ᠶᠠᠭᠠᠬᠢᠭᠠᠳ  ᠶᠠᠭᠠᠬᠢᠳᠠᠭ  ᠶᠤᠮ ᠭᠡᠵᠤ  ᠶᠠᠪᠤᠭᠰᠠᠭᠠᠷ  ᠪᠠᠶᠢᠵᠤ  ᠶᠠᠭᠠᠬᠢᠪᠠ  ᠳ᠋ᠠ
ᠨᠡᠶᠢᠲᠡᠯᠡᠭᠰᠡᠨ ᠴᠠᠭ᠄
2020-07-28
         ᠷᠢ᠊᠂  ᠰᠡᠴᠡᠨᠳᠤ           ︽ ᠶᠠᠭᠠᠭᠢᠭᠠᠳ  ᠶᠠᠭᠠᠬᠢᠳᠠᠭ  ᠶᠤᠮ  ︾  ᠭᠡᠰᠡᠨ  ᠡᠨᠡ  ᠬᠠᠶᠢᠩᠭᠤ  ᠦᠭᠡ   ᠶᠢ  ᠴᠢᠨᠢ  ᠨᠢᠭᠡ  ᠵᠢᠩᠳᠠᠭᠠᠨ  ᠳᠠᠭᠠᠨ  ᠪᠤᠯ  ᠲᠠᠷᠤᠭ᠎ᠠ  ᠲᠤᠰᠢᠶᠡᠯ   ᠲᠠᠢ  ᠡᠷᠬᠡ  ᠵᠡᠷᠭᠡᠳᠡᠨ  ᠶᠤᠮ  ᠤᠤ  ᠶᠡᠭᠡ  ᠭᠠᠷ  ᠤᠨ  ᠰᠠᠶᠢᠨ  ᠡᠷᠡᠴᠤᠳᠯ  ᠯᠡ  ᠵᠤᠷᠢᠭᠳᠠᠢ ᠬᠡᠯᠡᠵᠤ  ᠭᠠᠷᠭᠠᠳᠠᠭ  ᠪᠠᠶᠢᠬ᠎ᠠ  ᠃   ᠠᠯᠢ  ᠡᠰᠡᠬᠦᠯ᠎ᠡ   ᠬᠤᠩᠬᠤᠷ  ᠠᠴᠠ  ᠪᠠᠨ  ᠭᠠᠷᠴᠤ  ᠬᠤᠷᠸ᠎ᠠ   ᠶᠢ  ᠲᠠᠨᠢᠭ᠎ᠠ  ᠦᠭᠡᠢ  ᠂  ᠬᠤᠷᠢ  ᠭᠤᠴᠢ ᠬᠦᠷᠤᠭᠡᠳ  ᠰᠠᠶ᠋ᠢ  ᠨᠢᠭᠡ  ᠪᠢᠴᠢᠭ  ᠤᠨ  ᠪᠡᠯᠡᠢ  ᠠᠴᠠ  ᠵᠢᠭᠠᠬᠠᠨ  ᠲᠠᠶᠢᠯᠦᠭᠳᠡᠭᠰᠡᠨ  ᠲᠡᠳᠤᠢ  ᠤᠬᠠᠭᠠᠨ   ᠲᠠᠢ  ᠴᠤ  ᠭᠡᠷ  ᠪᠦᠯᠢ  ᠶᠢᠨ ᠰᠤᠷᠭᠠᠯ  ᠰᠤᠷᠳᠠᠯ  ᠂ ᠮᠤᠷᠠᠯ  ᠬᠦᠮᠤᠵᠢᠯ ᠬᠦᠷᠳᠡᠭᠰᠡᠨ  ᠢᠶᠠᠷ  ᠲᠤᠯᠢᠮᠬᠠᠨ  ᠂  ᠠᠶᠢᠪᠤᠷᠭᠠᠨ   ᠪᠦᠳᠦᠭᠦᠯᠢᠭ  ᠰᠦᠷᠵᠢᠨ  ᠵᠠᠩ  ᠢᠶᠠᠷ   ᠶᠠᠭᠤ  ᠯᠡ  ᠪᠦᠬᠦᠨ  ᠳᠤ   ᠦᠪᠡᠷ  ᠢ ᠪᠠᠨ  ᠦᠮᠤᠭᠡᠷᠴᠤ  ᠦᠰᠦᠭᠰᠡᠨ  ᠨᠢᠭᠡᠨ   ᠤ  ᠠᠮᠠᠨ  ᠦᠵᠤᠬᠦᠷ  ᠠᠪᠤᠨ   ᠲᠠᠯᠪᠢᠨ ᠶᠠᠷᠢᠳᠠᠭ  ᠂  ᠠᠷᠬᠠᠭ  ᠰᠤᠷᠢᠮᠠᠭᠠᠢ  ᠬᠡᠯᠡᠴᠠ   ᠪᠤᠶᠤ  ᠃              ᠮᠠᠨᠤᠰ  ᠢ  ᠠᠷᠪᠠᠨ  ᠲᠦᠷᠪᠡ ᠲᠠᠪᠤ   ᠲᠠᠢ  ᠲᠤᠮᠳᠠᠳᠤ  ᠰᠤᠷᠭᠠᠭᠤᠯᠢ  ᠳᠤ  ᠰᠤᠷᠴᠤ  ᠪᠠᠶᠢᠭᠰᠠᠨ  ᠨᠠᠶᠠᠭᠠᠳ  ᠤᠨ   ᠤ  ᠦᠶ᠎ᠡ  ᠭᠡᠳᠡᠭ  ᠴᠢᠨᠢ  ᠬᠤᠳᠠ  ᠵᠡᠭᠡᠯᠢ  ᠶᠢᠨ  ᠵᠠᠯᠠᠭᠤᠴᠤᠳ  ᠬᠤᠭᠤᠷᠤᠨᠳᠤ  ᠪᠠᠨ  ᠵᠠᠭᠠᠬᠠᠨ  ᠡᠪ  ᠦᠭᠡᠢ  ᠠᠭᠤᠯᠵᠠᠬᠤ   ᠶᠤᠮ  ᠪᠤᠯ  ᠰᠠᠶᠢᠨ  ᠡᠷ᠎ᠡ  ᠪᠠᠨ  ᠰᠢᠯᠭᠠᠵᠤ  ᠬᠡᠨ  ᠠᠯᠢᠨ  ᠢᠶᠠᠨ  ᠪᠢᠰᠢᠷᠡᠬᠦ  ᠦᠭᠡᠢ ᠬᠡᠳᠤᠬᠦᠯᠡ ᠪᠠᠨ  ᠶᠡᠬᠡᠯ᠎ᠡ  ᠵᠤᠳᠤᠯᠳᠤᠳᠠᠭ  ᠴᠠᠭ  ᠪᠠᠶᠢᠯ᠎ᠠ  ᠳ᠋ᠠ  ᠃   ᠴᠡᠷᠢᠭ  ᠤᠨ  ᠨᠤᠭᠤᠭᠠᠨ  ᠮᠠᠯᠠᠭᠠᠢ  ᠤᠨ  ᠤᠷᠤᠢ   ᠭᠤᠵᠤᠶᠢᠯᠭᠠᠨ  ᠲᠠᠯᠪᠢᠵᠤ  ᠂   ᠰᠢᠷᠬᠤᠨᠠᠭ   ᠨᠢ  ᠭᠠᠵᠠᠷ  ᠱᠢᠬᠦᠷᠳᠡᠭᠰᠡᠨ  ᠬᠠᠯᠪᠠᠭᠠᠨᠠᠭᠤᠷ  ᠦᠮᠤᠳᠤ   ᠲᠠᠢ  ᠂  ᠬᠠᠷ᠎ᠠ  ᠰᠢᠯ   ᠲᠠᠢ  ᠬᠠᠪ  ᠦᠭᠡᠢ  ᠡᠳᠡᠭᠡᠳ  ᠬᠠᠵᠠᠭᠤ  ᠪᠠᠷ  ᠴᠢᠨᠢ ᠱᠦᠷᠬᠦᠨ  ᠭᠠᠷᠳᠠᠭ  ᠃  ᠲᠡᠭᠡᠬᠦ  ᠳᠤ  ᠯᠡ  ᠮᠠᠨ   ᠤ  ᠬᠦᠳᠡᠭᠡ  ᠶᠢᠨ  ᠨᠡᠯᠢᠶᠡᠳ  ᠵᠦᠭᠡᠷ  ᠰᠢᠭ ᠵᠢᠭᠤᠷᠠᠵᠤ  ᠨᠤᠴᠤᠯᠳᠤᠨ᠂  ᠪᠠᠷᠢᠯᠳᠤᠴᠢᠬᠠᠮᠠᠷ  ᠵᠠᠯᠠᠭᠤᠤᠳ   ᠨᠢ  ᠡᠶᠢᠨ  ᠬᠦ  ᠲᠦᠷᠰᠤ   ᠦᠭᠡᠶᠢᠳᠡᠭᠰᠡᠨ  ᠵᠤᠯᠢᠭ   ᠢ  ᠴᠢᠨᠢ  ᠦᠵᠡᠨ  ᠶᠠᠳᠠᠨ  ︽ ᠢᠱᠢ  ᠡᠳᠡᠨᠤᠰ  ᠴᠢᠨᠢ  ᠬᠤᠭᠤᠰᠤᠨ  ᠰᠦᠷ  ᠬᠤᠪᠴᠠᠰᠤᠨ  ᠲᠤᠳᠤᠷᠠᠬᠢ  ᠯᠠᠷᠵᠠ ᠪᠢᠵᠠ  ︖  ︾  ᠂  ︽ ᠶᠠᠭᠠᠬᠢᠭᠠᠳ  ᠶᠠᠭᠠᠬᠢᠳᠠᠭ  ᠶᠤᠮ  ︾  ᠭᠡᠵᠤ  ᠬᠠᠨᠴᠤᠢ  ᠰᠢᠮᠠᠯᠠᠭᠠᠳ  ᠲᠡᠯᠪᠢᠵᠤ  ᠤᠷᠤᠳᠠᠭ  ᠃            ᠭᠡᠳᠡᠯ᠎ᠡ  ᠲᠡᠳᠡᠨᠤᠰ  ᠴᠢᠨᠢ  ᠬᠤᠪᠴᠠᠰᠤᠨ  ᠲᠤᠳᠤᠷᠠᠬᠢ  ᠬᠤᠭᠤᠰᠤᠨ  ᠯᠠᠷᠵᠢᠶ᠎ᠡ  ᠭᠡᠳᠡᠭ  ᠪᠤᠯᠪᠠᠴᠤ  ᠬᠤᠤᠷ   ᠨᠢ  ᠴᠠᠭᠠᠨ᠎ᠠ  ᠪᠠᠨ  ᠬᠢᠮᠤᠰᠤ  ᠪᠠᠨ  ᠨᠢᠭᠤᠭᠰᠠᠨ  ᠮᠤᠤᠷ   ᠨᠤᠭᠤᠳ  ᠪᠠᠶᠢᠳᠠᠭ  ᠪᠤᠯᠬᠤᠷ  ᠶᠠᠭ  ᠲᠤᠯᠤᠯᠴᠠᠭᠠᠨ  ᠲᠡᠭᠡᠷ᠎ᠡ  ᠪᠠᠨ   ᠬᠦᠷᠤᠭᠡᠳ   ᠢᠷᠡᠪᠡᠯ  ᠴᠢᠳᠠᠯ  ᠢᠶᠠᠷ ᠪᠠᠨ  ᠪᠢᠰᠢ  ᠴᠢᠨᠵᠢᠯ  ᠪᠢᠰᠢ  ᠪᠤᠯ  ᠪᠤᠤᠳᠤᠤ  ᠂  ᠪᠤᠭᠴᠤᠯᠠᠭᠰᠠᠨ  ᠬᠡᠳᠤᠨ  ᠲᠤᠭᠤᠰᠬ᠎ᠠ  ᠂  ᠲᠤᠭᠤᠢ  ᠲᠡᠷᠭᠡᠨ   ᠤ  ᠲᠠᠰᠤᠷᠬᠠᠢ  ᠭᠢᠨᠵᠡ  ᠪᠠᠷ  ᠲᠤᠬᠤ  ᠲᠤᠯᠤᠭᠠᠢ  ᠤᠷᠤᠭᠤ  ᠴᠢᠨᠢ  ᠬᠠᠶᠢᠷ᠎ᠠ  ᠨᠠᠶᠢᠷ  ᠪᠠᠭᠤᠯᠭᠠᠵᠤ  ᠂  ᠴᠦᠯᠢᠰ  ᠤᠷᠤᠭᠰᠠᠨ  ᠬᠦᠳᠡᠭᠡ  ᠶᠢᠨ  ᠬᠡᠳᠤ   ᠶᠢ  ᠮᠠᠨᠢ  ᠬᠦᠭᠡᠷᠤᠬᠡᠢ  ᠠᠳᠡᠵᠤ   ᠭᠡᠮᠳᠤᠵᠤ   ᠰᠢᠷᠬᠠᠳᠠᠭᠤᠯᠳᠠᠭ   ᠪᠠᠶᠢᠯ᠎ᠠ  ᠃   ᠡᠨᠡ  ᠦᠶ᠎ᠡ  ᠳᠤ  ᠶᠡᠭᠡ   ᠶᠢ  ᠦᠵᠡᠵᠤ  ᠢᠯᠡᠭᠡ  ᠡᠯᠡᠭᠡᠭᠰᠡᠨ  ᠮᠠᠨ   ᠤ  ᠠᠶᠢᠯ  ᠰᠠᠭᠠᠬᠠᠯᠳᠠ  ᠶᠢᠨ  ᠠᠬᠠᠮᠠᠳ  ᠨᠠᠷ ︽ᠴᠢᠳᠠᠯ  ᠢᠶᠠᠷ  ᠦᠵᠡᠭᠰᠡᠨ  ᠪᠤᠯ  ᠶᠠᠭᠠᠬᠢᠬᠤ  ᠪᠤᠢ   ᠲᠠ ᠨᠠᠷ  ᠲᠡᠶᠢᠯᠤᠨ᠎ᠠ  ᠂  ᠴᠢᠨᠵᠢᠯ  ᠂  ᠪᠤᠤᠳᠤᠤ  ᠂  ᠬᠢᠳᠤᠭ᠎ᠠ  ᠰᠢᠪᠡᠭᠡ  ᠪᠠᠷᠢᠭᠰᠠᠨ  ᠤᠯᠤᠰ   ᠲᠠᠢ ᠴᠢᠨᠢ   ᠤᠯᠠᠭᠠᠨ  ᠨᠢᠳᠤᠷᠭ᠎ᠠ  ᠪᠠᠷ  ᠢᠶᠠᠨ  ᠠᠭᠤᠯᠵᠠᠭᠰᠠᠨ  ᠪᠤᠯᠬᠤᠷ   ︽  ᠶᠠᠭᠠᠬᠢᠭᠠᠳ  ᠶᠠᠭᠠᠬᠢᠳᠠᠭ  ᠶᠤᠮ  ︾  ᠠᠳᠡᠬᠦ  ᠯᠡ  ᠬᠡᠷᠡᠭ  ᠂  ᠡᠮᠴᠢ  ᠶᠢᠨ  ᠬᠤᠷᠢᠶᠠᠨ    ᠳᠤ ᠲᠦᠷᠭᠡᠨ  ᠤᠴᠢ  ᠳ᠋ᠠ   ᠭᠡᠳ  ᠵᠢᠮᠡᠯᠡᠳᠡᠭ  ᠪᠠᠶᠢᠪᠠ  ᠃   ᠲᠡᠷᠡ   ᠬᠤᠷᠤᠮ  ᠳᠤ   ᠬᠡᠤᠭᠡᠳ ᠤᠳ ᠪᠢᠳᠡ ᠴᠤ  ᠪᠠᠰᠠ ᠡᠨᠡᠬᠦ   ︽ ᠶᠠᠭᠠᠬᠢᠭᠠᠳ  ᠶᠠᠭᠠᠬᠢᠳᠠᠭ  ᠶᠤᠮ  ︾  ᠭᠡᠰᠡᠨ   ᠰᠠᠨᠠᠭ᠎ᠠ  ᠵᠤᠷᠢᠯᠭ᠎ᠠ   ᠲᠠᠢ   ᠦᠭᠡ   ᠶᠢ ᠴᠢᠨᠢ  ᠤᠬᠠᠭᠠᠨ  ᠪᠤᠳᠤᠯᠭ᠎ᠠ  ᠦᠭᠡᠢ  ᠬᠡᠳᠤ   ᠴᠢᠯᠢᠰᠳᠡᠬᠦᠤ  ᠬᠡᠷᠡᠭᠯᠡᠬᠦ  ᠶᠤᠮ  ᠪᠤᠯ   ᠬᠤᠶᠢᠨ᠎ᠠ   ᠨᠢ  ᠬᠤᠤᠷ  ᠠᠮᠰᠠᠬᠤ  ᠶᠤᠮ  ᠪᠠᠶᠢᠨ᠎ᠠ ᠭᠡᠵᠤ  ᠠᠶᠤᠮᠰᠢᠭᠳᠠᠢ  ᠮᠡᠳᠡᠷᠡᠭᠰᠡᠨ  ᠃  ᠤᠳᠬ᠎ᠠ  ᠶᠢᠨ  ᠬᠤᠪᠢ  ᠳᠤ  ᠪᠤᠯ  ︽ ᠶᠠᠭᠠᠬᠢᠭᠠᠳ  ᠶᠠᠭᠠᠬᠢᠳᠠᠭ  ᠶᠤᠮ  ︾  ᠭᠡᠰᠡᠨ  ᠦᠭᠡ   ᠨᠢ  ᠴᠠᠭᠠᠨ᠎ᠠ  ᠪᠠᠨ  ᠲᠠᠯᠳᠠ  ᠶᠢᠨ  ᠬᠦᠴᠤᠨ  ᠴᠢᠳᠠᠯ   ᠤᠨ ᠨᠦᠬᠦᠴᠠ   ᠲᠠᠢ   ᠡᠳᠡᠭᠡᠳ  ᠪᠤᠶᠤ  ᠲᠠᠪᠠᠭᠤᠯᠢᠭ  ᠰᠠᠶᠢᠨ  ᠲᠠᠯ᠎ᠠ  ᠤᠷᠤᠰᠢᠵᠤ  ᠂  ᠴᠤᠬᠤᠶᠢᠵᠤ  ᠪᠠᠶᠢᠬᠤ   ᠶᠢᠨ  ᠵᠢᠩᠬᠢᠨᠢ  ᠭᠡᠷᠡᠴᠢ  ᠯᠡ   ᠭᠡᠵᠤ  ᠤᠶᠢᠯᠭᠠᠵᠤ  ᠪᠤᠯᠤᠨ᠎ᠠ  ᠃   ᠲᠦᠷᠦᠯᠬᠢ  ᠤᠬᠠᠭᠠᠨ  ᠵᠤᠷᠢᠭ  ᠢᠶᠠᠷ  ᠪᠠᠨ ᠪᠤᠰᠤᠳ  ᠠᠴᠠ  ᠠᠬᠠᠳᠠᠮ᠎ᠠ  ᠪᠤᠶᠤ   ᠲᠦᠷᠢᠮᠡᠬᠡᠢ  ᠬᠦᠴᠤ  ᠴᠢᠳᠠᠯ   ᠲᠠᠢ  ᠪᠤᠯᠭᠠᠭᠰᠠᠨ  ᠶᠠᠮᠠᠷ  ᠨᠢᠭᠡᠨ ᠭᠠᠳᠠᠭᠠᠳᠤ  ᠰᠢᠯᠳᠠᠭᠠᠨ  ᠂   ᠬᠠᠤᠯᠢ   ᠴᠠᠭᠠᠵᠠ  ᠶᠢᠨ  ᠪᠠᠶᠢᠭᠤᠯᠭ᠎ᠠ  ᠤᠨ   ᠲᠠᠷᠤᠮᠳᠠᠯ ᠦᠭᠡᠢ   ᠬᠦᠮᠤᠨ   ᠤ  ᠡᠭᠰᠡᠭᠡᠷ  ᠵᠠᠩ   ᠲᠠᠢ  ᠠᠭᠰᠤᠮ   ᠨᠡᠶᠢᠯᠡᠭᠰᠡᠨ   ᠬᠡᠯᠡᠯᠭᠡ  ᠃  ᠡᠷᠬᠡ  ᠵᠡᠷᠭᠡ  ᠂  ᠦᠮᠦᠭ  ᠲᠦᠰᠢᠭ   ᠲᠠᠢ  ᠨᠢᠭᠡᠨ  ᠳᠤ  ᠪᠤᠯ  ᠲᠡᠷᠡ  ᠤᠯᠠᠨ  ᠪᠠᠶᠢᠭᠤᠯᠭ᠎ᠠ   ᠨᠢᠭᠡᠴᠠ  ᠶᠢᠨ  ᠬᠠᠶᠠᠭ᠎ᠠ  ᠬᠠᠨᠠᠨ  ᠲᠡᠭᠡᠬᠦᠷ  ᠬᠦᠨᠦᠭᠴᠢᠯᠡᠭᠰᠡᠨ  ᠲᠦᠷᠢᠮᠵᠢᠯᠡᠯ  ᠂  ᠰᠠᠬᠢᠯᠭ᠎ᠠ  ᠂  ᠡᠷᠡᠰ  ᠰᠢᠭᠤᠷᠬᠠᠢ  ᠪᠠᠷᠢᠮᠳᠠᠯᠠᠯ  ᠶᠠᠭᠤ  ᠪᠠᠶᠢᠬᠤ  ᠶᠤᠮ  ᠪᠤᠢ  ᠃   ᠴᠤᠬᠤᠮ  ᠶᠤᠰᠤᠳᠠᠢ  ︽ ᠶᠠᠭᠠᠬᠢᠭᠠᠳ  ᠶᠠᠭᠠᠬᠢᠳᠠᠭ  ᠶᠤᠮ  ︾  ᠪᠤᠢ  ᠭᠡᠵᠤ  ᠦᠵᠡᠭᠰᠡᠨ  ᠴᠤ  ᠦᠵᠡᠭᠰᠡᠨ  ᠦᠭᠡᠢ  ᠶᠤᠮᠰᠢᠭ  ᠂ ᠤᠯᠠᠨ  ᠲᠦᠮᠡᠨ   ᠤ  ᠰᠢᠬᠦᠮᠵᠢᠯᠡᠯ  ᠂  ᠭᠤᠮᠤᠳᠠᠯ  ᠭᠠᠷᠭᠠᠯᠳᠠ  ᠶᠠᠭᠤ   ᠪᠠᠶᠢᠭᠰᠠᠨ  ᠴᠤ  ᠡᠰᠡ  ᠤᠶᠢᠰᠢᠶᠠᠨ  ᠂  ᠬᠤᠷᠢᠭᠯᠠᠯᠳᠠ  ᠪᠠᠶᠢᠭᠰᠠᠨ  ᠴᠤ  ᠬᠠᠷᠰᠢ  ᠦᠭᠡᠢ  ᠂  ᠬᠤᠪᠢ  ᠶᠢᠨ  ᠪᠤᠳᠤᠭᠰᠠᠨ  ᠰᠠᠨᠠᠭᠰᠠᠨ  ᠢᠶᠠᠨ ᠬᠦᠢᠴᠡᠭᠡᠵᠤ  ᠂ ᠤᠷᠤᠭᠰᠢ   ᠠᠬᠢᠨ ᠲᠡᠮᠡᠤᠬᠦᠯᠬᠦ  ᠪᠠᠷᠢᠳᠠᠯ  ᠪᠠᠮᠪᠠᠢ   ᠨᠢ  ᠪᠤᠯᠵᠠᠢ  ᠃  ᠶᠡᠷᠡᠭᠡᠳ  ᠤᠨ   ᠤ  ᠦᠭᠡᠷᠡᠴᠢᠯᠡᠯᠳᠡ  ᠨᠡᠭᠡᠭᠡᠯᠳᠡ  ᠠᠴᠠ  ᠲᠠᠷᠠᠭ᠎ᠠ  ᠡᠨᠡ  ᠦᠭᠡ  ᠡᠯᠳᠡᠪ  ᠵᠢᠵᠢᠭ  ᠠᠵᠤ   ᠠᠬᠤᠶᠢᠯᠠᠳᠠᠨ   ᠤ  ᠵᠠᠬ᠎ᠠ   ᠵᠡᠭᠡᠯᠢ  ᠳᠤ  ᠲᠦᠷᠢᠨ ᠤᠷᠤᠬᠤ  ᠠᠩᠬᠠᠨ   ᠤ  ᠰᠡᠳᠬᠢᠯ  ᠤᠨ   ᠴᠤᠴᠢᠭ᠎ᠠ  ᠪᠠᠨ   ᠭᠠᠷᠭᠠᠬᠤ  ᠲᠠᠷᠨᠢ  ᠦᠭᠡ ᠪᠠᠶᠢᠯ᠎ᠠ  ᠃   ᠲᠡᠭᠡᠭᠡᠳ  ᠯᠡ  ᠤᠯᠠᠩᠬᠢ  ᠤᠯᠤᠰ  ᠴᠢᠨᠢ   ᠶᠠᠭᠤ   ᠲᠠᠢ  ᠶᠠᠪᠤᠯ᠎ᠠ  ᠪᠢᠳᠡ  ᠴᠢᠨᠢ  ︽ ᠶᠠᠭᠠᠬᠢᠭᠠᠳ  ᠶᠠᠭᠠᠬᠢᠳᠠᠭ  ᠶᠤᠮ  ︾  ᠭᠡᠵᠤ  ᠦᠬᠡᠷ ᠤᠨ  ᠵᠢᠷᠤᠬᠡ   ᠲᠠᠢ  ᠪᠤᠯᠤᠭᠰᠠᠨ᠂   ᠵᠠᠬ᠎ᠠ  ᠵᠠᠭᠡᠯᠢ  ᠶᠢᠨ  ᠬᠢᠮᠤᠷᠠᠯᠳᠤᠭᠠᠨ  ᠳᠤ  ᠬᠤᠳᠬᠤᠯᠳᠤᠨ  ᠬᠦᠯ  ᠤᠯᠠ  ᠪᠠᠨ  ᠤᠯᠬᠤ  ᠭᠡᠵᠤ  ᠦᠨᠳᠤᠷ  ᠬᠦᠤ   ᠲᠠᠢ  ᠵᠢᠭᠡᠯᠡᠯᠬᠡ  ᠂  ᠰᠠᠨᠠᠭ᠎ᠠ  ᠵᠤᠪᠠᠯ  ᠦᠭᠡᠢ  ᠠᠪᠤᠨ  ᠂ ᠬᠤᠭᠤᠯᠠᠨ  ᠭᠡᠷ  ᠂  ᠬᠤᠨᠤᠭ  ᠤᠨ  ᠪᠠᠭᠤᠳᠠᠯ  ᠂  ᠤᠶᠤᠳᠠᠯ  ᠤᠨ  ᠭᠠᠵᠠᠷ  ᠂  ᠴᠢᠴᠢᠬᠦᠷ  ᠪᠦᠮᠪᠤᠭᠡᠨ   ᠲᠡᠯᠡᠪᠡᠢ  ᠂  ᠲᠤᠭᠯᠠᠭᠠᠮ  ᠤᠨ   ᠦᠷᠦᠭᠡ᠂  ᠵᠢᠭᠤᠴᠢᠯᠡᠯ  ᠤᠨ  ᠤᠶᠢᠯᠠᠰ  ᠡᠷᠬᠢᠯᠡᠬᠦ ᠳᠤ  ᠴᠢᠨᠢ  ᠴᠦᠮ  ᠡᠨᠡ  ᠦᠭᠡ  ᠮᠤᠤᠳ᠋  ᠰᠤᠷᠳᠠᠯᠴᠢᠯᠭ᠎ᠠ  ᠪᠤᠯᠵᠠᠢ  ᠃  ᠬᠦᠭᠡᠭᠡᠴᠡᠯᠳᠤᠵᠤ  ᠪᠠᠶᠢᠭ᠎ᠠ  ᠤᠶᠢᠯᠠ  ᠬᠡᠷᠡᠭ  ᠂  ᠬᠦᠮᠤᠨ  ᠠᠴᠠ  ᠢᠯᠡᠬᠦᠤ  ᠤᠪᠵᠢᠩ  ᠰᠠᠮᠪᠠᠭ᠎ᠠ   ᠲᠠᠢ  ᠪᠠᠶᠠᠵᠢᠨ  ᠬᠦᠷᠤᠩᠭᠡᠵᠢᠬᠦ  ᠶᠢᠨ  ᠬᠢᠨᠢ  ᠠᠨᠢᠰᠤ  ᠲᠦᠯᠬᠢᠬᠦᠷ   ᠨᠢ ᠴᠤ   ᠪᠤᠯᠵᠤ  ᠬᠠᠩᠬᠢᠨᠠᠯᠳᠤᠨ᠎ᠠ  ᠃        ᠶᠠᠪᠤᠳᠠᠯ  ᠪᠦᠬᠦᠨ  ᠳᠤ  ᠶᠠᠷᠰᠢᠭ  ᠲᠦᠪᠡᠭ  ᠦᠭᠡᠢ  ︽ ᠶᠠᠭᠠᠬᠢᠭᠠᠳ  ᠶᠠᠭᠠᠬᠢᠳᠠᠭ  ᠶᠤᠮ  ︾  ᠭᠡᠵᠤ  ᠤᠷᠤᠳᠠᠭ  ᠪᠤᠯᠤᠯ᠎ᠠ  ᠃  ᠰᠠᠨᠠᠭᠰᠠᠨ  ᠰᠠᠨᠠᠭ᠎ᠠ  ᠂  ᠰᠠᠵᠢᠯᠠᠭᠰᠠᠨ  ᠮᠦᠷᠤᠭᠡᠳᠤᠯ   ᠢᠶᠠᠨ  ᠪᠡᠶᠡᠯᠡᠬᠦᠯᠬᠦ ᠪᠠᠷ   ᠠᠪᠳᠠᠭ  ᠦᠭᠡᠢ  ᠶᠠᠭᠤᠮ᠎ᠠ   ᠶᠢ  ᠠᠪᠴᠤ  ᠂  ᠤᠯᠳᠠᠳᠠᠭ  ᠦᠭᠡᠢ  ᠵᠤᠶᠢᠯ  ᠢ  ᠤᠯᠬᠤ  ᠭᠡᠵᠤ  ᠦᠨᠤ  ᠭᠡᠪᠡᠯ  ᠮᠠᠷᠭᠠᠰᠢ  ᠦᠭᠡᠢ  ᠦᠭᠶᠤᠬᠡ  ᠤᠯᠵᠠᠨ   ᠤ  ᠲᠦᠯᠤᠬᠡ  ᠡᠴᠢᠭᠡ  ᠲᠡᠭᠡᠳᠤᠰ  ᠤᠨ  ᠬᠠᠳᠠᠭᠤ  ᠵᠢᠷᠤᠮ  ᠰᠠᠬᠢᠶ᠎ᠡ   ᠶᠢ  ᠴᠤ   ᠦᠩᠬᠡ  ᠲᠠᠷᠠᠰᠤᠨ   ᠤ  ᠬᠦᠴᠤᠨ  ᠳᠤ  ᠰᠤᠭᠳᠤᠭᠤᠷᠠᠨ   ᠮᠠᠷᠳᠡᠨ  ᠠᠭᠤᠷᠴᠤ  ᠂  ᠬᠠᠨᠳᠤᠭᠰᠠᠨ  ᠵᠦᠭ  ᠲᠡᠭᠡᠨ  ᠬᠠᠷᠠᠭᠳᠠᠭᠰᠠᠨ  ᠪᠦᠬᠦᠨ  ᠢ   ᠮᠢᠨᠤᠬᠢ  ᠭᠡᠵᠤ  ᠤᠷᠤᠬᠤ  ᠬᠤᠮᠤᠬᠠᠢ  ᠰᠠᠨᠠᠭᠠᠨ   ᠤ  ᠬᠢᠨᠢ  ᠬᠠᠶ᠋ᠢᠭ  ᠫᠠᠶᠢᠰᠠ   ᠨᠢ  ᠪᠤᠯᠪᠠ  ᠃  ᠡᠨᠡ  ᠦᠭᠡᠨ  ᠳᠤ  ᠠᠤᠭ᠎ᠠ  ᠶᠡᠭᠡ  ᠵᠤᠷᠢᠭ  ᠰᠠᠨᠠᠭᠠᠨ   ᠤ  ᠬᠦᠴᠤᠨ  ᠴᠢᠳᠠᠯ   ᠷᠢᠳᠡᠢ ᠰᠢᠳᠡᠢ   ᠲᠠᠢ  ᠤᠷᠤᠰᠢᠵᠤ  ᠪᠠᠶᠢᠳᠠᠭ᠃  ᠪᠠᠰᠠ  ᠡᠬᠦᠰᠭᠡᠭᠰᠡᠨ  ᠤᠶᠢᠯᠠ  ᠬᠡᠷᠡᠭ  ᠲᠡᠭᠡᠨ  ᠡᠰᠡ ᠡᠵᠡᠨ  ᠰᠠᠭᠤᠵᠤ  ᠴᠢᠳᠠᠬᠤ  ᠦᠭᠡᠢ  ᠪᠤᠯ  ᠦᠭᠡᠶᠢᠷᠡᠨ  ᠤᠷᠤᠭᠤᠳᠠᠬᠤ  ᠂  ᠲᠤᠶᠢᠯᠳᠡᠯ  ᠂  ᠮᠤᠬᠤᠷᠳᠠᠯ  ᠨᠢᠭᠤᠷᠯᠠᠵᠤ  ᠪᠠᠶᠢᠳᠠᠭ  ᠃  ᠰᠠᠶᠢᠨ  ᠰᠠᠶᠢᠬᠠᠨ  ᠳᠤ  ᠰᠠᠵᠢᠯᠠᠭᠤᠯᠵᠤ  ᠬᠦᠷᠭᠡᠪᠡᠴᠤ  ᠰᠠᠭᠠᠷ  ᠮᠠᠭᠤ   ᠳᠤ ᠪᠠᠰᠠ  ᠪᠤᠶᠢᠯᠠᠭᠤᠯᠤᠨ  ᠰᠤᠷᠭᠠᠳᠠᠭ  ᠃  ︽ ᠶᠠᠭᠠᠬᠢᠭᠠᠳ  ᠶᠠᠭᠠᠬᠢᠳᠠᠭ  ᠶᠤᠮ  ︾  ᠭᠡᠵᠤ  ᠬᠠᠶᠠᠭ᠎ᠠ  ᠵᠡᠷᠭᠡᠴᠡᠨ   ᠰᠠᠭᠤᠭ᠎ᠠ  ᠰᠠᠭᠠᠬᠠᠯᠳᠠ  ᠶᠢᠨ  ᠢᠶᠠᠨ  ᠨᠢᠭᠡ  ᠬᠤᠨᠢ   ᠶᠢ  ᠪᠡᠯᠴᠢᠭᠡᠷ  ᠲᠤ  ᠦᠵᠤᠬᠦᠷ   ᠡᠯᠬᠦᠯᠤᠭᠡᠳ  ᠠᠪᠬᠤ  ᠳᠤ  ᠰᠠᠭᠠᠬᠠᠯᠳᠠ   ᠶᠢᠨ ᠬᠢᠨ  ᠨᠢᠭᠡ  ᠤᠳᠠᠭ᠎ᠠ  ᠮᠡᠳᠡᠪᠡᠴᠤ  ᠮᠡᠳᠡᠬᠦ  ᠦᠭᠡᠢ  ᠶᠤᠮᠰᠢᠭ  ᠤᠯᠠᠭᠠᠨ  ᠨᠢᠭᠤᠷ ᠨᠢᠭᠤᠷ  ᠢᠶᠠᠨ  ᠪᠤᠳᠤᠨ   ᠨᠠᠶᠢᠷ  ᠬᠠᠶᠠᠨ  ᠦᠩᠭᠡᠷᠡᠬᠦᠯᠴᠢᠬᠦ   ᠳᠤ  ᠲᠡᠷᠡ   ᠡᠳᠡᠭᠡᠳ   ᠨᠢ  ᠤᠯᠠᠮ  ᠵᠤᠷᠢᠭ  ᠰᠦᠰᠤ   ᠲᠠᠢ  ᠪᠤᠯᠵᠤ  ᠴᠤᠬᠤᠮ   ᠴᠠᠨᠠᠭᠰᠢᠯᠠᠵᠤ  ᠦᠭᠬᠦᠨ᠎ᠡ   ᠳ᠋ᠠ  ᠃  ᠨᠢᠭᠡ  ᠠᠪᠴᠤ   ᠱᠦᠯᠤ  ᠤᠤᠭᠤᠵᠤ  ᠪᠠᠶᠢᠭᠰᠠᠨ  ᠪᠤᠯ  ᠲᠠᠪᠤ  ᠠᠷᠪᠠ  ᠪᠠᠷ   ᠨᠢ ᠲᠠᠰᠤᠳᠠᠨ  ᠬᠦᠭᠡᠭᠡᠵᠤ  ᠂  ᠬᠡᠭᠡᠷ᠎ᠡ  ᠭᠠᠳᠠᠨ᠎ᠠ   ᠶᠢᠨ  ᠮᠠᠶᠢᠮᠠᠶᠢᠴᠢᠨ   ᠲᠠᠢ  ᠰᠦᠯᠪᠡᠭᠡᠯᠡᠨ  ᠵᠠᠷᠤᠵᠤ  ᠂ ᠮᠦᠩᠬᠦ  ᠲᠦᠬᠦᠷᠢᠭ   ᠲᠠᠢ   ᠪᠤᠯᠬᠤ  ᠵᠡᠷᠭᠡ  ᠬᠤᠯᠠᠭᠠᠢ  ᠶᠢᠨ  ᠵᠠᠮ  ᠳᠤ  ᠪᠡᠶ᠎ᠡ  ᠪᠠᠨ  ᠲᠠᠳᠠᠵᠤ  ᠴᠢᠳᠠᠯ ᠦᠭᠡᠢ  ᠭᠤᠳᠤᠷᠠᠨ  ᠤᠷᠤᠵᠤ  ᠪᠤᠶᠢᠯᠠᠨ᠎ᠠ  ᠃  ᠲᠦᠷᠤ  ᠶᠢᠨ  ᠰᠠᠶᠢᠳ᠂  ᠲᠠᠷᠤᠭ᠎ᠠ  ᠨᠤᠶᠠᠨ  ᠂  ᠵᠡᠷᠭᠡ  ᠲᠤᠰᠢᠶᠠᠯᠳᠠᠨ  ᠂  ᠺᠤᠮᠫᠠᠨᠢ  ᠶᠢᠨ  ᠡᠵᠡᠨᠳᠡᠨ  ᠪᠠᠶᠢᠭᠰᠠᠨ  ᠴᠤ  ᠮᠦᠨ  ᠠᠳᠠᠯᠢᠬᠠᠨ  ᠂  ᠵᠡᠭᠡᠯᠢ  ᠳᠤ  ᠨᠢᠭᠡ  ᠨᠢᠭᠤᠷ  ᠤᠨ  ᠬᠤᠳᠠᠯᠳᠤᠭᠠᠨ   ᠤ  ᠠᠰᠠᠷ  ᠰᠠᠭᠤᠴᠠ ᠠᠪᠴᠤ  ᠪᠠᠶᠢᠭᠰᠠᠨ  ᠪᠤᠯ  ᠰᠡᠬᠦᠯᠳᠡᠵᠤ  ᠢᠷᠡᠭᠡᠳ  ᠡᠷᠬᠡ  ᠲᠤᠰᠢᠶᠡᠯ  ᠂  ᠡᠳ᠋  ᠮᠦᠩᠬᠦ  ᠪᠠᠷ  ᠬᠠᠤᠯᠢ  ᠶᠤᠰᠤᠨ   ᠤ  ᠪᠠᠶᠢᠭᠤᠯᠭ᠎ᠠ  ᠨᠢᠭᠡᠴᠠ   ᠶᠢ   ᠬᠠᠭ᠋ᠤᠤᠯᠢᠳᠡᠨ  ᠂ ᠬᠤᠳᠠ  ᠰᠠᠭᠤᠷᠢᠨ  ᠢ  ᠴᠢᠨᠢ  ᠵᠡᠭᠡᠯᠢ  ᠵᠡᠭᠡᠯᠢ  ᠪᠠᠷ   ᠨᠢ  ᠬᠤᠳᠠᠯᠳᠤᠨ  ᠠᠪᠤᠭᠠᠳ  ᠵᠤᠭᠰᠤᠬᠤ  ᠦᠭᠡᠢ  ᠠᠭᠤᠯᠠ  ᠠᠭᠤᠷᠬᠠᠢ  ᠂  ᠭᠠᠵᠠᠷ  ᠲᠠᠷᠢᠶᠠᠯᠠᠩ  ᠂  ᠮᠠᠯᠵᠢᠯ  ᠤᠨ  ᠲᠤᠮᠤ  ᠲᠠᠯᠠᠪᠠᠢ  ᠶᠢᠨ  ᠡᠵᠨᠳᠠᠨ  ᠴᠤ  ᠪᠤᠯᠵᠤ  ᠤᠷᠤᠯᠭ᠎ᠠ  ᠮᠦᠩᠬᠦ   ᠨᠢ  ᠤᠷᠢ  ᠬᠠᠪᠤᠷ  ᠤᠨ  ᠴᠠᠰᠤᠨ  ᠪᠦᠮᠪᠦᠭᠡ  ᠰᠢᠭ᠋  ᠦᠩᠬᠡᠷᠡᠬᠦᠯᠬᠦ  ᠲᠤᠳᠤᠮ  ᠲᠤᠮᠤᠷᠠᠵᠤ  ᠂  ᠦᠪᠡᠷ  ᠢᠶᠠᠨ  ᠴᠤ  ᠪᠠᠷᠤᠭᠴᠠᠯᠠᠮᠠᠷ  ᠦᠭᠡᠢ  ᠦᠰᠬᠦ  ᠮᠦᠩᠬᠦ  ᠲᠦᠭᠦᠷᠢᠭ  ᠂  ᠪᠠᠩᠬᠢ  ᠶᠢᠨ  ᠬᠠᠳᠠᠭᠠᠯᠠᠮᠵᠢ  ᠂ ᠵᠠᠬ᠎ᠠ  ᠵᠡᠭᠡᠯᠢ  ᠶᠢᠨ  ᠬᠦᠢᠯᠡᠭᠡ  ᠦᠰᠭᠡᠭᠰᠡᠨ  ᠭᠡᠵᠤ  ᠪᠠᠰᠠ  ᠨᠢᠭᠡ  ᠦᠶ᠎ᠡ  ᠨᠡᠶᠢᠭᠡᠮ  ᠨᠡᠶᠢᠳᠡ  ᠳᠤ  ᠠᠯᠳᠠᠷ  ᠴᠤᠤ   ᠨᠢ   ᠱᠤᠤᠭᠢᠨ ᠮᠠᠨᠳᠤᠵᠤ  ᠶᠠᠪᠤᠭᠰᠠᠭᠠᠷ  ᠨᠢᠭᠡ   ᠮᠡᠳᠡᠬᠦ  ᠳᠤ  ︽ ᠶᠠᠭᠠᠬᠢᠭᠠᠳ  ᠶᠠᠭᠠᠬᠢᠪᠠ  ︾  ᠬᠡᠬᠦ  ᠳᠤ  ᠶᠠᠯ᠎ᠠ   ᠬᠦᠯᠢᠶᠡᠨ  ᠱᠦᠷᠦᠩ  ᠤᠨ  ᠮᠤᠬᠤᠷ ᠰᠠᠬᠢᠭᠰᠠᠨ  ᠂ ᠶᠠᠩᠵᠤ  ᠶᠢᠨ  ᠲᠤᠮᠤᠭ᠎ᠠ   ᠲᠠᠢ  ᠬᠦᠮᠤᠨ  ᠪᠤᠯᠵᠤ  ᠶᠠᠭᠠᠬᠢᠬᠤ  ᠶᠢᠨ  ᠠᠷᠭ᠎ᠠ  ᠦᠭᠡᠢ  ᠬᠤᠪᠢᠷᠠᠭᠰᠠᠨ ᠪᠠᠶᠢᠳᠠᠭ  ᠃      ᠡᠶᠢᠨ  ᠬᠦ  ᠬᠦᠮᠤᠨ   ᠤ  ᠬᠤᠷᠸ᠎ᠠ   ᠶᠢ  ᠠᠯᠠᠭ  ᠦᠭᠡᠢ  ᠂  ᠠᠰᠠᠵᠤ  ᠭᠡᠷᠡᠯᠳᠦᠬᠦᠯᠦᠭᠰᠡᠨ   ᠭᠡᠭᠡᠨ  ᠴᠠᠭᠠᠨ  ᠨᠢᠭᠡᠯᠡ  ᠨᠠᠷᠠᠨ   ᠤ  ᠲᠤᠤᠷ᠎ᠠ  ᠬᠤᠶᠠᠷ  ᠠᠳᠠᠯᠢ  ᠦᠭᠡᠢ  ᠤᠷᠴᠢᠨ ᠭᠠᠵᠠᠷ   ᠪᠠᠶᠢᠨ᠎ᠠ  ᠭᠡᠳᠡᠭ  ᠢ  ᠤᠢ  ᠰᠠᠨᠠᠮᠵᠢ  ᠳᠠᠭᠠᠨ  ᠵᠢᠭᠠᠬᠠᠨ ᠴᠤ  ᠤᠬᠠᠵᠤ  ᠰᠡᠬᠡᠬᠡᠷᠡᠭᠡ  ᠦᠭᠡᠢ   ᠶᠠᠪᠤᠭᠰᠠᠨ᠂ ᠦᠢ  ᠤᠯᠠᠨ  ᠰᠠᠶᠢᠨ  ᠰᠠᠶᠢᠬᠠᠨ  ᠂ ᠬᠦᠰᠡᠯᠡᠩ  ᠬᠦᠮᠤᠵᠢᠯ   ᠲᠠᠢ   ᠡᠵᠢ  ᠠᠪᠤ  ᠶᠢᠨ  ᠴᠤᠯᠭᠢᠭᠤᠨ ᠴᠤᠪᠤᠭᠤ  ᠂ ᠡᠷᠬᠢᠮ ᠠᠯᠳᠠᠷᠠᠢ  ᠬᠦᠮᠤᠰ  ᠮᠠᠨᠢ ᠦᠷᠦᠭᠡᠰᠤᠳᠡᠬᠦ  ᠶᠢᠨ  ᠶᠡᠭᠡ  ᠪᠠᠷ   ᠦᠷᠤᠭᠡᠰᠤᠳᠠᠵᠤ  ᠲᠠᠭᠠᠮᠭᠠᠶᠢᠷᠠᠨ᠎ᠠ  ᠃    ᠡᠮᠤᠨ᠎ᠠ  ᠠᠴᠠ   ᠨᠢ  ᠵᠢᠭᠠᠬᠠᠨ  ᠪᠤᠳᠤᠯ  ᠂  ᠰᠡᠳᠬᠢᠬᠦᠰᠢᠳᠡᠢ  ᠪᠠᠶᠢᠭᠰᠠᠨ  ᠪᠤᠯ  ᠡᠪᠤᠯ  ᠤᠨ  ᠬᠦᠢᠳᠡᠨ  ᠰᠢᠭ᠋   ᠱᠦᠷᠦᠩ  ᠤᠨ  ᠬᠠᠭᠠᠯᠭ᠎ᠠ  ᠲᠠᠳᠠᠵᠤ  ᠦᠯᠵᠡᠢ  ᠦᠭᠡᠢ  ᠡᠳᠤᠷ   ᠬᠤᠨᠤᠭ  ᠢ  ᠭᠠᠰᠠᠯᠠᠵᠤ  ᠭᠠᠭᠴᠠᠭᠠᠷᠳᠠᠨ   ᠰᠠᠬᠢᠬᠤ  ᠪᠠᠷ  ᠦᠭᠡᠢ  ᠪᠠᠶᠢᠬᠤ  ᠳ᠋ᠠ  ᠃         ︽  ᠶᠠᠭᠠᠬᠢᠭᠠᠳ  ᠶᠠᠭᠠᠬᠢᠳᠠᠭ  ᠶᠤᠮ  ᠭᠡᠵᠤ  ᠶᠠᠪᠤᠭᠰᠠᠭᠠᠷ  ᠪᠠᠶᠢᠭᠠᠳ  ᠶᠠᠭᠠᠬᠢᠯ᠎ᠠ  ᠳ᠋ᠠ  ︾  ᠃  ᠶᠠᠩᠵᠤ  ᠶᠠᠩᠵᠤ  ᠶᠢᠨ  ᠵᠡᠮ  ᠮᠦᠷ  ᠲᠠᠪᠢᠯᠠᠩ  ᠰᠠᠬᠢᠭᠰᠠᠨ  ᠪᠢᠵᠠ  ᠃  ᠲᠡᠭᠡᠬᠦ  ᠳᠤ  ᠶᠡᠷᠤᠨᠢ  ᠨᠢᠭᠡ  ᠰᠠᠶᠢᠨ  ᠬᠦᠮᠤᠨ  ᠪᠤᠯᠬᠤ  ᠤᠶᠢᠯᠠᠰ  ᠬᠦᠰᠡᠯᠠᠩ   ᠤᠨ  ᠵᠠᠮ  ᠬᠠᠷᠭᠤᠢ  ᠳᠤ  ᠭᠠᠷᠬᠤ  ᠳᠤ   ᠪᠡᠯᠭᠡ   ᠢᠷᠤᠭᠡᠯ   ᠲᠠᠢ   ᠰᠠᠶᠢᠨ  ᠰᠠᠶᠢᠬᠠᠨ  ᠠᠵᠤ  ᠲᠦᠷᠦᠬᠦ  ᠂ ᠰᠦᠨ  ᠴᠠᠭᠠᠨ  ᠰᠡᠳᠬᠢᠯ  ᠤᠨ ᠲᠤᠳᠤᠭᠠᠳᠤ   ᠤᠷᠤᠰᠢᠯ  ᠪᠠᠶᠢᠬᠤ  ᠴᠢᠬᠤᠯᠠ   ᠲᠠᠢ  ᠶᠤᠮ  ᠪᠠᠶᠢᠨ᠎ᠠ ᠭᠡᠳᠡᠭ  ᠢ  ᠤᠬᠠᠭᠠᠷᠠᠬᠤ  ᠬᠡᠷᠡᠭᠳᠡᠢ  ᠃  ᠪᠢᠳᠡ  ᠡᠬᠢᠯᠡᠭᠡᠳ  ᠠᠪᠤ  ᠡᠵᠢ   ᠶᠢᠨ  ᠬᠠᠶᠢᠷ᠎ᠠ  ᠂  ᠰᠤᠷᠭᠠᠯ  ᠢ  ᠬᠦᠯᠢᠶᠡᠵᠤ  ᠂  ᠰᠤᠷᠭᠠᠭᠤᠯᠢ  ᠰᠤᠶᠤᠯ  ᠤᠨ  ᠬᠦᠮᠤᠵᠢᠯ  ᠂  ᠦᠨᠳᠤᠰᠤᠳᠠᠨ  ᠶᠠᠰᠤᠳᠠᠨ ᠢᠶᠠᠨ  ᠪᠠᠭ᠋ᠠᠷᠬᠠᠨ  ᠬᠠᠶᠢᠷᠠᠯᠠᠬᠤ  ᠨᠠᠨᠳᠢᠨ  ᠬᠦᠮᠤᠵᠢᠯ  ᠂  ᠤᠯᠤᠰ  ᠭᠡᠷ   ᠲᠡᠭᠡᠨ  ᠦᠨᠡᠨᠴᠢ  ᠰᠢᠳᠤᠷᠭᠤ  ᠰᠡᠳᠬᠢᠯ  ᠠᠴᠠ  ᠪᠠᠨ  ᠵᠢᠳᠬᠦᠨ  ᠴᠠᠷᠮᠠᠶᠢᠬᠤ  ᠬᠠᠷᠢᠭᠤᠴᠠᠯᠭ᠎ᠠ ᠮᠦᠨ  ᠠᠴᠠ  ᠮᠦᠨ  ᠭᠡᠵᠤ   ᠡᠷᠬᠢᠮ  ᠲᠡᠭᠡᠳᠤ  ᠂  ᠡᠭᠡᠯ  ᠲᠤᠤᠷᠠᠳᠤ  ᠳᠤ ᠭᠡᠰᠡᠨ  ᠦᠭᠡᠢ  ᠢᠮᠠᠭᠳᠠ  ᠶᠢᠨ  ᠪᠠᠷᠢᠮᠳᠠᠯᠠᠯ  ᠂  ᠢᠡᠯᠡᠵᠤ  ᠲᠡᠮᠡᠴᠡᠬᠦ  ᠶᠢᠨ  ᠲᠤᠭ  ᠲᠡᠮᠳᠡᠭ  ᠪᠤᠯᠭᠠᠬᠤ  ᠤᠴᠢᠷᠳᠠᠢ  ᠃   ᠪᠢᠳᠡ  ᠡᠨᠡ  ᠬᠤᠷᠸ᠎ᠠ  ᠳᠤ   ᠨᠢᠭᠡᠯᠡ  ᠵᠠᠶᠠᠭᠠᠬᠤ  ᠲᠠᠪᠢᠯᠠᠩ  ᠪᠠᠷᠢᠯᠳᠤᠯᠭ᠎ᠠ  ᠪᠠᠨ  ᠶᠠᠭᠤᠨ  ᠠᠴᠠ  ᠢᠯᠡᠬᠦᠤ  ᠡᠷᠬᠢᠮᠡᠯᠡᠨ  ᠦᠵᠡᠵᠤ  ᠂  ᠶᠠᠭᠤ  ᠪᠠᠷ  ᠴᠤ  ᠵᠤᠶᠢᠷᠯᠡᠰᠢ  ᠦᠭᠡᠢ  ᠨᠡᠶᠢᠭᠡᠮ ᠤᠨ  ᠡᠳ᠋  ᠪᠠᠶᠠᠯᠢᠭ  ᠂  ᠲᠠᠪᠠᠭᠤᠯᠢᠭ  ᠬᠦᠭᠵᠢᠯ  ᠲᠠᠪᠰᠢᠯ  ᠪᠤᠯᠭᠠᠨ  ᠡᠷᠬᠦᠬᠦ  ᠠᠴᠠ  ᠪᠢᠰᠢ  ︽ ᠶᠠᠭᠠᠬᠢᠭᠠᠳ  ᠶᠠᠭᠠᠬᠢᠳᠠᠭ  ᠶᠤᠮ  ︾  ᠭᠡᠰᠡᠨ  ᠲᠤᠷᠰᠢᠴᠠ  ᠂  ᠦᠷᠡᠭᠳᠡᠯ  ᠪᠤᠯᠭᠠᠵᠤ   ᠶᠠᠭᠠᠬᠢᠨ   ᠪᠤᠯᠤᠨ᠎ᠠ  ᠃                ᠬᠠᠶ᠋ᠢᠭ  ᠄  ᠰᠢᠯᠢ  ᠶᠢᠨ  ᠭᠤᠤᠯ  ᠠᠶᠢᠮᠠᠭ  ᠤᠨ  ᠵᠡᠬᠦᠨ  ᠦᠵᠤᠮᠤᠴᠢᠨ  ᠬᠤᠰᠢᠭᠤᠨ   ᠤ  ᠤᠳᠬ᠎ᠠ  ᠤᠷᠠᠯᠢᠭ  ᠤᠨ   ᠬᠢᠨ  ᠬᠤᠯᠪᠤᠭ᠎ᠠ                         ᠤᠳᠠᠰᠤ  ᠄ 13604796641                    
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号