᠦᠷᠭᠡ  ᠡᠬᠢᠯᠡᠨ  ᠪᠠᠶᠢᠭᠤᠯᠵᠦ  ᠂  ᠲᠤᠯᠭᠠᠭᠤᠷᠢ ᠶᠢ  ᠪᠤᠰᠬᠠᠵᠦ  ᠬᠦᠭᠦᠷᠭᠡ ᠶᠢᠨ  ᠨᠢᠭᠤᠷ   ᠢ  ᠪᠠᠰᠠ  ᠲᠠᠯᠪᠢᠵᠦ ᠠᠮᠵᠢᠭ᠎ᠠ  ᠦᠭᠡᠢ   ᠪᠠᠷ ᠲᠡᠯᠡᠬᠡᠢ   ᠶᠢᠨ  ᠰᠢᠳᠦᠷᠭᠤ ᠬᠦᠴᠦᠨ ᠳᠤ  ᠪᠤᠳᠠ ᠴᠤᠬᠢᠭᠳᠠᠨ  ᠪᠤᠷᠤᠭᠤᠯᠬᠤ  ᠪᠤᠯᠵᠠᠢ  ᠃  ᠮᠡᠩᠳᠡᠭᠰᠡᠨ  ᠶᠠᠫᠤᠨᠴᠤᠤᠳ  ᠬᠦᠭᠦᠷᠭᠡ ᠶᠢᠨ  ᠲᠤᠯᠭᠠᠭᠤᠷᠢ ᠲᠡᠭᠡᠷ᠎ᠡ  ᠲᠡᠮᠦᠷ  ᠵᠠᠮ ᠤᠨ  ᠪᠤᠯᠤᠳ     ᠤᠳ ᠢ ᠵᠡᠷᠭᠡᠴᠡᠭᠦᠯᠦᠨ    ᠲᠡᠪᠢᠰᠴᠦ  ᠪᠤᠷᠤᠭᠤᠯᠵᠦ  ᠭᠠᠷᠤᠭᠠᠳ  ᠬᠦᠭᠦᠷᠭᠡ ᠪᠠᠨ ᠲᠡᠯᠪᠡᠴᠢᠯ᠎ᠡ ᠭᠡᠳᠡᠭ  ᠂  ᠲᠡᠳᠡᠨ ᠤ  ᠲᠡᠯᠪᠡᠴᠢᠯᠳᠡ ᠳᠤ  ᠲᠡᠷᠡᠬᠦ  ᠬᠦᠭᠦᠷᠭᠡ   ᠶᠢᠨ  ᠲᠤᠯᠭᠠᠭᠤᠷᠢ ᠠᠴᠠ  ᠠᠷᠠᠶᠢᠬᠠᠨ  ᠬᠤᠶᠠᠷᠬᠠᠨ  ᠰᠦᠢᠷᠡᠭᠰᠡᠨ  ᠪᠤᠯᠤᠯᠳᠠᠢ᠂   ᠦᠯᠡᠳᠡᠭᠰᠡᠨ   ᠲᠤᠯᠭᠠᠭᠤᠷᠢ   ᠨᠤᠭᠤᠳ   ᠨᠢ  ᠬᠠᠭᠠᠰ  ᠵᠠᠭᠤᠨ   ᠤ ᠲᠤᠷᠰᠢ  ᠤᠰᠦ  ᠰᠠᠯᠬᠢ   ᠶᠢᠨ  ᠲᠠᠪᠳᠠᠯᠳᠠ  ᠶᠢ  ᠦᠩᠭᠷᠡᠭᠡᠨ  ᠰᠡᠬᠦᠶᠢᠠᠨ  ᠵᠤᠭᠰᠤᠬᠤ   ᠨᠢ ᠭᠠᠶᠢᠬᠠᠯᠳᠠᠢ  ᠪᠠᠶᠢᠳᠠᠭ  ᠃ ᠨᠤᠳᠤᠭ  ᠬᠦᠮᠦᠰ  ᠡᠨᠡᠬᠦ  ᠬᠦᠭᠦᠷᠭᠡ  ᠶᠢ  ︽ᠶᠠᠩ  ᠬᠤᠢ  ᠬᠦᠭᠦᠷᠭᠡ  ︾ ᠭᠡᠳᠡᠭ  ᠃  ᠶᠠᠩ  ᠬᠤᠢ  ︵ ᠶᠠᠩ  ᠫᠢ  ︶ ᠭᠡᠳᠡᠭ ᠨᠢ  ᠪᠠᠭᠠᠷᠢᠨ  ᠮᠤᠩᠭᠤᠯᠴᠤᠳ   ᠤᠨ  ︽ᠽᠧᠮᠧᠨᠲ  ︾  ᠭᠡᠰᠡᠨ  ᠦᠭᠡ   ᠶᠢ  ᠨᠡᠷᠯᠡᠳᠡᠭ  ︽ᠬᠠᠷᠢ   ᠶᠢᠨ ᠴᠤᠬᠤᠢ  ︾ ᠭᠡᠰᠡᠨ  ᠤᠳᠬ᠎ᠠ ᠲᠠᠢ  ᠵᠢᠭᠡᠯᠡᠯᠭᠡ  ᠦᠭᠡ  ᠂  ᠲᠠᠷᠦᠢ  ︽ᠽᠧᠮᠧᠨᠲ  ᠬᠦᠭᠦᠷᠭᠡ  ︾ ᠭᠡᠰᠡᠨ  ᠦᠭᠡ  ᠃  ᠲᠠᠪᠤ᠄  ᠪᠠᠭᠠᠷᠢᠨ ᠬᠦᠭᠦᠷᠭᠡ ᠶᠢᠨ  ᠲᠤᠬᠠᠢ  ᠤᠯᠠᠮᠵᠢᠠᠯ ᠶᠠᠷᠢᠶ᠎ᠠ ᠬᠢᠭᠡᠳ ᠲᠡᠦᠬᠡ ᠶᠢᠨ ᠦᠨᠡᠨ ᠤ ᠲᠤᠬᠠᠢ ᠶᠠᠷᠢᠬᠤ  ᠨᠢ ᠡᠩᠬᠡ  ᠠᠮᠤᠭᠤᠯᠠᠩ  ᠬᠠᠭᠠᠨ  ᠂ ᠰᠡᠴᠡᠨ ᠲᠡᠭᠡᠳᠦ ᠭᠦᠷᠦᠨ ᠭᠦᠩᠵᠦ ᠶᠢ  ᠲᠠᠭᠠᠵᠦ   ᠪᠠᠭᠠᠷᠢᠨ ᠳᠤ  ᠢᠷᠡᠭᠰᠡᠨ  ᠬᠦᠸᠧ  ᠂  ᠶᠠᠨ  ᠂  ᠵᠠᠩ  ᠂  ᠸᠠᠩ  ᠂  ᠵᠤᠤ᠂  ᠯᠢ  ᠂  ᠲᠥᠩ᠂  ᠲᠢᠶᠠᠨ  ᠂  ᠮᠠ  ᠵᠡᠷᠭᠡ  ᠶᠢᠰᠤᠨ  ᠤᠪᠤᠭ   ᠢᠶᠠᠷ ᠭᠤᠤᠯᠳᠠᠭᠰᠠᠨ ︵ᠤᠳᠤᠬᠠᠨ ᠤ  ᠤᠯᠵᠦ  ᠪᠦᠷᠢᠳᠬᠡᠭᠰᠡᠨ   ᠢᠶᠠᠷ  ᠵᠢᠷᠠᠭᠠᠳ  ᠤᠪᠤᠭ  ᠪᠤᠯᠵᠠᠢ᠂ ᠡᠨᠡᠬᠦ  ᠪᠦᠷᠢᠳᠬᠡᠯ ᠳᠤ  ᠦᠯᠡᠮᠵᠢ ᠬᠡᠮᠵᠢᠶᠡᠳᠦ  ᠭᠦᠩᠵᠦ ᠶᠢ  ᠲᠠᠭᠠᠵᠦ  ᠢᠷᠡᠭᠰᠡᠨ240 ᠡᠷᠦᠬᠡ  ᠴᠦ  ᠪᠠᠭᠳᠠᠵᠦ ᠪᠠᠶᠢᠬᠤ  ᠶᠤᠰᠤᠳᠠᠢ︶    300 ᠡᠷᠦᠬᠡ  ᠲᠠᠭᠠᠯᠳᠠ  72   ᠤᠷᠠᠴᠤᠤᠯ‌ᠨᠠᠷ ᠲᠤ   ᠵᠦᠢᠯ ᠪᠦᠷᠢ   ᠶᠢᠨ   ᠠᠪᠢᠶᠠᠰᠳᠠᠨ  ᠠᠵᠢᠯ  ᠲᠦᠷᠦᠯᠳᠡᠨ   ᠪᠠᠭᠳᠠᠵᠦ   ᠴᠢᠯᠠᠭᠤᠨ ᠲᠠᠷᠬᠠᠨ  ᠂    ᠲᠤᠭᠤᠰᠬᠠᠴᠢᠨ᠂   ᠮᠤᠳᠤᠴᠢᠨ  ᠂   ᠪᠠᠷᠢᠯᠭᠠᠴᠢᠨ᠂  ᠵᠡᠭᠡᠯᠢ  ᠭᠤᠳᠤᠮᠵᠢ   ᠵᠢᠷᠦᠵᠦ  ᠲᠦᠯᠦᠪᠡᠯᠭᠴᠢ   ᠪᠠᠷ  ᠭᠤᠤᠯᠳᠠᠳᠠᠭ  ᠃   ᠶᠠᠨ  ᠤᠪᠤᠭᠳᠠᠨ  ᠨᠢ  ᠴᠢᠯᠠᠭᠤᠨ ᠲᠠᠷᠬᠠᠨ ᠪᠠᠶᠢᠵᠦ  ᠪᠠᠭᠠᠷᠢᠨ  ᠬᠦᠭᠦᠷᠭᠡ ᠶᠢ ᠰᠢᠨᠡᠳᠬᠡᠨ ᠪᠠᠶᠢᠭᠤᠯᠬᠤ ᠠᠵᠢᠯ ᠳᠤ  ᠤᠨᠤᠭᠳᠠᠭᠰᠠᠨ  ᠭᠡᠨ᠎ᠡ᠃   ᠲᠤᠬᠠᠢ ᠶᠢᠨ  ᠦᠶ᠎ᠡ ᠳᠤ  ᠰᠢᠷᠠᠮᠦᠷᠦᠨ ᠤ ᠤᠰᠤ  ᠭᠦᠷᠬᠢᠷᠡᠨ  ᠲᠠᠪᠠᠯᠭᠠᠯᠠᠵᠦ  ᠬᠡᠳᠦᠨ ᠵᠠᠩ   ᠤᠨ  ᠭᠦᠨ ᠤᠷᠤᠰᠬᠠᠯ ᠲᠠᠢ ᠪᠠᠶᠢᠵᠦ   ︵1905 ᠤᠨ  ᠪᠤᠯᠳᠠᠯ᠎ᠠ  ᠤᠩᠭᠤᠴᠠ ᠰᠠᠯ  ᠬᠦᠪᠪᠦᠭᠦᠯᠵᠦ ᠲᠡᠶᠢᠯᠳᠡᠭ  ᠪᠠᠶᠢᠵᠠᠢ  ᠃   ᠯᠢᠨᠰᠢ ᠰᠢᠶᠠᠨ ᠤ ᠲᠠᠩᠰᠠᠨ ᠡᠪᠬᠡᠮᠡᠯ ᠤᠨ  ᠭᠠᠵᠠᠷ   ᠵᠠᠩ ᠸᠧᠨ ᠬᠤᠤ  ᠤᠩᠭᠤᠴᠠ ᠰᠠᠯ ᠢᠶᠠᠷ ᠭᠡᠳᠦᠯᠦᠭᠰᠡᠨ ᠲᠡᠮᠳᠡᠭᠯᠡᠯ  ᠪᠤᠢ  ︶  ᠃  ᠬᠡᠳᠦᠨ ᠵᠠᠩ ᠤᠨ  ᠭᠦᠨ  ᠤᠰᠤᠨ ᠤᠷᠤᠵᠤ   ᠳᠤ  ᠭᠦᠭᠦᠷᠭᠡ ᠶᠢᠨ  ᠰᠠᠭᠤᠷᠢ ᠲᠤᠯᠭᠠᠭᠤᠷᠢ ᠲᠠᠯᠪᠢᠬᠤ  ᠪᠤᠯᠤᠯᠴᠠᠭ᠎ᠠ  ᠦᠭᠡᠢ  ᠪᠤᠯᠬᠤᠷ   ᠲᠤᠬᠢᠷᠠᠮᠵᠢᠳᠠᠢ  ᠭᠠᠵᠠᠷ  ᠰᠤᠩᠭᠤᠵᠦ  ᠬᠦᠮᠦᠨ   ᠤ  ᠬᠦᠴᠦ ᠪᠠᠷ  ᠰᠢᠨ᠎ᠡ ᠬᠡᠪᠡᠯᠢ  ᠮᠠᠯᠳᠠᠵᠦ  ᠬᠦᠭᠦᠷᠭᠡ   ᠶᠢ  ᠲᠠᠯᠪᠢᠵᠦ ᠲᠠᠭᠤᠰᠬᠠᠭᠰᠠᠨ ᠤ  ᠲᠠᠷᠠᠭ᠎ᠠ    ᠲᠦᠷᠦ   ᠶᠢᠨ  ᠬᠠᠤᠯᠢ   ᠶᠢᠨ  ᠪᠢᠴᠢᠭ   ᠢ  ᠵᠠᠷᠯᠠᠬᠤ ᠶᠢᠨ  ᠬᠠᠮᠳᠦ  ᠡᠷᠳᠡᠮᠳᠦ  ᠯᠠᠮᠠ  ᠵᠠᠯᠠᠵᠦ   ᠨᠤᠮ  ᠤᠩᠰᠢᠭᠤᠯᠤᠨ  ᠂ ᠰᠢᠷᠠᠮᠦᠷᠦᠨ ᠤ ᠤᠷᠦᠰᠬᠠᠯ   ᠢ   ᠰᠢᠨ᠎ᠡ   ᠬᠡᠪᠡᠯᠢ   ᠳᠤ  ᠲᠠᠳᠠᠨ  ᠤᠷᠤᠭᠤᠯᠵᠠᠢ    ᠭᠡᠰᠡᠨ  ᠤᠯᠠᠮᠵᠢᠯᠠᠯ  ᠶᠠᠷᠢᠶ᠎ᠠ  ᠪᠠᠶᠢᠳᠠᠭ  ᠃ 1982 ᠤᠨ ᠤ  5 ᠰᠠᠷ᠎ᠠ ᠶᠢᠨ  4   ᠳᠤ  ᠠᠪᠤ ᠨᠠᠳᠠ ᠶᠢ ᠲᠠᠭᠠᠭᠤᠯᠠᠨ  ᠤᠯᠠᠭᠠᠨᠬᠠᠳ᠋ᠨ   ᠠᠴᠠ  ᠪᠠᠭᠠᠷᠢᠨ   ᠳᠠᠭᠠᠨ ᠪᠤᠴᠠᠬᠤ ᠳᠠᠭᠠᠨ  ᠡᠨᠡᠬᠦ ᠬᠦᠭᠦᠷᠭᠡ ᠪᠠᠷ   ᠦᠩᠭᠡᠷᠡᠬᠦ   ᠳᠡᠭᠡᠨ  ᠬᠦᠭᠦᠷᠭᠡ ᠶᠢᠨ  ᠬᠦᠭᠵᠢᠯ ᠪᠠᠳᠠᠷᠠᠯ   ᠢ ᠶᠠᠷᠢᠬᠤ ᠶᠢᠨ  ᠬᠠᠮᠳᠦ  ᠲᠤᠮᠤᠭ ᠪᠠ  ᠦᠨᠡᠨ ᠢ  ᠶᠠᠷᠢᠵᠦ ᠪᠠᠶᠢᠭᠰᠠᠨ᠃   ᠲᠡᠭᠦᠨ ᠤ ᠶᠠᠷᠢᠬᠤ ᠪᠠᠷ  ︽ᠭᠤᠤᠯ ᠤᠨ   ᠬᠡᠪᠡᠯᠢ ᠶᠢ ᠰᠢᠯᠵᠢᠭᠦᠯᠦᠭᠰᠡᠨ ᠨᠢ ᠦᠨᠡᠨ  ᠂  ᠨᠤᠮ  ᠤᠩᠰᠢᠭᠤᠯᠵᠦ   ᠯᠠᠮᠠ  ᠵᠠᠯᠭᠰᠠᠨ ᠨᠢ ᠪᠠᠰᠠᠴᠦ ᠦᠨᠡᠨ᠂   ᠭᠡᠳᠡᠯ᠎ᠡ  ᠤᠷᠢᠳᠠ ᠪᠠᠷ  ᠬᠦᠮᠦᠨ ᠤ ᠭᠦᠴᠦ ᠪᠠᠷ   ᠭᠤᠤᠯ ᠤᠨ  ᠬᠡᠪᠡᠯᠢ  ᠮᠠᠯᠳᠠᠴᠢᠬᠠᠭᠠᠳ  ᠂ ᠲᠠᠷᠠᠭ᠎ᠠ ᠨᠢ ᠭᠤᠤᠯ ᠤᠨ  ᠰᠠᠬᠢᠭᠤᠰᠦ  ᠬᠢᠯᠢᠩᠨᠡᠬᠦ ᠠᠴᠠ  ᠪᠤᠯᠭᠤᠮᠵᠢᠯᠠᠨ  ᠯᠠᠮᠠ ᠵᠠᠯᠠᠵᠦ ᠨᠤᠮ  ᠤᠩᠰᠢᠭᠤᠯᠵᠦ ᠠᠪᠤᠷᠠᠯ   ᠭᠤᠶᠤᠭᠰᠠᠨ   ᠪᠠᠶᠢᠬᠤ ᠶᠤᠰᠤᠳᠠᠢ  ︾  ᠭᠡᠵᠦ ᠲᠠᠶᠢᠯᠪᠤᠷᠢᠯᠭᠰᠠᠨ  ᠃  ᠪᠠᠰᠠ ᠭᠤᠤᠯ ᠤᠨ  ᠬᠠᠭᠤᠴᠢᠨ ᠬᠡᠪᠡᠯᠢ ᠨᠢ ᠨᠢ  ᠲᠠᠪᠢᠭᠠᠳ  ᠤᠨ  ᠪᠤᠯᠳᠠᠯ᠎ᠠ  ᠦᠯᠡᠳᠡᠵᠦ  ᠪᠠᠶᠢᠭᠰᠠᠨ ᠭᠡᠵᠦ ᠬᠠᠭᠤᠴᠢᠯᠠᠭᠰᠠᠨ᠃  ᠡᠨᠡᠬᠦ ᠲᠤᠮᠤᠭ   ᠨᠢ  ᠪᠠᠰᠠ  ᠪᠠᠭᠠᠷᠢᠨ ᠪᠠᠷᠠᠭᠤᠨ ᠬᠤᠰᠢᠭᠤᠨ ᠤ   ᠤᠶᠢᠯᠠᠯᠭ᠎ᠠ   ᠳᠤ ᠲᠡᠮᠳᠡᠭᠡᠯᠡᠭᠰᠡᠨ   ︽ ᠭᠦᠩᠵᠦ ᠶᠢᠨ  ᠬᠦᠭᠦᠷᠭᠡ  ᠬᠠᠷᠠᠬᠨ  ᠪᠠᠶᠢᠭᠰᠠᠭᠠᠷ  ᠂ ᠭᠦᠩᠵᠦ ᠶᠢᠨ  ᠬᠠᠶᠢᠷ᠎ᠠ   ᠮᠦᠩᠬᠡᠷᠡᠭᠰᠡᠭᠡᠷ  ︾ ᠭᠡᠰᠡᠨ  ᠲᠤᠮᠤᠭ   ᠲᠠᠢ   ᠶᠡᠭᠡ ᠲᠦᠯᠦᠪ  ᠵᠤᠬᠢᠴᠠᠯᠳᠤᠵᠤ ᠪᠤᠢ  ᠃  ︵︽ᠪᠠᠭᠠᠷᠢᠨ ᠪᠠᠷᠠᠭᠤᠨ   ᠤ ᠤᠶᠢᠯᠠᠯᠠᠭ᠎ᠠ  ︾ ᠶᠢᠨ  ᠬᠢᠳᠠᠳ ᠬᠡᠪᠯᠡᠯ   ᠤᠨ ᠦᠷᠭᠦᠯᠵᠢᠯᠡᠯᠡᠯ  999 ᠨᠢᠭᠤᠷ  ︶ ᠲᠠᠢ  ᠵᠤᠬᠢᠴᠠᠯᠳᠦᠵᠦ  ᠪᠤᠢ  ᠃     ᠲᠤᠮᠤᠭ   ᠲᠤ ᠭᠠᠷᠳᠠᠭ  ᠶᠠᠨ ᠤᠪᠤᠭᠳᠦ  ᠴᠢᠯᠠᠭᠤᠨ ᠲᠠᠷᠬᠠᠨ ᠪᠤᠯᠪᠠᠯ ᠮᠠᠨ ᠤ ᠭᠡᠷ  ᠤᠨ  ᠲᠡᠭᠡᠳᠦᠰ  ᠮᠦᠨ  ᠪᠢᠯᠡ  ᠃  ᠮᠠᠨ   ᠤ ᠬᠢᠨᠢ  ᠰᠢᠷᠠᠮᠦᠷᠦᠨ ᠤ ᠬᠦᠭᠦᠷᠭᠡ ᠪᠠᠷ  ᠭᠠᠷᠬᠤ ᠪᠦᠷᠢ  ᠲᠡᠷᠭᠡᠨ  ᠠᠴᠠ  ᠪᠠᠭᠤᠵᠦ  ᠮᠦᠷᠭᠦᠬᠦ ᠪᠠ  ᠵᠢᠯ  ᠪᠦᠷᠢ ᠶᠢᠨ  ᠲᠦᠷᠪᠡᠨ ᠴᠠᠭ ᠤᠨ  ᠲᠠᠬᠢᠯᠭ᠎ᠠ  ︵ ᠪᠢᠳᠡᠭᠦᠨ  ᠂   ᠬᠠᠩᠰᠢ  ᠂   ᠪᠢᠯᠢᠭ ᠤᠨ  ᠤᠯᠠᠷᠢᠯ   ᠤᠨ ᠲᠤᠯᠤᠭᠠᠨ ᠰᠠᠷ᠎ᠠ ᠶᠢᠨ  ᠠᠷᠪᠠᠨ ᠲᠠᠪᠤᠨ  ᠂   ᠠᠷᠪᠠᠨ ᠰᠠᠷ᠎ᠠ ᠶᠢᠨ  ᠨᠢᠭᠡᠨ︶   ᠳᠤ  ᠲᠤᠰ ᠬᠦᠭᠦᠷᠭᠡ   ᠶᠢᠨ  ᠵᠦᠭ  ᠬᠠᠨᠳᠦᠵᠦ  ᠲᠠᠬᠢᠯ  ᠡᠷᠭᠦᠵᠦ ᠮᠦᠷᠭᠦᠳᠡᠭ  ᠵᠠᠩᠰᠢᠯ   ᠲᠠᠢ  ᠪᠠᠶᠢᠭᠰᠠᠨ᠃  ᠬᠤᠵᠢᠮ   ᠨᠢ ᠬᠡᠳᠦᠨ ᠰᠢᠯᠳᠠᠭᠠᠨ ᠠᠴᠠ  ᠪᠤᠯᠵᠦ  ᠲᠤᠰ  ᠵᠠᠩᠰᠢᠯ   ᠢᠶᠠᠨ ᠤᠷᠬᠢᠵᠠᠢ᠃   ᠨᠢᠭᠡ ᠳ᠋ᠥ‌ᠢ 1963 ᠤᠨ   ᠳᠤ  ᠲᠤᠰ  ᠬᠦᠭᠦᠷᠭᠡ   ᠨᠢ ᠨᠤᠷᠠᠭᠠᠭᠰᠠᠨ  ᠄  ᠬᠤᠶᠠᠷ ᠲᠤ   ᠰᠤᠶᠤᠯ   ᠤᠨ  ᠬᠤᠪᠢᠰᠬᠠᠯ   ᠳᠤ  ᠲᠤᠬᠢᠶᠠᠯᠳᠤᠭᠰᠠᠨ  ᠄   ᠭᠤᠷᠪᠠ ᠳᠤ   ᠬᠦᠭᠦᠷᠭᠡ ᠪᠠᠷ ᠦᠩᠭᠡᠷᠡᠬᠦ ᠳᠡᠭᠡᠨ  ᠮᠠᠰᠢᠨ ᠲᠡᠷᠭᠡᠨ ᠳᠤ  ᠰᠠᠭᠤᠬᠤ  ᠪᠤᠯᠤᠭᠰᠠᠨ   ᠠᠴᠠ ᠡᠳᠡᠭᠡᠷ  ᠵᠠᠩᠰᠢᠯ   ᠢᠶᠠᠨ ᠤᠷᠬᠢᠵᠠᠢ᠃  ᠮᠤᠩᠭᠤᠯ  ᠭᠠᠵᠠᠷ ᠤᠳᠠᠭᠠᠨ ᠰᠠᠭᠤᠬᠤ ᠳᠠᠭᠠᠨ  ᠬᠢᠳᠠᠳ ᠤᠪᠤᠭ ᠢᠶᠠᠨ   ᠬᠡᠷᠬᠢᠨ ᠪᠢᠴᠢᠬᠦ ᠪᠠᠨ ᠮᠡᠳᠡᠬᠦ ᠦᠭᠡᠢ᠂  ᠭᠠᠭᠴᠠᠬᠦ   ᠮᠠᠩᠬᠠᠨ ᠲᠡᠭᠡᠷ᠎ᠡ (  嚴) ᠭᠡᠵᠦ   ᠪᠢᠴᠢᠵᠦ  ᠤᠯᠠᠮᠠᠮᠵᠢᠯᠠᠵᠤ   ᠢᠷᠡᠭᠰᠡᠨ   ᠢ   ᠪᠠᠳᠤᠯᠠᠬᠤ ᠶᠢᠨ  ᠲᠦᠯᠦᠭᠡ    ᠠᠪᠦ  ᠮᠢᠨᠢ  ᠲᠤᠮᠳᠠᠳᠦ ᠤᠯᠤᠰ ᠤᠨ  ᠨᠡᠶᠢᠭᠡᠮ ᠰᠢᠨᠵᠢᠡᠯᠬᠦ ᠤᠬᠠᠭᠠᠨ ᠤ  ᠬᠦᠷᠢᠶᠠᠯᠡᠩ ᠳᠤ  ᠠᠵᠢᠯᠯᠠᠭ᠎ᠠ ᠦᠶᠡᠯᠢᠳ ᠠᠬ᠎ᠠ ᠦ᠊  ᠰᠡᠴᠡᠨᠮᠦᠩᠭᠡ ᠳᠤ ᠨᠠᠶᠢᠳᠠᠵᠦ  ᠤᠭ  ᠡᠪᠭᠡᠮᠡᠯ   ᠢ   ᠨᠢ  ᠬᠠᠶᠢᠭᠤᠯᠭᠤᠰᠠᠨ ᠳᠤ  ︽ᠬᠠᠷ᠎ᠠ ᠴᠢᠯᠠᠭᠤᠨ   ᠲᠡᠭᠡᠷ᠎ᠡ ︵嚴  ︶ ᠭᠡᠵᠦ ᠪᠢᠴᠢᠵᠦ ᠪᠠᠶᠢᠯ᠎ᠠ  ︾ᠭᠡᠵᠦ  ᠬᠠᠷᠢᠭᠤ  ᠦᠭᠭᠦᠭᠰᠡᠨ  ᠃    ᠢᠩᠭᠢᠭᠡᠳ  ᠦᠪᠡᠷ ᠤᠨ  ᠤᠪᠤᠭ ᠢᠶᠠᠨ  ᠬᠢᠳᠠᠳ   ᠢᠶᠠᠷ ᠬᠡᠷᠬᠢᠨ  ᠪᠢᠴᠢᠬᠦ   ᠪᠠᠨ  ᠨᠤᠳᠠᠯᠠᠭᠰᠠᠨ ᠤ ᠬᠠᠮᠳᠦ  ᠭᠦᠩᠵᠦ ᠶᠢᠨ  ᠲᠠᠭᠠᠯᠳᠠ ᠨᠠᠷ   ᠲᠤ  ︽ᠶᠠᠨ  ︾  ᠤᠪᠤᠭᠳᠠᠨ  ᠯᠠᠪᠳᠠᠢ  ᠪᠠᠶᠢᠬᠤ  ᠭᠡᠰᠡᠨ   ᠢ   ᠭᠡᠷᠡᠴᠢᠯᠠᠡᠨ  ᠭᠡᠷ ᠤᠨ  ᠤᠯᠠᠮᠵᠢᠯᠠᠯ  ᠶᠠᠷᠢᠶ᠎ᠠ   ᠶᠢᠨ  ᠲᠡᠦᠬᠡᠨ   ᠢᠮ ᠲᠠᠮᠠᠭ᠎ᠠ   ᠲᠠᠢ  ᠪᠠᠶᠢᠬᠤ   ᠶᠢ   ᠪᠠᠳᠤᠯᠠᠵᠠᠢ᠃   ︽ᠰᠢᠷᠠᠮᠦᠷᠦᠨ ᠭᠤᠤᠯ  ︾ ᠢ  ᠨᠢᠭᠡ ᠪᠦᠯᠦᠭ  ᠮᠤᠩᠭᠤᠯ ᠮᠠᠲ᠋ᠡᠷᠢᠶᠠᠯ ᠳᠤ   ︽ᠰᠢᠷ᠎ᠠ ᠤᠰᠤᠨ  ᠭᠤᠤᠯ︾ ᠭᠡᠵᠦ  ᠲᠡᠮᠳᠡᠭᠡᠯᠡᠭᠰᠡᠨ ᠨᠢ   ᠬᠢᠳᠡᠳ  ᠮᠠᠲ᠋ᠡᠷᠢᠶᠠᠯ ᠤᠨ   ︽湟水》《湟水桥》 ᠭᠡᠰᠡᠨ ᠦᠭᠡᠨ ᠳᠤ ᠪᠠᠷᠢᠭᠳᠠᠭᠰᠠᠨ ᠲᠦᠯᠦᠪᠳᠠᠢ  ᠃   ᠬᠢᠳᠠᠳ ᠬᠡᠯᠡᠨ ᠤ 《水》 ᠭᠡᠰᠡᠨ  ᠦᠭᠡ   ᠶᠢ ︽ ᠤᠷᠴᠢᠨ ᠴᠠᠭ ᠤᠨ  ᠬᠢᠳᠠᠳ ᠬᠡᠯᠡᠨ ᠤ  ᠦᠭᠡᠰ   ᠤᠨ  ᠲᠤᠯᠢ︾   ᠳᠤ  ᠤᠯᠠᠨ   ᠤᠳᠬ᠎ᠠ   ᠪᠠᠷ ᠲᠠᠶᠢᠯᠪᠤᠷᠢᠯᠠᠵᠦ  ᠂ ᠲᠡᠭᠦᠨ ᠤ  ᠭᠤᠷᠪᠠᠳᠤᠭᠠᠷ   ᠲᠤ  ︽ᠮᠦᠷᠡᠨ  ᠂  ᠭᠤᠤᠯ  ᠂  ᠨᠠᠭᠤᠷ᠂   ᠲᠠᠩᠬᠢᠰ  ᠂   ᠲᠠᠯᠠᠢ ᠶᠢ  ᠵᠢᠭᠠᠨ᠎ᠠ  ᠭᠡᠵᠦ ᠲᠠᠶᠢᠯᠪᠦᠷᠢᠯᠠᠵᠠᠢ  ︾    ᠬᠢᠳᠠᠳ ᠰᠤᠷᠪᠤᠯᠵᠢ ᠪᠢᠴᠢᠭ ᠲᠤ  ᠴᠠᠭᠠᠨ ᠮᠦᠷᠡᠨ   ᠢ  ᠴᠦ《黑水 》 ᠭᠡᠵᠦ ᠲᠡᠮᠳᠡᠭᠡᠯᠡᠭᠰᠡᠨ ᠪᠠᠶᠢᠳᠠᠭ  ᠃ ᠢᠨᠵᠠᠨᠠᠰᠢ ᠶᠢᠨ  ︽  ᠬᠦᠭᠡ ᠰᠤᠳᠤᠷ  ︾ 1363 ᠨᠢᠭᠤᠷ ᠤᠨ  ᠲᠦᠴᠢᠨ ᠲᠠᠪᠤᠳᠤᠭᠠᠷ ᠪᠦᠯᠦᠭ  ︽ᠪᠤᠭᠳᠠ ᠴᠢᠩᠭᠢᠰ  ᠭᠡᠨᠡᠳᠳᠡ  ᠬᠢᠯᠢᠩᠯᠡᠨ  ᠵᠢᠷᠠᠨ ᠵᠠᠩᠵᠣᠨ ᠢ  ᠠᠪᠴᠦ  ᠰᠢᠷ᠎ᠠ ᠮᠦᠷᠡᠨ   ᠳᠤᠷ  ᠲᠤᠯᠪᠠᠢ  ︾  ᠂  ᠦᠪᠦᠷ ᠮᠤᠩᠭᠤᠯ ᠤᠨ  ᠠᠷᠠᠳ   ᠤᠨ  ᠬᠡᠪᠯᠡᠯ   ᠤᠨ  ᠬᠤᠷᠢᠶ᠎ᠠ  ︶ ᠲᠤ    ︽ᠰᠢᠷᠠᠮᠦᠷᠦᠨ  ︾  ᠭᠡᠵᠦ  ᠲᠡᠮᠳᠡᠭᠡᠯᠡᠭᠰᠡᠨ ᠪᠠᠶᠢᠳᠠᠭ    ᠃   ᠪᠢ  ᠢᠨᠵᠠᠨᠠᠰᠢ ᠶᠢᠨ  ︽ᠬᠦᠭᠡ   ᠰᠤᠳᠤᠷ︾   ᠢ  ᠦᠨᠳᠦᠰᠦᠯᠡᠵᠦ   ᠰᠢᠭᠤᠳ  ︽ ᠰᠢᠷᠠᠮᠦᠷᠦᠨ  ︾ ᠭᠡᠵᠦ ᠲᠠᠮᠳᠡᠭᠡᠯᠡᠯ᠎ᠡ  ᠃     ᠬᠦᠮᠦᠨ  ᠲᠦᠷᠦᠯᠬᠢᠳᠡᠨ ᠲᠡᠦᠬᠡᠨ   ᠶᠢᠨ  ᠬᠦᠷᠳᠦ   ᠶᠢᠨ  ᠠᠤᠭ᠎ᠠ ᠬᠦᠴᠦᠨ     ᠢ  ᠲᠠᠭᠠᠯᠳᠦᠨ  ᠬᠢᠳᠠᠳ  ︵ ᠮᠤᠩᠭᠤᠯ  ᠂  ᠮᠠᠨᠵᠦ︶   ᠠᠴᠠ   ᠪᠠᠨ  ᠪᠤᠰᠤᠳ   ᠦᠨᠳᠦᠰᠦᠳᠡᠨ  ᠪᠤᠯᠵᠦ  ᠠᠭᠤᠰᠴᠦ  ᠂ ᠲᠠᠬᠢᠵᠦ  ᠬᠢᠳᠠᠳ  ᠬᠡᠯᠡᠳᠡᠨ  ᠪᠤᠯᠵᠦ  ᠤᠯᠠᠷᠢᠨ ᠬᠤᠪᠢᠷᠠᠬᠤ   ᠶᠢ  ᠬᠤᠷᠢᠭᠯᠠᠨ ᠡᠰᠡ ᠴᠢᠳᠠᠪᠠᠴᠦ  ᠦᠪᠦᠷ  ᠮᠤᠩᠭᠤᠯ   ᠤᠨ   ᠮᠢᠨᠢ  ᠠᠭᠤᠯᠠ   ᠤᠰᠤ   ᠶᠢᠨ  ᠨᠡᠷ᠎ᠡ   ᠨᠢ  ᠮᠤᠩᠭᠤᠯ   ᠢᠶᠠᠷ   ᠢᠶᠠᠨ  ᠪᠠᠶᠢᠭ  ᠃ ᠭᠤᠤᠯ ᠠᠰᠢᠭᠯᠠᠰᠠᠨ ᠮᠠᠲ᠋ᠧᠷᠢᠶᠠᠯ ᠡᠦ  ᠶᠦᠩ  ᠱᠠᠨ ᠤ  ︽ ᠰᠢᠷᠠᠮᠦᠷᠦᠨ ᠤ ᠬᠦᠭᠦᠷᠭᠡ ᠶᠢᠨ  ᠬᠡᠳᠦᠨᠳᠡ ᠰᠢᠯᠵᠢᠭᠰᠡᠨ  ᠭᠤᠤᠯ  ᠲᠤᠶᠢᠮᠦ  ︾  ᠲᠠᠭᠠᠯᠳᠤᠭᠤᠯᠤᠨ  ᠠᠰᠢᠭᠯᠠᠭᠰᠠᠨ  ᠮᠠᠲ᠋ᠡᠷᠢᠶᠠᠯ   ︽ᠪᠠᠭᠠᠷᠢᠨ  ᠪᠠᠷᠠᠭᠤᠨ  ᠬᠤᠰᠢᠭᠤᠨ ᠤ  ᠤᠶᠢᠯᠠᠯᠠᠭ᠎ᠠ  ︾ ᠮᠦᠩᠬᠡ ᠶᠢᠨ  ︽ᠪᠠᠭᠠᠷᠢᠨ ᠬᠦᠭᠦᠷᠭᠡ ᠶᠢᠨ  ᠡᠷᠳᠡ ᠡᠳᠦᠭᠡ  ︾ ᠭᠠ᠊ ᠰᠢᠷᠠᠪᠵᠠᠮᠰᠦ ᠶᠢᠨ  ︽ᠪᠠᠭᠠᠷᠢᠨ ᠬᠦᠭᠦᠷᠭᠡ  ︾ ᠲ᠊ ᠪᠤᠶᠠᠨᠴᠤᠭᠯᠠ   ᠶᠢᠨ  ︽ ᠪᠠᠭᠠᠷᠢᠨ ᠬᠦᠭᠦᠷᠭᠡ ᠶᠢᠨ  ᠲᠤᠬᠠᠢ ᠲᠤᠮᠤᠭ  ︵ᠡᠭᠡ ᠨᠤᠤᠷᠠᠭ︶︾
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号